ᠲᠤᠭᠤᠷᠢᠭ ᠶᠢᠨ ᠲᠤᠶᠢᠮᠥ ᠪᠠᠶᠢᠳᠠᠯ | | ᠤᠳᠠ ᠲᠤᠭᠤᠷᠢᠭ ᠥᠪᠥᠷ ᠮᠤᠩᠭᠤᠯ ᠤᠨ ᠪᠠᠷᠠᠭᠤᠨ ᠬᠡᠰᠡᠭ ᠲᠤ ᠪᠠᠶᠢᠷᠢᠯᠠᠵᠥ᠂ ᠥᠪᠤᠷ ᠮᠤᠩᠭᠤᠯ ᠨᠢᠭ᠍ᠭ᠍ᠰᠢᠶᠠ | ᠱᠬᠠᠰᠢ ᠠᠵᠥ ᠠᠬᠤᠢ ᠶᠢᠨ ᠤᠷᠤᠨ ᠤ ᠲᠥᠪ ᠲᠤ ᠤᠷᠤᠰᠢᠵᠥ᠂ ᠭᠠᠵᠠᠷ ᠵᠥᠢ ᠶᠢᠨ ᠪᠠᠶᠢᠷᠢᠯᠠᠯ ᠳᠠᠪᠠᠭᠤᠯᠢᠭ᠂ ᠵᠠᠮ | ᠬᠠᠷᠢᠯᠴᠠᠭ᠎ᠠ ᠳᠥᠭᠦᠮ᠂ ᠶᠡᠷᠤᠩᠬᠡᠢ ᠲᠠᠯᠠᠪᠠᠢ198 ᠲᠡᠭᠰᠢ ᠳᠥᠷᠪᠡᠯᠵᠢᠨ ᠺᠢᠯᠤᠮᠧᠲᠷ᠂ ᠬᠠᠷᠢᠶᠠᠲᠥ ᠨᠢᠭᠡ ᠪᠠᠯᠭᠠᠰᠥ᠂ | ᠳᠣᠯᠤᠭᠠᠨ ᠵᠡᠭᠡᠯᠢ ᠭᠤᠲᠤᠮᠵᠢ ᠶᠢᠨ ᠬᠡᠷᠡᠭ ᠡᠷᠬᠢᠯᠡᠬᠦ ᠭᠠᠵᠠᠷ ᠲᠠᠢ᠂ ᠨᠡᠶᠢᠲᠠ13 ᠲᠥᠮᠡᠨ ᠰᠢᠬᠠᠮ ᠬᠥᠮᠥᠨ ᠠᠮᠠ | ᠲᠠᠢ᠂ ᠮᠤᠩᠭᠤᠯ ᠬᠢᠲᠠᠳ ᠬᠤᠲᠤᠩ ᠮᠠᠨᠵᠥ ᠵᠡᠷᠭᠡ 24 ᠥᠨᠳᠥᠰᠥᠲᠡᠨ ᠲᠠᠢ᠃ | ᠤᠳᠠ ᠲᠤᠭᠤᠷᠢᠭ ᠲᠡᠤᠬᠡᠨ ᠳᠡᠭᠡᠷ᠎ᠡ ᠪᠠᠨ ᠬᠠᠲᠤᠨ ᠭᠤᠤᠯ ᠤᠨ ᠤᠷᠤᠰᠬᠠᠯ ᠳᠠᠭᠤ ᠬᠠᠭᠤᠴᠢᠨ ᠴᠢᠯᠠᠭᠤᠨ | ᠵᠡᠪᠰᠡᠭ ᠤᠨ ᠥᠶ᠎ᠡ ᠶᠢᠨ ︽ ᠪᠤᠷᠤᠲᠣᠬᠤᠢ ᠶᠢᠨ ᠰᠣᠶᠣᠯ︾ ᠪᠤᠯᠤᠨ ᠰᠢᠨ᠎ᠡ ᠴᠢᠯᠠᠭᠤᠨ ᠵᠡᠪᠰᠡᠭ ᠤᠨ ᠥᠶ᠎ᠡ ᠶᠢᠨ ︽ | ᠥᠩᠭᠡᠲᠥ ᠸᠠᠭᠠᠷ ᠤᠨ ᠰᠣᠶᠣᠯ︾ ᠤᠨ ᠬᠡᠪᠴᠢᠶᠡᠨ ᠳᠤ ᠪᠠᠭᠲᠠᠭᠠᠭᠳᠠᠵᠥ᠂ ᠣᠣᠯ ᠤᠨ ᠳᠤᠮᠳᠠᠳᠥ ᠣᠯᠣᠰ ᠤᠨ | ᠣᠮᠠᠷᠠᠳᠥ ᠶᠢᠨ ᠴᠥᠬᠡᠨ ᠲᠤᠭᠠᠲᠥ ᠥᠨᠳᠥᠰᠥᠲᠡᠨ ᠤ ᠣᠷᠣᠰᠢᠨ ᠲᠤᠭᠲᠠᠨᠢᠵᠥ ᠪᠠᠶᠢᠭᠰᠡᠨ ᠤᠷᠤᠨ ᠪᠤᠯᠤᠨ᠎ᠠ᠃ | 1958 ᠤᠨ ᠤ 11 ᠰᠠᠷ᠎ᠠ᠂ ᠥᠪᠥᠷ ᠮᠤᠩᠭᠤᠯ ᠤᠨ ᠠᠷᠠᠳ ᠣᠨᠵᠠᠰᠠᠭ ᠤᠨ ᠤᠷᠳᠣᠨ ᠤ ᠵᠥᠪᠰᠢᠶᠡᠷᠡᠯ ᠢᠶᠠᠷ | ᠳᠠᠮᠵᠢᠨ᠂ ᠠᠯᠠᠱᠠ ᠠᠶᠢᠮᠠᠭ ᠤᠨ ᠣᠳᠠ ᠪᠠᠯᠭᠠᠰᠥ ᠵᠢᠩᠭᠢᠨᠢ ᠪᠠᠷ ᠪᠠᠶᠢᠭᠤᠯᠤᠭᠳᠠᠵᠠᠢ᠃ 1961 ᠤᠨ ᠤ 7 ᠰᠠᠷ᠎ᠠ᠂ | ᠲᠥᠷᠥ ᠶᠢᠨ ᠶᠠᠪᠤᠳᠠᠯ ᠬᠤᠷᠢᠶᠠᠨ ᠠᠴᠠ ᠤᠳᠠ ᠪᠠᠯᠭᠠᠰᠥ ᠶᠢ ᠬᠥᠴᠤᠨ ᠥᠭᠡᠢ ᠪᠣᠯᠭᠠᠵᠥ᠂ ᠤᠳᠠ ᠬᠤᠲᠠ ᠶᠢ | ᠪᠠᠶᠢᠭᠤᠯᠵᠠᠢ᠃ 1976 ᠤᠨ ᠤ1 ᠰᠠᠷ᠎ᠠ ᠶᠢᠨ10 ᠡᠳᠥᠷ᠂ ᠥᠬᠠᠢ ᠬᠤᠲᠠ ᠵᠢᠩᠭᠢᠨᠢ ᠪᠠᠷ ᠪᠠᠶᠢᠭᠤᠯᠤᠭᠳᠠᠵᠥ | ᠤᠳᠠ ᠲᠤᠭᠤᠷᠢᠭ ᠥᠬᠠᠢ ᠬᠤᠲᠠ ᠶᠢᠨ ᠨᠢᠭᠡ ᠲᠤᠭᠤᠷᠢᠭ ᠪᠤᠯᠵᠠᠢ᠃ | ᠤᠳᠠ ᠲᠤᠭᠤᠷᠢᠭ ᠪᠤᠯ ᠡᠮᠥᠨ᠎ᠡ ᠨᠢ ᠠᠭᠤᠷᠬᠠᠢ ᠪᠠᠶᠢᠵᠥ᠂ ᠬᠤᠶᠢᠨ᠎ᠠ ᠨᠢ ᠲᠤᠭᠤᠷᠢᠭ ᠪᠠᠶᠢᠭᠤᠯᠤᠭᠳᠠᠭᠰᠠᠨ | ᠵᠢᠩᠭᠢᠨᠢ ᠡᠬᠢ ᠪᠠᠶᠠᠯᠢᠭ ᠤᠨ ᠴᠢᠨᠠᠷᠲᠠᠢ ᠥᠢᠯᠡᠳᠪᠥᠷᠢ ᠠᠭᠤᠷᠬᠠᠢ ᠶᠢᠨ ᠬᠤᠲᠠ ᠲᠤᠭᠤᠷᠢᠭ ᠪᠤᠯᠤᠨ᠎ᠠ᠃ 1958 | ᠤᠨ ᠳᠤ ᠤᠯᠤᠰ ᠠᠴᠠ ᠤᠳᠠ ᠲᠤᠭᠤᠷᠢᠭ ᠢ ᠪᠤᠤ ᠭᠠᠩ ᠤᠨ ᠬᠡᠤᠷᠡᠰᠥᠨ ᠨᠡᠭᠦᠷᠡᠰᠣᠨ ᠤ ᠬᠠᠩᠭᠠᠯᠭ᠎ᠠ ᠶᠢᠨ | ᠰᠠᠭᠤᠷᠢᠨ ᠭᠠᠵᠠᠷ ᠪᠤᠯᠭᠠᠵᠥ᠂ ᠲᠤᠮᠥ ᠬᠡᠯᠪᠡᠷᠢ ᠶᠢᠨ ᠤᠯᠤᠰ ᠤᠨ ᠥᠮᠴᠢᠯᠡᠯᠲᠥ ᠨᠡᠭᠦᠷᠡᠰᠥᠨ ᠤ ᠠᠵᠥ ᠠᠬᠤᠶᠢᠯᠠᠯ | ᠤᠳᠠ ᠠᠭᠤᠷᠬᠠᠢ ᠶᠢᠨ ᠶᠠᠪᠤᠳᠠᠯ ᠤᠨ ᠲᠤᠪᠴᠢᠶ᠎ᠠ ᠪᠠᠶᠢᠭᠤᠯᠤᠭᠳᠠᠵᠥ᠂ ᠶᠡᠭᠡ ᠬᠡᠪᠴᠢᠶ᠎ᠡ ᠪᠠᠷ ᠨᠡᠬᠡᠭᠡᠨ ᠠᠰᠢᠭᠯᠠᠵᠠᠢ᠃ | ᠬᠠᠭᠠᠰ ᠵᠠᠭᠤᠨ ᠤ ᠨᠡᠬᠡᠭᠡᠨ ᠠᠰᠢᠭᠯᠠᠯᠲᠠ ᠪᠠᠷ ᠳᠠᠮᠵᠢᠨ 4.2 ᠳ᠋ᠥᠩᠰᠢᠭᠤᠷ ᠲᠤᠨ ᠨᠡᠭᠦᠷᠡᠰᠥᠨ ᠤ ᠡᠬᠢ ᠪᠠᠶᠠᠯᠢᠭ | ᠤᠨ ᠬᠠᠳᠠᠭᠠᠯᠠᠮᠵᠢ ᠶᠢ ᠬᠥᠳᠡᠯᠭᠡᠵᠥ᠂ ᠨᠡᠶᠢᠲᠡ2.1 ᠳ᠋ᠥᠩᠰᠢᠭᠤᠷ ᠲᠤᠨ ᠨᠡᠭᠦᠷᠡᠰᠥ ᠭᠠᠷᠭᠠᠵᠥ᠂ ᠪᠤᠤ ᠭᠠᠩ ᠤᠨ | ᠬᠡᠤᠷᠡᠰᠤᠨ ᠨᠡᠭᠦᠷᠡᠰᠣᠨ ᠤ ᠱᠠᠭᠠᠷᠳᠣᠯᠭᠠ ᠪᠤᠯᠤᠨ ᠤᠯᠤᠰ ᠤᠨ ᠨᠡᠭᠦᠷᠡᠰᠤᠨ ᠤ ᠡᠬᠢ ᠪᠠᠶᠠᠯᠢᠭ ᠤᠨ ᠱᠠᠭᠠᠷᠳᠤᠯᠭ᠎ᠠ | ᠶᠢ ᠬᠠᠩᠭᠠᠵᠥ᠂ ᠤᠯᠤᠰ ᠤᠨ ᠠᠵᠥ ᠠᠬᠤᠢ ᠶᠢᠨ ᠪᠥᠳᠥᠭᠡᠨ ᠪᠠᠶᠢᠭᠤᠯᠤᠯᠲᠠ ᠳᠤ ᠯᠣᠳᠥ ᠶᠡᠭᠡ ᠭᠠᠪᠢᠶ᠎ᠠ ᠵᠢᠳᠭᠦᠯ | ᠥᠵᠡᠭᠦᠯᠵᠡᠢ᠃ ᠤᠯᠠᠨ ᠵᠢᠯ ᠤᠨ ᠶᠡᠭᠡ ᠬᠡᠪᠴᠢᠶᠡᠨ ᠤ ᠨᠡᠬᠡᠭᠡᠨ ᠠᠰᠢᠭᠯᠠᠭᠰᠠᠨ ᠠᠴᠠ ᠤᠳᠠ ᠲᠤᠭᠤᠷᠢᠭ ᠤᠨ | ᠨᠡᠭᠦᠷᠡᠰᠥᠨ ᠤ ᠡᠬᠢ ᠪᠠᠶᠠᠯᠢᠭ ᠪᠠᠷᠠᠭᠳᠠᠬᠤ ᠰᠢᠬᠠᠵᠥ᠂ ᠬᠥᠨᠳᠥ ᠨᠤᠴᠢᠲᠠᠢ ᠪᠠᠭᠤᠷᠠᠯᠲᠠ ᠶᠢᠨ ᠱᠠᠲᠤᠨ ᠳᠤ ᠤᠷᠤᠵᠠᠢ᠃ | | ᠪᠠᠶᠢᠳᠠᠯ ᠬᠡᠴᠡᠭᠦᠳᠡᠬᠦ ᠳᠤ ᠲᠤᠬᠢᠷᠠᠭᠤᠯᠤᠨ ᠤᠳᠠ ᠲᠤᠭᠤᠷᠢᠭ ᠴᠠᠭ ᠢ ᠥᠵᠡᠨ ᠪᠠᠶᠢᠳᠠᠯ ᠢ ᠰᠢᠨᠵᠢᠯᠡᠵᠥ᠂ | ᠬᠤᠯᠠ ᠶᠢ ᠬᠠᠷᠠᠵᠥ ᠬᠤᠵᠢᠮ ᠢ ᠪᠤᠳᠤᠯᠬᠢᠯᠠᠵᠥ᠂ ᠤᠷᠢᠳᠴᠢᠯᠠᠨ ᠰᠡᠲᠥᠵᠥ 6 ᠵᠢᠯ ᠭᠠᠷᠤᠢ ᠶᠢᠨ ᠬᠠᠲᠠᠭᠤᠵᠢᠯᠲᠠᠢ | ᠰᠥᠪᠡᠭᠴᠢᠯᠡᠯᠲᠡ ᠪᠠᠷ ᠳᠠᠮᠵᠢᠨ ᠡᠬᠢ ᠪᠠᠶᠠᠯᠢᠭ ᠲᠤ ᠨᠠᠶᠢᠳᠠᠵᠥ ᠪᠠᠶᠢᠭᠰᠠᠨ ᠠᠴᠠ ᠪᠠᠨ ᠡᠬᠢ ᠪᠠᠶᠠᠯᠢᠭ ᠲᠤ | ᠲᠥᠰᠢᠭᠯᠡᠬᠦ ᠰᠢᠯᠵᠢᠯᠲᠡ ᠶᠢ ᠪᠡᠶᠡᠯᠡᠭᠦᠯᠵᠥ᠂ ᠨᠡᠭᠦᠷᠡᠰᠥ ᠶᠢ ᠲᠤᠬᠠᠢ ᠶᠢᠨ ᠭᠠᠵᠠᠷ ᠲᠤ ᠨᠢ ᠬᠤᠪᠢᠷᠠᠭᠤᠯᠤᠨ | ᠥᠷᠳᠡᠭ ᠢ ᠨᠢ ᠨᠡᠮᠡᠭᠳᠡᠭᠦᠯᠵᠥ᠂ ᠨᠡᠭᠦᠷᠡᠰᠥ ᠴᠠᠬᠢᠯᠭᠠᠨ ᠬᠢᠮᠢ ᠶᠢᠨ ᠨᠢᠭᠡ ᠴᠤᠭᠴᠢᠯᠠᠯᠲᠠ᠂ ᠢᠯᠭᠠᠴᠢᠯᠠᠯᠲᠠ᠂ | ᠥᠶᠡᠯᠡᠯᠲᠠ᠂ ᠰᠢᠨᠵᠢᠯᠡᠭᠡ ᠮᠡᠷᠭᠡᠵᠢᠯ ᠤᠨ ᠳᠠᠶᠢᠴᠢᠯᠠᠯᠲᠠ ᠵᠡᠷᠭᠡ ᠳᠥᠷᠪᠡᠨ ᠵᠤᠷᠪᠤᠰ ᠬᠥᠭᠵᠢᠯᠲᠡ ᠶᠢᠨ ᠵᠠᠮ ᠠᠭᠠᠵᠢᠮ | ᠢᠶᠠᠷ ᠰᠢᠰᠲ᠋ᠧᠮᠵᠢᠵᠥ᠂ ᠠᠭᠠᠵᠢᠮ ᠢᠶᠠᠷ ᠡᠬᠢ ᠪᠠᠶᠠᠯᠢᠭ ᠰᠢᠪᠬᠠᠭᠳᠠᠭᠰᠠᠨ ᠬᠤᠲᠠ ᠶᠢᠨ ᠥᠢᠯᠡᠳᠪᠥᠷᠢ ᠠᠵᠥ ᠠᠬᠤᠢ | ᠶᠢᠨ ᠬᠥᠭᠵᠢᠯᠲᠡ ᠶᠢᠨ ᠰᠢᠯᠵᠢᠯᠲᠡ ᠶᠢᠨ ᠵᠠᠮ ᠢ ᠰᠥᠪᠡᠭᠴᠢᠯᠡᠨ ᠤᠯᠵᠠᠢ᠃ ᠤᠳᠠ ᠲᠤᠭᠤᠷᠢᠭ ᠤᠳᠥ ᠳᠠᠭᠠᠨ | ᠥᠬᠠᠢ ᠬᠤᠲᠠ ᠶᠢᠨ ᠴᠢᠨᠠᠭᠴᠢᠯᠠᠨᠥᠪᠥᠷ ᠮᠤᠩᠭᠤᠯ ᠣᠨᠥᠪᠡᠷᠲᠡᠭᠡᠨ ᠵᠠᠰᠠᠬᠤ ᠤᠷᠤᠨ ᠤ ᠨᠢᠭᠡ ᠵᠤᠷᠪᠤᠰ ᠠᠵᠥ | ᠠᠬᠤᠢ ᠶᠢᠨ ᠬᠥᠭᠵᠢᠯᠲᠡ ᠶᠢᠨ ᠰᠠᠶᠢᠬᠠᠨ ᠥᠵᠡᠮᠵᠢ ᠪᠤᠯᠵᠠᠢ᠃ | ᠠᠵᠥ ᠠᠬᠤᠢ ᠶᠢᠨ ᠬᠥᠭᠵᠯᠲᠡ ᠶᠢᠨ ᠬᠡᠯᠪᠡᠷᠢ ᠶᠢ ᠬᠤᠪᠢᠷᠠᠭᠤᠯᠵᠥ᠂ ᠠᠷᠠᠳ ᠲᠥᠮᠡᠨ ᠤ ᠵᠤᠯ ᠵᠢᠷᠭᠠᠯ ᠤᠨ | ᠵᠢᠭᠠᠯᠲᠠ ᠲᠤᠭ᠎ᠠ ᠶᠢ ᠨᠡᠮᠡᠭᠳᠡᠭᠦᠯᠥᠨ᠂ ᠨᠡᠶᠢᠲᠡ ᠶᠢᠨ ᠥᠢᠯᠡᠴᠢᠯᠡᠭᠡᠨ ᠤ ᠬᠡᠷᠡᠭᠯᠡᠭᠦᠨ ᠤ ᠴᠢᠨᠠᠷ ᠴᠢᠨᠰᠠᠭ᠎ᠠ ᠶᠢ | ᠳᠡᠭᠡᠭᠰᠢᠯᠡᠭᠦᠯᠬᠦ ᠪᠤᠯ ᠤᠳᠠ ᠲᠤᠭᠤᠷᠢᠭ ᠤᠨ ᠨᠠᠮ ᠤᠨ ᠡᠭᠦᠷ ᠪᠠ ᠵᠠᠰᠠᠭ ᠤᠨ ᠤᠷᠳᠣᠨ ᠤ ᠨᠡᠶᠢᠳᠡᠮ ᠣᠨᠠᠵᠢᠯ ᠤᠨ | ᠭᠤᠤᠯᠳᠠᠯᠭ᠎ᠠ ᠪᠤᠯᠤᠨ᠎ᠠ᠃ ᠨᠡᠭᠦᠷᠡᠰᠥ ᠮᠠᠯᠲᠠᠭᠰᠠᠨ ᠠᠴᠠ ᠪᠤᠯᠵᠥ ᠲᠤᠭᠤᠭᠰᠢ ᠰᠠᠭᠤᠭᠰᠠᠨ ᠤᠷᠤᠨ᠂ ᠨᠡᠭᠦᠷᠡᠰᠥᠨ | ᠠᠭᠤᠷᠬᠠᠢ ᠶᠢᠨ ᠤᠷᠤᠨ ᠤ ᠪᠥᠳᠥᠭᠦᠯᠢᠭ ᠤᠷᠤᠨ ᠰᠠᠭᠤᠴᠠ ᠶᠢᠨ ᠲᠤᠭᠤᠷᠢᠭ᠂ ᠴᠥᠬᠦᠷᠤᠮ ᠤᠨ ᠲᠤᠭᠤᠷᠢᠨ ᠤ | ᠨᠡᠭᠦᠳᠡᠯᠴᠢᠨ ᠠᠷᠠᠳ ᠢ ᠲᠤᠬᠤᠨᠢᠭᠤᠯᠬᠤ ᠵᠡᠷᠭᠡ ᠡᠯ᠎ᠡ ᠵᠥᠢᠯ ᠤᠨ ᠪᠠᠳᠥᠯᠠᠭᠠᠳᠥ ᠭᠡᠷ ᠪᠠᠷᠢᠬᠤ ᠲᠤᠬᠢᠶᠠᠯ ᠢ | ᠠᠰᠢᠭᠯᠠᠵᠥ᠂ ᠤᠳᠠ ᠲᠤᠭᠤᠷᠢᠭ ᠤᠰᠥ᠂ ᠴᠠᠬᠢᠯᠭᠠᠨ᠂ ᠵᠠᠮ᠂ ᠬᠡᠢ᠂ ᠳᠤᠯᠠᠭᠠᠯᠠᠬᠤ ᠵᠡᠷᠭᠡ ᠪᠥᠷᠢᠨ ᠪᠥᠲᠥᠨ | ᠲᠤᠨᠤᠭ ᠲᠥᠬᠦᠭᠡᠷᠥᠮᠵᠢ ᠵᠢᠴᠢ ᠰᠤᠷᠭᠠᠭᠤᠯᠢ᠂ ᠴᠡᠴᠡᠷᠯᠢᠭ ᠤᠨ ᠥᠨᠳᠥᠷ ᠪᠠᠷᠢᠮᠢᠶᠠᠲᠥ ᠨᠡᠶᠢᠲᠡ ᠶᠢᠨ ᠥᠢᠯᠡᠴᠢᠯᠡᠭᠡᠨ | ᠵᠥᠢᠯᠡᠰ ᠢ ᠪᠥᠷᠢᠳᠥᠭᠦᠯᠵᠥ᠂ ᠬᠤᠲᠠ ᠶᠢᠨ ᠪᠠᠭᠲᠠᠭᠠᠮᠵᠢ ᠶᠢ ᠶᠡᠬᠡᠰᠭᠡᠵᠥ᠂ ᠴᠢᠨᠠᠷ ᠴᠢᠨᠰᠠᠭ᠎ᠠ ᠶᠢ ᠳᠡᠭᠡᠭᠰᠢᠯᠡᠭᠦᠯᠵᠥ᠂ | ᠬᠥᠮᠥᠨ ᠤ ᠤᠷᠴᠢᠨ ᠰᠠᠭᠤᠬᠤ ᠤᠷᠴᠢᠨ ᠲᠤᠭᠤᠷᠢᠨ ᠢ ᠰᠠᠶᠢᠵᠢᠷᠠᠭᠤᠯᠤᠨ ᠤᠳᠥ ᠪᠤᠯᠲᠠᠯ᠎ᠠ ᠨᠡᠶᠢᠲᠠ 25425 | ᠡᠷᠥᠬᠡ ᠰᠠᠭᠤᠭᠠᠯᠢ ᠠᠷᠠᠳ ᠰᠢᠨ᠎ᠡ ᠤᠷᠤᠨ ᠰᠠᠭᠤᠴᠠ ᠳᠤ ᠰᠢᠯᠵᠢᠨ ᠤᠷᠤᠵᠠᠢ᠃ ᠰᠤᠷᠭᠠᠭᠤᠯᠢ ᠶᠢᠨ ᠭᠡᠷ ᠪᠠᠶᠢᠰᠢᠩ | ᠤᠨ ᠠᠮᠤᠷ ᠲᠥᠪᠰᠢᠨ ᠤ ᠢᠨᠵᠧᠨᠧᠷᠢᠩ ᠳᠤ ᠨᠡᠶᠢᠲᠡ11.2 ᠳ᠋ᠥᠩᠰᠢᠭᠤᠷ ᠵᠠᠷᠤᠴᠠᠭᠤᠯᠵᠥ᠂ ᠪᠡᠭᠡᠵᠢᠩ ᠤᠨ ᠪᠠᠭᠰᠢ | ᠶᠢᠨ ᠶᠡᠭᠡ ᠰᠤᠷᠭᠠᠭᠤᠯᠢ ᠲᠠᠢ ᠬᠠᠮᠲᠤᠷᠠᠨ ᠠᠵᠢᠯᠯᠠᠬᠤ ᠲᠠᠪᠠᠴᠠᠩ ᠤᠨ ᠲᠥᠷᠥᠯ ᠲᠡᠮᠲᠡᠭ ᠤᠨ ᠨᠥᠯᠤᠭᠡᠯᠡᠯ | ᠣᠨᠲ᠋ᠠᠪᠠᠭᠤᠯᠢᠭ ᠲᠠᠯ᠎ᠠ ᠶᠢ ᠭᠥᠢᠴᠡᠳ ᠪᠠᠳᠠᠷᠠᠭᠤᠯᠵᠥ᠂ ᠤᠬᠤᠷᠬᠠᠨ ᠬᠤᠭᠤᠴᠭᠠᠨ ᠳᠤ ᠭᠠᠵᠠᠷ ᠤᠷᠤᠨ ᠤ | ᠰᠤᠷᠭᠠᠭᠤᠯᠢ ᠶᠢᠨ ᠴᠢᠨᠠᠷ ᠴᠢᠨᠰᠭᠠ ᠶᠢ ᠳᠡᠭᠡᠭᠰᠢᠯᠡᠭᠦᠯᠵᠥ᠂ 2013 ᠤᠨ ᠠᠴᠠ2015 ᠤᠨ ᠪᠤᠯᠲᠠᠯᠠᠬᠢ | ᠲᠤᠮᠳᠠᠳᠥ ᠵᠡᠷᠭᠡ ᠶᠢᠨ ᠰᠤᠷᠭᠠᠭᠤᠯᠢ ᠳᠤ ᠳᠠᠪᠰᠢᠬᠤ ᠰᠢᠯᠭᠠᠯᠲᠠ ᠶᠢᠨ ᠲᠡᠭᠰᠢᠳᠭᠡᠭᠰᠡᠨ ᠬᠤᠪᠢ ᠪᠥᠬᠦ ᠬᠤᠲᠠ ᠳᠤ | ᠲᠡᠷᠢᠭᠦᠯᠡᠵᠢ᠃ ᠲᠥᠷᠥ ᠶᠢᠨ ᠪᠤᠳᠥᠯᠭ᠎ᠠ ᠶᠢᠨ ᠳᠡᠮᠵᠢᠯᠭᠡ ᠪᠠᠷ ᠵᠢᠭᠡᠯᠡᠯᠭᠡ ᠪᠠᠷ ᠳᠠᠭᠠᠳᠬᠠᠯ ᠳᠤ ᠤᠷᠤᠬᠤ ᠶᠢ | ᠠᠬᠢᠭᠤᠯᠵᠥ᠂ ᠬᠥᠴᠢᠷᠳᠡᠯᠲᠠᠢ ᠠᠷᠠᠳ ᠲᠥᠮᠡᠨ ᠢ ᠨᠡᠶᠢᠭᠡᠮ ᠤᠨ ᠳᠠᠭᠠᠳᠬᠠᠯ ᠪᠤᠯᠤᠨ ᠡᠮ ᠡᠮᠨᠡᠯᠭᠡ ᠶᠢᠨ ᠳᠠᠭᠠᠳᠬᠠᠯ | ᠳᠤ ᠤᠷᠣᠭᠤᠯᠵᠥ᠂ ᠨᠡᠭᠦᠯᠭᠡᠭᠰᠡᠨ ᠬᠥᠮᠥᠨ ᠠᠮᠠ ᠶᠢ ᠬᠠᠪᠰᠤᠷᠤᠨ ᠠᠵᠢᠯ ᠤᠯᠭᠤᠬᠤ᠂ ᠥᠢᠯᠡᠰ ᠪᠥᠲᠥᠭᠡᠬᠦ | ᠬᠠᠪᠰᠥᠷᠤᠯᠴᠠᠭᠠ ᠪᠠᠶᠢᠭᠤᠯᠤᠨ ᠬᠠᠪᠰᠤᠷᠤᠨ ᠲᠡᠳᠭᠦᠬᠦ ᠵᠡᠷᠭᠡ ᠤᠯᠠᠨ ᠵᠥᠢᠯ ᠤᠨ ᠠᠷᠭ᠎ᠠ ᠠᠪᠴᠢᠯ ᠠᠪᠴᠥ | ᠰᠠᠭᠤᠭᠠᠯᠢ ᠠᠷᠠᠳ ᠤᠨ ᠣᠷᠤᠯᠭ᠎ᠠ ᠬᠢᠭᠡᠳ ᠵᠤᠯ ᠵᠢᠷᠭᠠᠯ ᠤᠨ ᠵᠢᠭᠠᠯᠲᠠ ᠲᠤᠭ᠎ᠠ ᠶᠢ ᠨᠡᠮᠡᠭᠳᠡᠭᠦᠯᠵᠡᠢ᠃ ᠬᠤᠲᠠ ᠶᠢᠨ | ᠠᠮᠢᠳᠤᠷᠠᠯ ᠪᠤᠯᠤᠨ ᠰᠠᠭᠤᠷᠢᠰᠢᠬᠤ ᠤᠷᠴᠢᠨ ᠲᠤᠭᠤᠷᠢᠨ ᠤ ᠬᠤᠪᠢᠷᠠᠯᠲᠠ᠂ ᠠᠮᠤᠷ ᠲᠤᠭᠲᠠᠭᠤᠨ ᠨᠡᠶᠢᠭᠡᠮ ᠤᠨ | ᠪᠠᠶᠢᠳᠠᠯ ᠂ ᠪᠤᠯᠪᠠᠰᠤᠨ ᠤ ᠪᠠᠶᠢᠭᠤᠯᠤᠯᠲᠠ ᠵᠡᠷᠭᠡ ᠨᠢ 13 ᠲᠥᠮᠡᠨ ᠣᠳᠠ ᠶᠢᠨ ᠠᠷᠠᠳ ᠲᠥᠮᠡᠨ ᠤ ᠰᠡᠳᠭᠢᠯ | ᠵᠢᠷᠤᠬᠡᠨ ᠳᠤ ᠭᠥᠨ ᠰᠠᠭᠤᠭᠳᠠᠵᠠᠢ᠃ |