ᠤᠯᠠᠭᠠᠨ ᠢᠳᠡᠭᠡᠨ
ᠨᠡᠶᠢᠲᠡᠯᠡᠭᠰᠡᠨ ᠴᠠᠭ᠄
2018-12-06
     ᠮᠠᠯ ᠭᠠᠷᠭᠠᠬᠤ ᠶᠢ ︽ᠮᠢᠬ᠎ᠠ ᠭᠠᠷᠭᠠᠬᠤ︾ ᠭᠡᠵᠤ ᠬᠡᠯᠡᠬᠦ ᠶᠢ ᠴᠡᠭᠡᠷᠯᠡᠨ᠎ᠡ᠃ ᠤᠯᠠᠭᠠᠨ ᠢᠳᠡᠭᠡᠨ ᠢ ᠴᠢᠨᠠᠬᠤ  ᠳᠤ᠂ ᠶᠠᠰᠤ ᠶᠢ ᠨᠢ ᠬᠤᠭᠤ ᠪᠠᠯᠪᠠ ᠴᠤᠬᠢᠬᠤ ᠶᠢ ᠴᠡᠭᠡᠷᠯᠡᠨ᠎ᠡ᠃ ᠵᠠᠪᠠᠯ ᠦᠶ᠎ᠡ ᠦᠶ᠎ᠡ ᠪᠠᠷ ᠨᠢ ᠲᠤᠶᠠᠴᠢᠨ ᠨᠤᠭᠤᠴᠠᠬᠤ ᠭᠡᠷᠡᠭᠳᠠᠢ᠃ ᠲᠦᠬᠦᠬᠡᠢ ᠮᠢᠬ᠎ᠠ ᠱᠤᠯᠤᠬᠤ ᠳᠠᠭᠠᠨ ᠵᠠᠪᠠᠯ ᠶᠠᠰᠤᠨ ᠲᠡᠭᠡᠷ᠎ᠡ ᠨᠢ ᠮᠦᠯᠵᠢᠬᠦᠷ ᠮᠢᠬ᠎ᠠ ᠦᠯᠡᠳᠡᠭᠡᠬᠦ ᠶᠤᠰᠤ ᠲᠠᠢ᠃ ᠬᠦᠯᠡᠶᠢᠳᠡᠯ᠎ᠡ ᠱᠤᠯᠤᠬᠤ ᠶᠢ ᠴᠡᠭᠡᠷᠯᠡᠨ᠎ᠡ᠃ ᠡᠶᠢᠮᠤ ᠠᠴᠠ ︽ᠮᠦᠭᠡᠷ ᠲᠠᠢ ᠪᠤᠯ ᠲᠡᠷᠭᠡ ᠰᠠᠶᠢᠬᠠᠨ᠂ ᠮᠦᠯᠵᠢᠬᠦᠷ ᠲᠠᠢ ᠪᠤᠯ ᠶᠠᠰᠤ ᠰᠠᠶᠢᠬᠠᠨ︾ ᠭᠡᠵᠤ ᠮᠤᠩᠭᠤᠯᠴᠤᠳ ᠬᠡᠯᠡᠳᠡᠭ᠃ ᠴᠢᠨᠠᠭᠰᠠᠨ ᠶᠠᠰᠤ ᠶᠢ ᠮᠦᠯᠵᠢᠬᠦ ᠳᠤ ᠠᠳᠡ ᠲᠡᠨᠳᠡ ᠨᠢ ᠠᠷᠠᠮᠠᠭ ᠲᠠᠷᠠᠮᠠᠭ ᠮᠢᠬ᠎ᠠ ᠦᠯᠡᠳᠡᠭᠡᠬᠦ ᠶᠢ ᠴᠡᠭᠡᠷᠯᠡᠨ᠎ᠡ᠃ ᠵᠠᠪᠠᠯ ᠬᠦᠯᠡᠶᠢᠳᠡᠯ᠎ᠡ ᠰᠠᠶᠢᠬᠠᠨ ᠮᠦᠯᠵᠢᠬᠦ ᠶᠤᠰᠤ ᠲᠠᠢ᠃ ︽ᠶᠠᠰᠤ ᠶᠢ ᠨᠢ ᠰᠠᠶᠢᠬᠠᠨ ᠮᠦᠯᠵᠢᠪᠡᠯ ᠮᠠᠯ ᠲᠦᠷᠭᠡᠨ ᠲᠦᠷᠦᠯ ᠤᠯᠳᠠᠭ ᠭᠡᠨ᠎ᠡ ︾᠃ ᠰᠢᠬᠦᠰᠤ᠂ ᠡᠪᠴᠢᠬᠦᠦ ᠵᠡᠷᠭᠡ ᠶᠢ ᠴᠢᠨᠠᠬᠤ ᠳᠤ ᠭᠡᠳᠡᠰᠤ ᠲᠤᠳᠤᠷ ᠲᠠᠢ ᠨᠢ ᠨᠡᠶᠢᠯᠡᠬᠦᠯᠦᠨ ᠴᠢᠨᠠᠬᠤ ᠶᠢ ᠴᠡᠭᠡᠷᠯᠡᠨ᠎ᠡ᠂ ᠰᠢᠬᠦᠰᠦ ᠲᠠᠪᠬᠠᠯᠠᠬᠤ ᠳᠤ ᠭᠡᠳᠡᠰᠤ ᠲᠤᠳᠤᠷ ᠢ ᠬᠠᠮᠳᠤ ᠲᠠᠯᠪᠢᠬᠤ ᠶᠢ ᠴᠡᠭᠡᠷᠯᠡᠨ᠎ᠡ᠃ ᠰᠢᠬᠦᠰᠤ ᠲᠡᠭᠡᠷ᠎ᠡ ᠲᠤᠯᠤᠭᠠᠢ ᠲᠠᠯᠪᠢᠬᠤ ᠳᠠᠭᠠᠨ ᠪᠦᠳᠤᠨ ᠲᠠᠯᠪᠢᠬᠤ ᠶᠢ ᠴᠡᠭᠡᠷᠯᠡᠨ᠎ᠡ᠃ ᠮᠠᠩᠨᠠᠢ ᠳᠤᠨᠢ ᠬᠡᠷᠴᠢᠯᠡᠭᠡᠰᠤ ᠭᠠᠷᠭᠠᠭᠠᠳ ᠰᠠᠶ᠋ᠢ ᠲᠠᠯᠪᠢᠬᠤ ᠶᠤᠰᠤᠲᠠᠢ᠃ ᠵᠤᠴᠢᠨ ᠬᠦᠮᠦᠨ ᠳᠤ᠂ ᠪᠦᠬᠦᠯᠢ ᠬᠤᠳᠤᠭᠤᠳᠤ ᠲᠠᠯᠪᠢᠬᠤ ᠶᠢ ᠴᠡᠭᠡᠷᠯᠡᠨ᠎ᠡ᠃ ᠬᠤᠳᠤᠭᠤᠳᠤ  ᠶᠢ ᠠᠮᠠᠨ ᠭᠡᠰᠢᠭ ᠤᠨ ᠪᠡᠯᠭᠡᠳᠡᠯ ᠭᠡᠳᠡᠭ ᠲᠤᠯᠠ᠂ ᠠᠮᠠᠨ ᠬᠡᠰᠢᠭ ᠢᠶᠠᠨ ᠠᠯᠳᠠᠬᠤ ᠠᠴᠠ ᠬᠢᠴᠢᠶᠡᠭᠰᠡᠨ ᠤᠳᠬ᠎ᠠ ᠲᠠᠢ ᠂ ᠬᠡᠷᠪᠡ ᠪᠦᠳᠦᠨ ᠬᠤᠳᠤᠭᠤᠳᠤ ᠲᠠᠪᠠᠭ᠋ᠠᠯᠠᠬᠤ ᠳᠤ ᠬᠦᠷᠪᠡᠯ᠂ ᠵᠤᠴᠢᠨ ᠬᠦᠮᠦᠨ ᠪᠦᠬᠦᠯᠢ ᠪᠠᠷ ᠨᠢ ᠭᠠᠨᠵᠤᠭᠠᠯᠠᠨ ᠮᠤᠷᠳᠠᠳᠠᠭ ᠶᠤᠰᠤ ᠲᠠᠢ᠃ ᠪᠤᠭᠤᠨᠢ ᠬᠠᠪᠢᠷᠭ᠎ᠠ᠂ ᠪᠤᠭᠳᠤᠰᠤ ᠴᠢᠮᠤᠭᠡ ᠪᠦᠳᠦᠷᠭᠡᠢ᠂ ᠭᠤᠳᠤᠩ ᠰᠡᠬᠦᠯ᠂ ᠪᠠᠶᠠᠨ ᠲᠦᠷᠦᠬᠦᠦ ᠶᠢ ᠵᠤᠴᠢᠨ ᠳᠤ ᠲᠠᠪᠠᠭ᠋ᠠᠯᠠᠨ ᠪᠠᠷᠢᠬᠤ ᠶᠢ ᠴᠡᠭᠡᠷᠯᠡᠨ᠎ᠡ᠃ ︽ᠪᠤᠯᠤᠮᠵᠢ ᠦᠭᠡᠢ ᠬᠦᠮᠦᠨ ᠳᠤ᠂ ᠪᠤᠭᠳᠤᠰᠤ ᠴᠢᠮᠦᠭᠡ ᠪᠢᠳᠡᠭᠢ ᠦᠭ︾ ᠭᠡᠳᠡᠭ᠃ ᠱᠠᠭ᠎ᠠ ᠶᠠᠰᠤ ᠶᠢ ᠬᠠᠮᠢᠶ᠎ᠠ ᠦᠭᠡᠢ ᠬᠠᠶᠠᠬᠤ ᠶᠢ ᠴᠡᠭᠡᠷᠯᠡᠨ᠎ᠡ᠃ ᠦᠷ᠎ᠡ ᠲᠦᠯ ᠤᠯᠠᠨ ᠡᠷᠬᠦᠭᠰᠠᠨ ᠡᠬᠡ ᠮᠠᠯ ᠢ ᠭᠠᠷᠭᠠᠬᠤ ᠶᠢ ᠴᠡᠭᠡᠷᠯᠡᠨ᠎ᠡ᠃ ᠰᠡᠳᠡᠷᠯᠡᠭᠰᠠᠨ ᠮᠠᠯ ᠢᠶᠠᠷ ᠱᠦᠯᠦ ᠭᠠᠷᠭᠠᠬᠤ ᠶᠢ ᠤᠨᠴᠠ ᠴᠡᠭᠡᠷᠯᠡᠨ᠎ᠡ᠃
 
ᠢᠷᠡᠯᠲᠡ᠄ ᠲᠤᠮᠳᠠᠲᠤ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号