ᠨᠡᠶᠢᠭᠡᠮ ᠤᠨ ᠪᠦᠯᠬᠦᠮ ᠤᠨ ᠳᠠᠩᠰᠠᠯᠠᠯᠲᠠ
ᠨᠡᠶᠢᠲᠡᠯᠡᠭᠰᠡᠨ ᠴᠠᠭ᠄
2018/12/20
     ᠦᠢᠯᠡᠴᠢᠯᠡᠭᠡᠨ ᠤ ᠨᠡᠷᠡᠶᠢᠳᠦᠯ᠄ ᠨᠡᠶᠢᠭᠡᠮ ᠤᠨ ᠪᠦᠯᠬᠦᠮ ᠤᠨ ᠳᠠᠩᠰᠠᠯᠠᠯᠲᠠ      ᠲᠤᠭᠲᠠᠭᠠᠬᠰᠠᠨ ᠦᠨᠳᠦᠰᠦᠯᠡᠯ᠄ ︽ᠨᠡᠶᠢᠭᠡᠮ ᠤᠨ ᠪᠦᠯᠬᠦᠮ ᠤᠨ ᠳᠠᠩᠰᠠᠯᠠᠯᠲᠠ ᠶᠢᠨ ᠬᠠᠮᠢᠶᠠᠷᠤᠯᠲᠠ ᠶᠢᠨ ᠳᠦᠷᠢᠮ︾ ︵1998 ᠣᠨ ᠤ ᠲᠦᠷᠦ ᠶᠢᠨ ᠶᠠᠪᠤᠳᠠᠯ ᠤᠨ ᠬᠤᠷᠢᠶᠠᠨ ᠤ ᠵᠠᠷᠯᠢᠭ 250 ᠳ᠋ᠣᠭᠠᠷ ᠲᠤᠭᠠᠲᠤ︶ ︽ᠦᠬᠠᠢ ᠬᠤᠲᠠ ᠶᠢᠨ ᠠᠷᠠᠳ ᠤᠨ ᠶᠠᠪᠤᠳᠠᠯ ᠤᠨ ᠲᠤᠪᠴᠢᠶᠠᠨ ᠤ ᠬᠡᠪᠯᠡᠨ ᠲᠠᠷᠬᠠᠭᠠᠬᠰᠠᠨ ︿ᠦᠬᠠᠢ ᠬᠤᠲᠠ ᠶᠢᠨ ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢᠨ ᠰᠢᠭᠤᠳ ᠳᠠᠩᠰᠠᠯᠠᠬᠤ ᠠᠷᠭ᠎ᠠ﹀ ᠶᠢᠨ ᠲᠤᠬᠠᠢ ᠮᠡᠳᠡᠭᠳᠡᠯ︾ ︵ᠦᠬᠠᠢ ᠠᠷᠠᠳ ᠤᠨ ᠶᠠᠪᠤᠳᠠᠯ ᠲᠠᠷᠬᠠᠭᠠᠬᠰᠠᠨ ﹇2014﹈ 131 ᠳ᠋ᠣᠭᠡᠷ ᠲᠤᠭᠠᠲᠤ︶᠃      ᠭᠤᠶᠤᠴᠢᠯᠠᠬᠤ ᠨᠦᠭᠦᠴᠡᠯ᠄ ᠨᠦᠭᠦᠴᠡᠯ ᠦᠭᠡᠢ      ᠭᠦᠢᠴᠡᠳᠭᠡᠬᠦ ᠮᠠᠲ᠋ᠧᠷᠢᠶᠠᠯ᠄      1.ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢᠨ ᠨᠡᠷᠡᠶᠢᠳᠦᠯ ᠢ ᠣᠷᠢᠳᠴᠢᠯᠠᠨ ᠬᠢᠨᠠᠨ  ᠵᠦᠪᠰᠢᠶᠡᠷᠡᠭᠦᠯᠬᠦ ᠭᠤᠶᠤᠴᠢᠯᠠᠯ ᠤᠨ ᠬᠦᠰᠦᠨᠦᠭᠲᠦ᠃      2.︽ᠨᠡᠶᠢᠭᠡᠮ ᠤᠨ ᠪᠦᠯᠬᠦᠮ ᠤᠨ ᠳᠦᠷᠢᠮ ᠤᠨ ᠵᠢᠱᠢᠶ᠎ᠡ ᠦᠵᠡᠭᠦᠯᠬᠦ ᠲᠤᠪᠬᠢᠮᠠᠯ︾ ᠤᠨ ᠱᠠᠭᠠᠷᠳᠠᠯᠭ᠎ᠠ ᠶᠤᠰᠤᠭᠠᠷ ᠨᠡᠶᠢᠭᠡᠮ ᠤᠨ ᠪᠦᠯᠬᠦᠮ ᠭᠤᠶᠤᠴᠢᠯᠠᠨ ᠡᠷᠬᠢᠯᠡᠬᠦ ᠳᠤ ᠨᠡᠶᠢᠴᠡᠬᠦ ᠪᠤᠳᠠᠲᠤ ᠳᠦᠷᠢᠮ ᠵᠢᠴᠢ ᠳᠦᠷᠢᠮ ᠤᠨ ᠬᠢᠨᠠᠨ ᠵᠦᠪᠰᠢᠶᠡᠷᠡᠭᠦᠯᠬᠦ ᠬᠦᠰᠦᠨᠦᠭᠲᠦ ᠶᠢ ᠵᠤᠬᠢᠶᠠᠬᠤ᠃      3.ᠬᠢᠨᠠᠯᠲᠠ ᠲᠠᠯᠪᠢᠬᠤ ᠺᠤᠮᠢᠰ ᠤᠨ ᠳᠦᠷᠢᠮ᠃      4.ᠰᠠᠭᠤᠭᠠᠯᠢ ᠠᠷᠠᠳ ᠤᠨ ᠣᠷᠣᠨ ᠰᠠᠭᠤᠴᠠ ᠶᠢᠨ ᠪᠤᠰᠤ ᠠᠵᠢᠯᠯᠠᠬᠤ ᠲᠠᠯᠠᠪᠤᠷ ᠤᠨ ᠬᠡᠷᠡᠭᠯᠡᠬᠦ ᠡᠷᠬᠡ ᠶᠢᠨ ᠭᠡᠷᠡᠴᠢ ︵ᠰᠤᠶᠤᠯ ᠲᠠᠮᠢᠷ ᠤᠨ ᠲᠠᠯ᠎ᠠ ᠶᠢᠨ ᠨᠡᠶᠢᠭᠡᠮ ᠤᠨ ᠵᠤᠬᠢᠶᠠᠨ ᠪᠠᠶᠢᠭᠤᠯᠤᠯᠲᠠ ᠨᠢ ᠬᠠᠩᠭᠠᠬᠤ ᠴᠢᠬᠤᠯᠠ ᠦᠭᠡᠢ︶      5.︽ᠨᠡᠶᠢᠭᠡᠮ‌‍ᠣᠨ ᠪᠦᠯᠬᠦᠮ‌‍ᠣᠨ ᠬᠠᠤᠯᠢ ᠶᠢᠨ ᠡᠷᠬᠡᠲᠡᠨ ᠢ ᠳᠠᠩᠰᠠᠯᠠᠭᠤᠯᠬᠤ ᠭᠤᠶᠤᠴᠢᠯᠠᠯ‌‍ᠣᠨ ᠬᠦᠰᠦᠨᠦᠭᠲᠦ︾      6.︽ᠨᠡᠶᠢᠭᠡᠮ ᠤᠨ ᠪᠦᠯᠬᠦᠮ ᠤᠨ ᠬᠠᠤᠯᠢ ᠶᠢᠨ ᠲᠦᠯᠦᠭᠡᠯᠡᠭᠴᠢ ᠶᠢ ᠳᠠᠩᠰᠠᠯᠠᠭᠤᠯᠬᠤ ᠬᠦᠰᠦᠨᠦᠭᠲᠦ︾      7.︽ᠨᠡᠶᠢᠭᠡᠮ ᠤᠨ ᠪᠦᠯᠬᠦᠮ ᠤᠨ ᠡᠭᠦᠰᠭᠡᠨ ᠪᠠᠶᠢᠭᠤᠯᠤᠬᠴᠢ ︵ᠬᠠᠷᠢᠭᠤᠴᠠᠯᠭᠠᠲᠠᠨ︶ ᠶᠢ ᠳᠠᠩᠰᠠᠨ ᠳᠤ ᠲᠡᠮᠳᠡᠭᠯᠡᠬᠦ ᠬᠦᠰᠦᠨᠦᠭᠲᠦ︾      8.︽ᠨᠡᠶᠢᠭᠡᠮ ᠤᠨ ᠪᠦᠯᠬᠦᠮ ᠤᠨ ᠳᠤᠲᠤᠷ᠎ᠠ ᠪᠠᠶᠢᠭᠤᠯᠤᠬᠰᠠᠨ ᠪᠠᠶᠢᠭᠤᠯᠤᠮᠵᠢ ᠶᠢ ᠳᠠᠩᠰᠠᠨ ᠳᠤ ᠲᠡᠮᠳᠡᠭᠯᠡᠬᠦ ᠬᠦᠰᠦᠨᠦᠭᠲᠦ︾      9.︽ᠨᠡᠶᠢᠭᠡᠮ ᠤᠨ ᠪᠦᠯᠬᠦᠮ ᠤᠨ ᠭᠡᠰᠢᠭᠦᠳ ᠤᠨ ᠨᠡᠷᠡᠰ︾᠂ ᠪᠠᠶᠢᠭᠤᠯᠭ᠎ᠠ ᠶᠢᠨ ᠭᠡᠰᠢᠭᠦᠨ ᠪᠣᠯ ᠡᠵᠡᠩᠨᠡᠯᠲᠡ  ᠶᠢᠨ ᠦᠨᠡᠮᠯᠡᠯ ᠤᠨ ᠳᠠᠷᠣᠮᠠᠯᠯᠠᠬᠰᠠᠨ ᠬᠤᠪᠢ ᠪᠠᠨ ᠬᠠᠩᠭᠠᠬᠤ ᠮᠦᠷᠲᠡᠭᠡᠨ ᠠᠯᠪᠠᠨ ᠲᠠᠮᠠᠭ᠎ᠠ ᠳᠠᠷᠣᠭᠤᠯᠤᠨ᠎ᠠ᠃      10.ᠪᠠᠶᠢᠭᠤᠯᠭ᠎ᠠ ᠶᠢᠨ ᠬᠠᠤᠯᠢ ᠶᠢᠨ ᠡᠷᠬᠡᠲᠡᠨ ᠢᠶᠠᠨ ᠭᠡᠷᠡᠴᠢᠯᠡᠬᠦ ᠭᠡᠷᠡᠴᠢ᠃      11.ᠨᠡᠶᠢᠭᠡᠮ ᠤᠨ ᠪᠦᠯᠬᠦᠮ ᠤᠨ ᠵᠤᠬᠢᠶᠠᠨ ᠪᠠᠶᠢᠭᠤᠯᠤᠯᠲᠠ ᠶᠢᠨ ᠬᠡᠷᠡᠭ ᠮᠡᠳᠡᠭᠴᠢᠳ ᠤᠨ ᠬᠤᠷᠠᠯ᠂ ᠪᠠᠶᠢᠩᠭᠤ  ᠶᠢᠨ ᠬᠡᠷᠡᠭ ᠮᠡᠳᠡᠭᠴᠢᠳ ᠤᠨ ᠬᠤᠷᠠᠯ᠂ ᠬᠢᠨᠠᠯᠲᠠ ᠲᠠᠯᠪᠢᠬᠴᠢ ᠶᠢᠨ ᠺᠤᠮᠢᠰ ᠤᠨ ᠭᠡᠰᠢᠭᠦᠨ ᠵᠢᠴᠢ ᠪᠡᠶ᠎ᠡ ᠶᠢᠨ ᠭᠠᠷᠣᠯ  ᠤᠨ ᠭᠡᠷᠡᠴᠢ ᠶᠢᠨ ᠳᠠᠩᠰᠠᠯᠠᠬᠤ ᠬᠦᠰᠦᠨᠦᠭᠲᠦ᠃      12.ᠣᠯᠣᠰ ᠤᠨ ᠠᠯᠪᠠᠨ ᠲᠤᠰᠢᠶᠠᠯᠲᠠᠨ ᠨᠡᠶᠢᠭᠡᠮ ᠤᠨ ᠪᠦᠯᠬᠦᠮ ᠤᠨ ᠲᠤᠰᠢᠶᠠᠯ ᠢ ᠬᠠᠪᠰᠤᠷᠭᠠᠨ ᠡᠭᠦᠷᠭᠡᠯᠡᠬᠦ  ᠳᠤ ︽ᠨᠠᠮ ᠵᠠᠰᠠᠭ ᠤᠨ ᠪᠠᠶᠢᠭᠤᠯᠭ᠎ᠠ ᠶᠢᠨ ᠺᠠᠳ᠋ᠷ ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢᠨ ᠲᠤᠰᠢᠶᠠᠯ ᠢ ᠬᠠᠪᠰᠤᠷᠭᠠᠨ ᠡᠭᠦᠷᠭᠡᠯᠡᠬᠦ ᠶᠢ ᠬᠢᠨᠠᠨ ᠵᠦᠪᠰᠢᠶᠡᠷᠡᠭᠦᠯᠬᠦ ᠬᠦᠰᠦᠨᠦᠭᠲᠦ︾ ᠶᠢ ᠲᠠᠬᠯᠠᠬᠤ ᠴᠢᠬᠤᠯᠠᠲᠠᠢ᠃      13.ᠬᠠᠤᠯᠢ ᠶᠤᠰᠤᠭᠠᠷ ᠬᠠᠩᠭᠠᠬᠤ ᠴᠢᠬᠤᠯᠠᠲᠠᠢ ᠪᠤᠰᠤᠳ ᠮᠠᠲ᠋ᠧᠷᠢᠶᠠᠯ᠃      ᠭᠦᠢᠴᠡᠳᠭᠡᠬᠦ ᠳᠠᠷᠠᠭᠠᠯᠠᠯ᠄      1.ᠨᠡᠶᠢᠭᠡᠮ ᠤᠨ ᠪᠦᠯᠬᠦᠮ ᠢ ᠪᠠᠶᠢᠭᠤᠯᠬᠤ ᠪᠠᠷ ᠭᠤᠶᠤᠴᠢᠯᠠᠬᠰᠠᠨ ᠭᠤᠤᠯ ᠡᠭᠦᠰᠭᠡᠭᠴᠢ ᠠᠴᠠ ︽ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢᠨ ᠨᠡᠷᠡᠶᠢᠳᠦᠯ ᠢ ᠣᠷᠢᠳᠴᠢᠯᠠᠨ ᠬᠠᠷᠭᠤᠭᠤᠯᠤᠨ ᠵᠦᠪᠰᠢᠶᠡᠷᠡᠭᠦᠯᠬᠦ ᠶᠢ ᠭᠤᠶᠤᠴᠢᠯᠠᠬᠤ ᠬᠦᠰᠦᠨᠦᠭᠲᠦ︾ ᠶᠢ ᠪᠠᠭᠤᠯᠭᠠᠬᠤ ᠮᠦᠷᠲᠡᠭᠡᠨ ᠲᠠᠬᠯᠠᠨ᠎ᠠ᠃ ᠬᠤᠲᠠ ᠶᠢᠨ ᠬᠠᠷᠢᠶᠠᠲᠤ ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢ ᠭᠤᠶᠤᠴᠢᠯᠠᠬᠰᠠᠨ ᠨᠢ ᠬᠤᠲᠠ ᠶᠢᠨ ᠠᠷᠠᠳ ᠤᠨ ᠶᠠᠪᠤᠳᠠᠯ ᠤᠨ ᠲᠤᠪᠴᠢᠶᠠᠨ ᠤ ᠠᠷᠠᠳ ᠤᠨ ᠵᠤᠬᠢᠶᠠᠨ ᠪᠠᠶᠢᠭᠤᠯᠤᠯᠲᠠ ᠶᠢᠨ ᠬᠠᠮᠢᠶᠠᠷᠤᠯᠲᠠ ᠶᠢᠨ ᠠᠯᠪᠠᠨ ᠭᠡᠷ ᠲᠤ ᠮᠡᠳᠡᠭᠦᠯᠦᠨ᠎ᠡ᠃ ᠲᠤᠭᠤᠷᠢᠭ ᠤᠨ ᠬᠠᠷᠢᠶᠠᠲᠤ ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢ ᠭᠤᠶᠤᠴᠢᠯᠠᠬᠰᠠᠨ ᠨᠢ ᠲᠤᠭᠤᠷᠢᠭ ᠤᠨ ᠠᠷᠠᠳ ᠤᠨ ᠶᠠᠪᠤᠳᠠᠯ ᠤᠨ ᠲᠤᠪᠴᠢᠶᠠᠨ   ᠳᠤ ᠮᠡᠳᠡᠭᠦᠯᠦᠨ᠎ᠡ᠃      2.ᠬᠤᠲᠠ᠂ ᠲᠤᠭᠤᠷᠢᠭ ᠬᠤᠶᠠᠷ ᠱᠠᠲᠤᠨ ᠤ ᠠᠷᠠᠳ ᠤᠨ ᠶᠠᠪᠤᠳᠠᠯ ᠤᠨ ᠲᠤᠪᠴᠢᠶᠠᠨ ᠠᠴᠠ ︽ᠨᠡᠶᠢᠭᠡᠮ ᠤᠨ ᠵᠤᠬᠢᠶᠠᠨ ᠪᠠᠶᠢᠭᠤᠯᠤᠯᠲᠠ ᠶᠢᠨ ᠨᠡᠷᠡᠶᠢᠳᠦᠯ ᠢ ᠣᠷᠢᠳᠴᠢᠯᠠᠨ ᠬᠠᠷᠭᠤᠭᠤᠯᠤᠨ ᠵᠦᠪᠰᠢᠶᠡᠷᠡᠭᠦᠯᠬᠦ ᠶᠢ ᠭᠤᠶᠤᠴᠢᠯᠠᠬᠤ ᠬᠦᠰᠦᠨᠦᠭᠲᠦ︾ ᠶᠢ ᠬᠠᠷᠭᠤᠭᠤᠯᠤᠨ ᠵᠦᠪᠰᠢᠶᠡᠷᠡᠭᠰᠡᠨ ᠤ ᠳᠠᠷᠠᠭ᠎ᠠ ᠡᠭᠦᠰᠭᠡᠨ ᠪᠠᠶᠢᠭᠤᠯᠤᠬᠴᠢ ᠠᠴᠠ ᠬᠠᠮᠢᠶ᠎ᠠ ᠪᠦᠬᠦᠢ ᠮᠠᠲ᠋ᠧᠷᠢᠶᠠᠯ ᠢᠶᠠᠨ ᠳᠡᠭᠡᠭᠰᠢ ᠮᠡᠳᠡᠭᠦᠯᠦᠨ᠎ᠡ᠃      ᠬᠦᠢᠴᠡᠳᠭᠡᠬᠦ ᠬᠤᠭᠤᠴᠠᠭ᠎ᠠ᠄ ᠬᠤᠲᠠ᠂ ᠲᠤᠭᠤᠷᠢᠭ ᠬᠤᠶᠠᠷ ᠱᠠᠲᠤᠨ ᠤ ᠠᠷᠠᠳ ᠤᠨ ᠶᠠᠪᠤᠳᠠᠯ ᠤᠨ ᠲᠤᠪᠴᠢᠶ᠎ᠠ ᠪᠦᠬᠦ ᠮᠠᠲ᠋ᠧᠷᠢᠶᠠᠯ ᠢ ᠣᠯᠣᠬᠰᠠᠨ ᠴᠠᠭ ᠠᠴᠠ ᠡᠬᠢᠯᠡᠨ 10 ᠠᠵᠢᠯᠯᠠᠬᠤ ᠡᠳᠦᠷ ᠤᠨ ᠳᠣᠲᠣᠷ᠎ᠠ᠂ ᠭᠤᠶᠤᠴᠢᠯᠠᠬᠤ ᠮᠠᠲ᠋ᠧᠷᠢᠶᠠᠯ ᠳᠤ ᠬᠢᠨᠠᠨ ᠬᠠᠷᠭᠤᠭᠤᠯᠤᠯᠲᠠ ᠬᠢᠵᠦ᠂ ᠱᠠᠭᠠᠷᠳᠠᠯᠭ᠎ᠠ ᠳᠤ ᠨᠡᠶᠢᠴᠡᠪᠡᠯ ᠦᠰᠦᠭ ᠪᠢᠴᠢᠭ  ᠤᠨ ᠬᠡᠯᠪᠡᠷᠢ ᠤ ᠴᠤᠬᠤᠯᠪᠤᠷᠢᠯᠠᠵᠦ᠂ ︽ᠨᠡᠶᠢᠭᠡᠮ ᠤᠨ ᠪᠦᠯᠬᠦᠮ ᠤᠨ ᠬᠠᠤᠯᠢ ᠶᠢᠨ ᠡᠷᠬᠡᠲᠡᠨ ᠤ ᠳᠠᠩᠰᠠᠯᠠᠯᠲᠠ ᠶᠢᠨ ᠦᠨᠡᠮᠯᠡᠯ︾ ᠳᠠᠷᠬᠠᠭᠠᠬᠤ ᠪᠦᠭᠡᠳ ᠡᠬᠢ ᠬᠤᠪᠢ ᠶᠢ ᠬᠦᠷᠭᠡᠨ᠎ᠡ᠃      ᠬᠦᠢᠴᠡᠳᠭᠡᠬᠦ ᠴᠠᠭ᠄ ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠤ ᠦᠳᠡ ᠶᠢᠨ ᠡᠮᠦᠨ᠎ᠡ ᠶᠢᠨ 8᠄30— 12᠄00᠂ ᠦᠳᠡ ᠶᠢᠨ ᠬᠤᠶᠢᠨ᠎ᠠ ᠶᠢᠨ 15᠄00— 18᠄00      ᠰᠦᠢᠳᠭᠡᠯ ᠬᠤᠷᠢᠶᠠᠬᠤ ᠪᠠᠶᠢᠳᠠᠯ᠄ ᠰᠦᠢᠳᠭᠡᠯ ᠬᠤᠷᠢᠶᠠᠬᠤ ᠦᠭᠡᠢ      ᠬᠦᠢᠴᠡᠳᠭᠡᠬᠦ ᠭᠠᠵᠠᠷ᠄ ᠲᠤᠭᠤᠷᠢᠭ ᠤᠨ ᠠᠷᠠᠳ ᠤᠨ ᠶᠠᠪᠤᠳᠠᠯ ᠤᠨ ᠲᠤᠪᠴᠢᠶ᠎ᠠ      ᠬᠠᠷᠢᠯᠴᠠᠬᠤ ᠣᠲᠠᠰᠤ᠄      ᠦᠬᠠᠢ ᠬᠤᠲᠠ ᠶᠢᠨ ᠠᠷᠠᠳ ᠤᠨ ᠶᠠᠪᠤᠳᠠᠯ ᠤᠨ ᠲᠤᠪᠴᠢᠶ᠎ᠠ᠄ 0473—3959346      ᠬᠠᠶᠢᠷᠤᠪ ᠤᠨ ᠳᠤᠬᠤᠢ ᠲᠤᠭᠤᠷᠢᠭ ᠤᠨ ᠠᠷᠠᠳ ᠤᠨ ᠶᠠᠪᠤᠳᠠᠯ ᠤᠨ ᠲᠤᠪᠴᠢᠶ᠎ᠠ᠄ 0473— 2052516      ᠤᠳᠠ ᠲᠤᠭᠤᠷᠢᠭ ᠤᠨ ᠠᠷᠠᠳ ᠤᠨ ᠶᠠᠪᠤᠳᠠᠯ ᠤᠨ ᠲᠤᠪᠴᠢᠶ᠎ᠠ᠄ 0473— 3666680      ᠬᠠᠶᠢᠨᠠᠨ ᠲᠤᠭᠤᠷᠢᠭ ᠤᠨ ᠠᠷᠠᠳ ᠤᠨ ᠶᠠᠪᠤᠳᠠᠯ ᠤᠨ ᠲᠤᠪᠴᠢᠶ᠎ᠠ᠄ 0473— 4022158
 
ᠢᠷᠡᠯᠲᠡ᠄ ᠦᠬᠠᠢ ᠬᠤᠲᠠ ᠶᠢᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号