ᠦᠬᠠᠢ ᠬᠤᠲᠡ ᠶᠢᠨ ᠤᠷᠭᠤᠮᠡᠯ ᠤᠨ ᠬᠦᠷᠢᠶᠡᠯᠡᠩ ᠬᠤᠲᠡ ᠶᠢᠨ ᠲᠤᠭᠤᠷᠢᠭ ᠤᠨ ᠤᠮᠠᠷᠠᠳᠤ ᠬᠡᠰᠡᠭ ᠳᠤ | ᠪᠠᠶᠢᠷᠢᠯᠠᠵᠦ᠂ ᠨᠢᠭᠡᠨ ᠦᠵᠡᠮᠤᠷᠢ ᠶᠢᠨ ᠮᠤᠳᠤ ᠪᠤᠶᠢᠵᠢᠭᠤᠯᠬᠤ᠂ ᠰᠤᠨᠢᠷᠬᠠᠬᠤ᠂ ᠵᠤᠭ᠎ᠠ ᠴᠡᠩᠬᠡᠯ ᠢ ᠨᠢᠭᠡ | ᠴᠤᠭᠴᠠᠵᠢᠭᠤᠯᠤᠭᠰᠡᠨ ᠨᠡᠬᠡᠬᠡᠯᠳᠡᠳᠤ ᠮᠠᠶ᠋ᠢᠭ ᠤᠨ ᠬᠤᠲᠡ ᠶᠢᠨ ᠴᠡᠴᠡᠷᠯᠢᠭ ᠪᠤᠯᠭᠠᠵᠠᠢ᠃ ᠦᠨᠦ ᠴᠡᠴᠡᠷᠯᠢᠭ ᠤᠨ | ᠦᠩᠭᠡ ᠦᠵᠡᠮᠵᠢ ᠲᠦᠷᠰᠦ ᠪᠠᠶᠢᠳᠠᠯ ᠨᠢ ᠠᠩᠬ᠎ᠠ ᠠᠯᠬᠤᠮ ᠲᠦᠯᠦᠪᠵᠢᠵᠦ᠂ ᠵᠢᠯ ᠳᠤ 30 ᠲᠦᠮᠡᠨ ᠬᠦᠮᠦᠨ | ᠤᠳᠠᠭ᠎ᠠ ᠵᠤᠭᠠᠴᠠᠭᠰᠡᠳ ᠢ ᠬᠦᠯᠢᠶᠡᠨ ᠠᠪᠴᠠᠢ᠃ | ᠤᠷᠭᠤᠮᠡᠯ ᠤᠨ ᠬᠦᠷᠢᠶᠡᠯᠡᠩ 2003 ᠤᠨ ᠳᠤ ᠮᠤᠳᠤ ᠰᠠᠭᠤᠯᠭᠠᠨ ᠡᠬᠢᠯᠡᠨ ᠪᠠᠶᠢᠭᠤᠯᠵᠦ᠂ 2004 ᠤᠨ ᠤ | 9 ᠰᠠᠷ᠎ᠠ ᠳᠤ ᠵᠤᠭᠠᠴᠠᠭᠰᠡᠳ ᠲᠤ ᠨᠡᠬᠡᠬᠡᠵᠦ᠂ ᠡᠵᠡᠯᠡᠬᠦ ᠲᠠᠯᠠᠪᠠᠢ ᠨᠢ 140 ᠡᠾᠧᠷᠲ᠋ᠠᠷ᠂ ᠡᠯ᠎ᠡ ᠲᠦᠷᠤᠯ ᠤᠨ ᠮᠤᠳᠤ | 30 ᠲᠦᠮᠡᠨ ᠰᠠᠭᠤᠷᠢ᠂120 ᠵᠦᠢᠯ᠃ ᠨᠢᠭᠡᠨᠲᠡ ᠪᠠᠶᠢᠭᠤᠯᠵᠦ ᠳᠠᠭᠤᠰᠤᠭᠰᠡᠨ ᠤᠰᠤᠨ ᠰᠢᠰᠲ᠋ᠧᠮ 6.5 ᠡᠾᠧᠷᠲ᠋ᠠᠷ᠂ | ᠰᠡᠯᠡᠭᠦᠴᠡᠯ ᠤᠨ ᠲᠠᠯᠠᠪᠠᠢ 5᠂ ᠬᠦᠷᠢᠶᠡᠯᠡᠩ ᠤᠨ ᠳᠤᠲᠤᠷ᠎ᠠ ᠵᠠᠮ ᠬᠠᠷᠢᠯᠴᠠᠭ᠎ᠠ ᠨᠡᠪᠲᠡᠷᠡᠨ᠂ ᠪᠦᠬᠦ ᠬᠦᠷᠢᠶᠡᠯᠡᠩ ᠤᠨ | ᠬᠠᠳᠠᠭᠤᠷᠠᠭᠤᠯᠤᠭᠰᠡᠨ ᠲᠠᠯᠠᠪᠠᠢ ᠨᠢ 3.8 ᠡᠾᠧᠷᠲ᠋ᠠᠷ᠂ ᠤᠷᠤᠬᠤ ᠡᠭᠦᠳᠡ 4 ᠪᠠᠶᠢᠨ᠎ᠠ᠂ ᠲᠤᠰ ᠲᠤᠰ ᠪᠠᠷᠠᠭᠤᠨ | ᠡᠭᠦᠳᠡ᠂ ᠡᠮᠦᠨ᠎ᠡ ᠡᠭᠦᠳᠡ᠂ ᠵᠡᠭᠦᠨ ᠡᠭᠦᠳᠡ᠂ ᠬᠤᠶᠢᠳᠤ ᠡᠭᠦᠳᠡ ᠪᠤᠯᠤᠨ᠎ᠠ᠂ ᠬᠤᠶᠢᠳᠤ ᠡᠭᠦᠳᠡ ᠶᠢ 2010 ᠤᠨ ᠳᠤ | ᠪᠠᠶᠢᠭᠤᠯᠵᠠᠢ᠃ ᠨᠢᠭᠡᠨᠲᠡ ᠪᠠᠶᠢᠭᠤᠯᠤᠭᠰᠡᠨ ᠰᠢᠶᠤᠤ ᠯᠤᠩ ᠬᠤ᠋ ᠵᠤᠭ᠎ᠠ ᠴᠡᠩᠬᠡᠯ ᠤᠨ ᠤᠷᠤᠨ᠂ ᠴᠠᠷᠴᠠᠮᠡᠯ ᠬᠦᠷᠢᠶᠡᠯᠡᠩ᠂ | ᠴᠡᠴᠡᠭ ᠨᠠᠪᠴᠢ ᠶᠢᠨ ᠤᠷᠤᠨ᠂ ᠢᠯᠠᠮ᠎ᠠ ᠶᠢᠨ ᠬᠦᠷᠢᠶᠡᠯᠡᠩ᠂ ᠬᠤᠤᠰ ᠳᠠᠭᠳᠤ ᠶᠢᠨ ᠬᠦᠷᠢᠶᠡᠯᠡᠩ᠂ ᠰᠢᠯᠮᠤᠤᠰᠤᠳᠤ ᠤᠢ | ᠶᠢᠨ ᠦᠵᠡᠮᠵᠢ ᠶᠢᠨ ᠤᠷᠤᠨ᠂ ᠦᠷᠭᠡᠨ ᠨᠠᠪᠴᠢᠳᠤ ᠤᠢ ᠶᠢᠨ ᠦᠵᠡᠮᠵᠢ ᠶᠢᠨ ᠤᠷᠤᠨ᠃ ᠦᠵᠡᠮᠵᠢ ᠶᠢ ᠲᠠᠭᠠᠨ᠂ | ᠰᠤᠨᠢᠷᠬᠠᠬᠤ ᠱᠤᠭᠤᠮ ᠳᠡᠭᠡᠷ᠎ᠡ 100 ᠮᠧᠲᠷ ᠤᠨ ᠤᠷᠳᠤ ᠬᠤᠩᠬᠢᠯ᠂ ᠳᠤᠬᠢᠶᠠᠨ ᠭᠠᠯ ᠤᠨ ᠲᠠᠪᠴᠠᠩ ︵ᠲᠡᠷᠡ ᠨᠢ | ᠡᠷᠳᠡᠨ ᠤ ᠬᠢ ᠶᠢ ᠳᠠᠭᠤᠷᠢᠶᠠᠵᠦ ᠪᠠᠶᠢᠭᠤᠯᠤᠭᠰᠡᠨ᠂ ᠮᠠᠨ ᠤ ᠬᠤᠲᠡ ᠶᠢᠨ ᠮᠢᠩ ᠤᠯᠤᠰ ᠤᠨ ᠦᠯᠡᠳᠡᠭᠳᠡᠯ ᠳᠤᠬᠢᠶᠠᠨ | ᠭᠠᠯ ᠤᠨ ᠲᠠᠪᠴᠠᠩ ᠬᠤᠲᠡ ᠶᠢᠨ ᠡᠮᠦᠨ᠎ᠡ 20 ᠺᠢᠯᠤᠮᠧᠲᠷ ᠤᠨ ᠬᠠᠳᠤᠨ ᠭᠤᠤᠯ ᠤᠨ ᠬᠦᠪᠡᠭᠡ ᠳᠤ ᠪᠠᠶᠢᠷᠢᠯᠠᠵᠦ | ᠪᠤᠢ︶᠂ ᠲᠠᠩ ᠤᠷᠤᠰᠬᠠᠯ᠂ ᠰᠡᠷᠢᠭᠦᠨ ᠲᠠᠭᠳᠤ᠂ ᠲᠠᠭᠳᠤ᠂ ᠴᠡᠴᠡᠭ ᠤᠨ ᠲᠠᠯᠪᠢᠭᠤᠷ᠂ ᠱᠤᠭᠤᠮᠡᠯ ᠬᠦᠷᠦᠭ᠂ ᠬᠦᠭᠦᠷᠭᠡᠨ | ᠵᠠᠮ᠂ ᠤᠷᠭᠢᠯᠤᠭᠠ ᠪᠤᠯᠠᠭ᠂ ᠰᠤᠨᠵᠤ ᠠᠪᠴᠢᠬᠤ ᠪᠦᠷᠬᠦᠬᠦᠯ ᠵᠡᠷᠭᠡ ᠴᠡᠴᠡᠷᠯᠢᠭ ᠤᠨ ᠰᠤᠯᠠ ᠬᠡᠷᠡᠭᠰᠡᠯ ᠲᠤᠬᠢᠷᠠᠭᠤᠯᠵᠠᠢ᠃ | ᠤᠷᠭᠤᠮᠡᠯ ᠤᠨ ᠬᠦᠷᠢᠶᠡᠯᠡᠩ ᠤᠨ ᠪᠦᠲᠦᠭᠡᠨ ᠪᠠᠶᠢᠭᠤᠯᠤᠯᠲᠡ ᠨᠢ ᠴᠢᠬᠢ ᠪᠤᠶᠢᠵᠢᠭᠤᠯᠬᠤ᠂ ᠤᠶᠢᠵᠢᠭᠤᠯᠬᠤ᠂ ᠰᠢᠨᠵᠢᠯᠡᠬᠦ | ᠤᠬᠠᠭᠠᠨ ᠤ ᠰᠤᠳᠤᠯᠤᠯ ᠪᠠ ᠠᠰᠢᠭᠯᠠᠯᠲᠡ ᠶᠢ ᠳᠡᠯᠭᠡᠷᠡᠭᠦᠯᠬᠦ ᠴᠢᠳᠠᠪᠦᠷᠢ ᠶᠢ ᠪᠡᠶᠡᠯᠡᠭᠦᠯᠦᠭᠰᠡᠨ ᠢᠶᠠᠷ ᠪᠠᠷᠠᠬᠤ ᠦᠭᠡᠢ | ᠪᠠᠰᠠ ᠨᠡᠬᠡᠬᠡᠯᠳᠠᠳᠤ ᠮᠠᠶ᠋ᠢᠭ ᠤᠨ ᠴᠡᠴᠡᠷᠯᠢᠭ ᠪᠤᠯᠤᠭᠰᠡᠨ ᠤ ᠬᠤᠪᠢ ᠳᠤ ᠵᠤᠭᠠᠴᠠᠭᠰᠡᠳ ᠲᠤ ᠰᠤᠨᠢᠷᠬᠠᠬᠤ᠂ ᠵᠤᠭ᠎ᠠ | ᠴᠡᠩᠬᠡᠯ ᠤᠨ ᠴᠢᠳᠠᠮᠵᠢ ᠶᠢ ᠲᠡᠭᠦᠯᠳᠡᠷᠵᠢᠭᠦᠯᠵᠦ᠂ ᠤᠷᠭᠤᠮᠡᠯ ᠤᠨ ᠦᠵᠡᠮᠵᠢ ᠢᠶᠠᠷ ᠭᠤᠤᠯ ᠪᠤᠯᠭᠠᠵᠦ᠂ ᠤᠯᠠᠨ ᠵᠦᠢᠯ | ᠤᠨ ᠪᠠᠶᠢᠭᠠᠯᠢ ᠶᠢᠨ ᠴᠡᠴᠡᠷᠯᠢᠭ ᠤᠨ ᠦᠵᠡᠮᠵᠢ ᠶᠢ ᠠᠭᠤᠰᠬᠠᠨ ᠤᠷᠤᠭᠤᠯᠵᠠᠢ᠃ | | |