ᠭᠤᠤᠯ ᠡᠭᠦᠷᠭᠡ ᠬᠠᠷᠢᠭᠤᠴᠠᠯᠭ᠎ᠠ᠄ | ︵ᠨᠢᠭᠡ︶ ᠪᠥᠬᠦ ᠬᠤᠲᠠ ᠶᠢᠨ ᠤᠷᠤᠨ ᠰᠠᠭᠤᠴᠠ ᠪᠠ ᠬᠤᠲᠠ ᠬᠥᠳᠡᠭᠡ ᠶᠢᠨ ᠪᠠᠶᠢᠭᠤᠯᠤᠯᠲᠠ ᠶᠢᠨ | ᠬᠠᠮᠢᠶᠠᠷᠤᠯᠲᠠ ᠶᠢᠨ ᠡᠮᠬᠢ ᠲᠢᠭᠯᠢᠮ ᠤᠨ ᠵᠢᠷᠤᠮᠵᠢᠭᠤᠯᠤᠯᠲᠠ ᠶᠢᠨ ᠬᠠᠷᠢᠭᠤᠴᠠᠯᠭ᠎ᠠ ᠶᠢ ᠡᠬᠦᠷᠭᠡᠯᠡᠨ᠎ᠡ᠃ ᠤᠯᠤᠰ᠂ | ᠥᠪᠡᠷᠲᠡᠭᠡᠨ ᠵᠠᠰᠠᠬᠤ ᠤᠷᠤᠨ ᠤ ᠤᠷᠤᠨ ᠰᠠᠭᠤᠴᠠ ᠶᠢᠨ ᠪᠠᠲᠤᠯᠠᠭ᠎ᠠ᠂ ᠬᠤᠲᠠ ᠶᠢᠨ ᠲᠥᠯᠤᠪᠵᠢᠬᠦᠯᠭᠡ᠂ ᠭᠠᠴᠠᠭ᠎ᠠ | ᠪᠠᠯᠭᠠᠰᠤ ᠶᠢᠨ ᠲᠥᠯᠤᠪᠵᠢᠬᠦᠯᠭᠡ᠂ ᠪᠠᠷᠢᠯᠭ᠎ᠠ ᠶᠢᠨ ᠪᠠᠶᠢᠭᠤᠯᠤᠯᠲᠠ᠂ ᠬᠤᠲᠠ ᠶᠢᠨ ᠪᠠᠶᠢᠭᠤᠯᠤᠯᠲᠠ᠂ ᠭᠠᠴᠠᠭ᠎ᠠ | ᠪᠠᠯᠭᠠᠰᠤ ᠶᠢᠨ ᠪᠠᠶᠢᠭᠤᠯᠤᠯᠲᠠ᠂ ᠪᠠᠷᠢᠯᠭ᠎ᠠ ᠶᠢᠨ ᠥᠢᠯᠡᠰ᠂ ᠭᠡᠷ ᠭᠠᠵᠠᠷ ᠤᠨ ᠬᠥᠷᠥᠩᠭᠡ ᠶᠢᠨ ᠥᠢᠯᠡᠰ᠂ ᠬᠠᠶᠢᠨ | ᠪᠠᠶᠢᠴᠠᠭᠠᠵᠤ ᠵᠢᠷᠤᠵᠤ ᠲᠥᠯᠤᠪᠯᠡᠬᠦ ᠯᠠᠪᠯᠠᠯᠲᠠ ᠶᠢᠨ ᠥᠢᠯᠡᠰ᠂ ᠬᠤᠲᠠ ᠶᠢᠨ ᠶᠠᠪᠤᠲᠠᠯ ᠤᠨ ᠨᠡᠶᠢᠲᠡ ᠶᠢᠨ ᠭᠡᠷᠡᠭᠯᠡᠭᠡᠨ ᠤ | ᠥᠢᠯᠡᠰ᠂ ᠪᠠᠷᠢᠯᠭ᠎ᠠ ᠶᠢᠨ ᠡᠨᠧᠷᠬᠢ ᠠᠷᠪᠢᠯᠠᠬᠤ ᠴᠢᠭᠯᠡᠯᠲᠡ ᠲᠥᠷᠤ ᠶᠢᠨ ᠪᠤᠲᠤᠯᠭ᠎ᠠ᠂ ᠬᠠᠤᠯᠢ ᠴᠠᠭᠠᠵᠠ ᠬᠠᠤᠯᠢ | ᠲᠤᠭᠲᠠᠭᠠᠯ ᠢ ᠲᠤᠤᠱᠯᠠᠭᠤᠯᠤᠨ ᠬᠡᠷᠡᠭᠵᠢᠭᠦᠯᠵᠥ᠂ ᠦᠬᠠᠢ ᠬᠤᠲᠠ ᠶᠢᠨ ᠤᠷᠤᠨ ᠰᠠᠭᠤᠴᠠ ᠪᠠ ᠬᠤᠲᠠ ᠬᠥᠲᠡᠭᠡ ᠶᠢᠨ | ᠪᠠᠶᠢᠭᠤᠯᠤᠯᠲᠠ ᠶᠢᠨ ᠨᠤᠲᠤᠭ ᠤᠨ ᠴᠢᠨᠠᠷᠲᠠᠢ ᠬᠠᠤᠯᠢ ᠲᠤᠭᠲᠠᠭᠠᠯ᠂ ᠲᠥᠷᠢᠮ ᠲᠤᠭᠲᠠᠭᠠᠯ ᠤᠨ ᠲᠥᠰᠤᠯ ᠪᠠ | ᠬᠡᠷᠡᠭᠵᠢᠬᠦᠯᠬᠦ ᠠᠷᠭ᠎ᠠ ᠮᠠᠶ᠋ᠢᠭ ᠢ ᠨᠤᠤᠷᠠᠭᠯᠠᠨ᠎ᠠ᠃ ᠪᠥᠬᠦ ᠬᠤᠲᠠ ᠶᠢᠨ ᠤᠷᠤᠨ ᠰᠠᠭᠤᠴᠠ ᠪᠠ ᠬᠤᠲᠠ ᠬᠥᠲᠡᠭᠡ ᠶᠢᠨ | ᠪᠠᠶᠢᠭᠤᠯᠤᠯᠲᠠ ᠶᠢᠨ ᠥᠢᠯᠡᠰ ᠤᠨ ᠲᠤᠮᠲᠠ ᠤᠷᠲᠤ ᠬᠤᠭᠤᠴᠠᠭ᠎ᠠ ᠶᠢᠨ ᠲᠥᠯᠤᠪᠵᠢᠬᠦᠯᠭᠡ ᠲᠤᠭᠲᠠᠭᠠᠬᠤ ᠶᠢᠨ ᠬᠠᠮᠲᠤ | ᠬᠢᠨᠠᠯᠲᠠ ᠲᠠᠯᠪᠢᠨ ᠭᠡᠷᠡᠭᠵᠢᠬᠦᠯᠥᠨ᠎ᠡ᠃ | ︵ᠬᠤᠶᠠᠷ︶ ᠬᠤᠲᠠ ᠪᠠᠯᠭᠠᠰᠤ ᠶᠢᠨ ᠲᠤᠤᠷ᠎ᠠ ᠤᠷᠤᠯᠭ᠎ᠠ ᠲᠠᠢ ᠭᠡᠷ ᠪᠥᠯᠢ ᠶᠢᠨ ᠤᠷᠤᠨ ᠰᠠᠭᠤᠴᠨ ᠶᠢᠨ | ᠪᠠᠲᠤᠯᠠᠭ᠎ᠠ ᠶᠢᠨ ᠬᠠᠷᠢᠭᠤᠴᠠᠯᠭ᠎ᠠ ᠶᠢ ᠡᠭᠦᠷᠭᠡᠯᠡᠨ᠎ᠠ᠃ ᠪᠥᠬᠦ ᠬᠤᠲᠠ ᠶᠢᠨ ᠤᠷᠤᠨ ᠰᠠᠭᠤᠴᠠ ᠶᠢᠨ ᠪᠠᠲᠤᠯᠠᠭ᠎ᠠ ᠲᠠᠢ | ᠬᠥᠭᠵᠢᠬᠦᠯᠥᠯᠲᠡ ᠶᠢᠨ ᠲᠥᠯᠥᠪᠵᠢᠬᠦᠯᠭᠡ ᠪᠠ ᠵᠢᠯ ᠤᠨ ᠲᠥᠯᠥᠪᠯᠡᠭᠡ ᠶᠢ ᠲᠤᠭᠤᠷᠪᠢᠨ ᠲᠤᠭᠲᠠᠭᠠᠬᠤ ᠪᠥᠭᠡᠳ | ᠬᠠᠷᠢᠭᠤᠴᠠᠨ ᠬᠡᠷᠡᠭᠵᠢᠬᠦᠯᠥᠨ᠎ᠡ︔ ᠬᠢᠮᠲᠠ ᠲᠥᠷᠢᠶᠡᠰᠤᠨ ᠤᠷᠤᠨ ᠰᠠᠭᠤᠴᠠ ᠶᠢᠨ ᠲᠥᠷᠤ ᠶᠢᠨ ᠪᠤᠲᠤᠯᠭ᠎ᠠ ᠵᠢᠴᠢ | ᠲᠥᠯᠤᠪᠵᠢᠬᠦᠯᠭᠡ ᠶᠢ ᠲᠤᠭᠤᠷᠪᠢᠨ ᠲᠤᠭᠲᠠᠭᠠᠵᠤ᠂ ᠬᠤᠯᠪᠤᠭᠲᠠᠯ ᠪᠥᠬᠦᠢ ᠰᠠᠯᠠᠭ᠎ᠠ ᠮᠥᠴᠢᠷ ᠲᠠᠢ ᠬᠠᠮᠲᠤ ᠤᠯᠤᠰ᠂ | ᠥᠪᠡᠷᠡᠲᠡᠭᠨ ᠵᠠᠰᠠᠬᠤ ᠤᠷᠤᠨ ᠪᠠ ᠦᠬᠠᠢ ᠬᠤᠲᠠ ᠶᠢᠨ ᠬᠤᠯᠪᠤᠭᠲᠠᠯ ᠪᠥᠬᠦᠢ ᠬᠢᠮᠲᠠ ᠲᠥᠷᠢᠶᠡᠰᠤᠨ ᠤᠷᠤᠨ | ᠰᠠᠭᠤᠴᠠ ᠶᠢᠨ ᠪᠡᠯᠡ ᠮᠥᠩᠬᠦ ᠶᠢ ᠲᠤᠬᠢᠷᠠᠭᠤᠯᠬᠤ ᠪᠥᠭᠡᠳ ᠬᠢᠨᠠᠨ ᠬᠠᠮᠢᠶᠠᠷᠤᠨ᠎ᠠ᠃ | ︵ᠭᠤᠷᠪᠠ︶ ᠤᠷᠤᠨ ᠰᠠᠭᠤᠴᠠ ᠶᠢᠨ ᠲᠥᠷᠢᠮ ᠲᠤᠭᠲᠠᠭᠠᠯ ᠤᠨ ᠥᠭᠡᠷᠡᠴᠢᠯᠡᠯᠲᠠ ᠶᠢ ᠠᠬᠢᠭᠤᠯᠬᠤ | ᠬᠠᠷᠢᠭᠤᠴᠠᠯᠭ᠎ᠠ ᠶᠢ ᠡᠭᠦᠷᠭᠡᠯᠡᠨ᠎ᠠ᠃ ᠪᠥᠬᠦ ᠬᠤᠲᠠ ᠶᠢᠨ ᠤᠷᠤᠨ ᠰᠠᠭᠤᠴᠠ ᠶᠢᠨ ᠪᠠᠶᠢᠭᠤᠯᠤᠯᠲᠠ ᠶᠢᠨ | ᠲᠥᠯᠤᠪᠵᠢᠬᠦᠯᠭᠡ ᠶᠢ ᠲᠤᠭᠤᠷᠪᠢᠨ ᠲᠤᠭᠲᠠᠭᠠᠬᠤ ᠪᠥᠭᠡᠳ ᠵᠢᠯᠤᠭᠤᠲᠤᠨ ᠭᠡᠷᠡᠭᠵᠢᠬᠦᠯᠥᠨ᠎ᠡ᠂ ᠪᠥᠬᠦ ᠬᠤᠲᠠ ᠶᠢᠨ | ᠤᠷᠤᠨ ᠰᠠᠭᠤᠴᠠ ᠶᠢᠨ ᠪᠠᠶᠢᠭᠤᠯᠤᠯᠲᠠ ᠪᠠ ᠤᠷᠤᠨ ᠰᠠᠭᠤᠴᠠ ᠶᠢᠨ ᠲᠥᠷᠢᠮ ᠲᠤᠭᠲᠠᠭᠠᠯ ᠤᠨ ᠥᠭᠡᠷᠡᠴᠢᠯᠡᠯᠲᠡ ᠶᠢ | ᠵᠢᠯᠤᠭᠤᠲᠤᠨ᠎ᠠ᠃ | ︵ᠲᠥᠷᠪᠡ︶ ᠬᠤᠲᠠ ᠬᠥᠲᠡᠭᠡ ᠶᠢᠨ ᠲᠥᠯᠥᠪᠵᠢᠬᠦᠯᠭᠡ ᠶᠢ ᠬᠠᠤᠯᠢ ᠶᠤᠰᠤᠭᠠᠷ ᠨᠠᠶᠢᠷᠠᠭᠤᠯᠤᠨ ᠵᠤᠬᠢᠶᠠᠬᠤ | ᠪᠥᠭᠡᠳ ᠬᠡᠷᠡᠭᠵᠢᠬᠦᠯᠥᠨ᠎ᠡ᠂ ᠪᠥᠬᠦ ᠬᠤᠲᠠ ᠶᠢᠨ ᠬᠤᠲᠠ ᠬᠥᠲᠡᠭᠡ ᠶᠢᠨ ᠲᠥᠯᠥᠪᠵᠢᠬᠦᠯᠭᠡ ᠲᠥᠷᠤ ᠶᠢᠨ ᠪᠤᠲᠤᠯᠭ᠎ᠠ | ᠪᠠ ᠲᠥᠷᠢᠮ ᠲᠤᠭᠲᠠᠭᠠᠯ ᠢ ᠲᠤᠭᠤᠷᠪᠢᠨ ᠲᠤᠭᠲᠠᠭᠠᠵᠤ᠂ ᠪᠥᠬᠦ ᠬᠤᠲᠠ ᠶᠢᠨ ᠬᠤᠲᠠ ᠬᠥᠳᠡᠭᠡ ᠶᠢᠨ | ᠲᠥᠯᠥᠪᠵᠢᠬᠦᠯᠭᠡ ᠶᠢᠨ ᠨᠠᠶᠢᠷᠠᠭᠤᠯᠤᠨ ᠵᠤᠬᠢᠶᠠᠬᠤ ᠠᠵᠢᠯ ᠢ ᠵᠢᠯᠤᠭᠤᠲᠤᠬᠤ ᠪᠥᠭᠡᠳ ᠬᠢᠨᠠᠨ ᠬᠡᠷᠡᠭᠵᠢᠬᠦᠯᠥᠨ᠎ᠡ︔ | ᠲᠥᠩᠯᠢᠶᠤᠤ ᠬᠤᠲᠠ ᠶᠢᠨ ᠵᠠᠰᠠᠭ ᠤᠨ ᠤᠷᠲᠤᠨ ᠤ ᠲᠤᠰᠢᠶᠠᠭᠰᠠᠨ ᠬᠤᠲᠠ ᠶᠢᠨ ᠶᠡᠷᠥᠩᠭᠡᠢ ᠲᠥᠯᠥᠪᠵᠢᠬᠦᠯᠭᠡ᠂ | ᠤᠷᠤᠨ ᠨᠤᠲᠤᠭ ᠤᠨ ᠬᠤᠲᠠ ᠪᠠᠯᠭᠠᠳ ᠤᠨ ᠲᠤᠭᠲᠠᠯᠴᠠᠭ᠎ᠠ ᠶᠢᠨ ᠲᠥᠯᠤᠪᠵᠢᠬᠦᠯᠭᠡ ᠶᠢ ᠬᠢᠨᠠᠨ ᠪᠠᠶᠢᠴᠠᠭᠠᠵᠤ | ᠮᠡᠲᠡᠬᠦᠯᠤᠨ ᠵᠥᠪᠰᠢᠶᠡᠷᠡᠵᠤ᠂ ᠭᠠᠵᠠᠷ ᠰᠢᠷᠤᠢ ᠶᠢᠨ ᠠᠰᠢᠭᠯᠠᠯᠲᠠ ᠶᠢᠨ ᠶᠡᠷᠥᠩᠭᠡᠢ ᠲᠥᠯᠤᠪᠵᠢᠬᠦᠯᠭᠡ ᠶᠢ ᠬᠢᠨᠠᠨ | ᠪᠠᠶᠢᠴᠠᠭᠠᠬᠤ ᠳᠤ ᠤᠷᠤᠯᠴᠠᠨ᠎ᠠ᠃ | ︵ᠲᠠᠪᠤ︶ ᠪᠠᠷᠢᠯᠭ᠎ᠠ ᠶᠢᠨ ᠪᠠᠶᠢᠭᠤᠯᠤᠯᠲᠠ ᠶᠢᠨ ᠪᠠᠷᠢᠮᠵᠢᠶ᠎ᠠ ᠶᠢ ᠬᠢᠨᠠᠨ ᠭᠡᠷᠡᠭᠵᠢᠬᠦᠯᠬᠦ ᠬᠠᠷᠢᠭᠤᠴᠠᠯᠭ᠎ᠠ ᠶᠢ | ᠡᠭᠦᠷᠭᠡᠯᠡᠨ᠎ᠠ᠃ ᠥᠪᠡᠷᠲᠡᠭᠡᠨ ᠵᠠᠰᠠᠬᠤ ᠤᠷᠤᠨ ᠤ ᠲᠤᠭᠲᠠᠭᠠᠭᠰᠠᠨ ᠪᠠᠷᠢᠯᠭ᠎ᠠ ᠶᠢᠨ ᠪᠠᠶᠢᠭᠤᠯᠤᠯᠲᠠ ᠶᠢ ᠭᠡᠷᠡᠭᠵᠢᠬᠦᠯᠬᠦ | ᠬᠤᠭᠤᠴᠠᠭᠠᠨ ᠳᠠᠬᠢ ᠤᠷᠤᠨ ᠭᠠᠵᠠᠷ ᠤᠨ ᠪᠠᠷᠢᠮᠵᠢᠶ᠎ᠠ᠂ ᠪᠥᠬᠦ ᠤᠷᠤᠨ ᠤ ᠨᠢᠭᠡᠲᠤᠯᠲᠡᠢ ᠲᠤᠭ᠎ᠠ ᠲᠤᠭᠲᠠᠭᠰᠠᠨ ᠪᠠ | ᠠᠵᠢᠯ ᠲᠥᠷᠤᠯ ᠤᠨ ᠪᠠᠷᠢᠮᠵᠢᠶ᠎ᠠ ᠶᠢᠨ ᠬᠢᠨᠠᠨ ᠬᠡᠷᠡᠭᠵᠢᠬᠦᠯᠥᠯᠲᠡ ᠶᠢ ᠬᠠᠷᠢᠭᠤᠴᠠᠨ᠎ᠠ᠃ ᠡᠯ᠎ᠡ ᠵᠥᠢᠯ ᠤᠨ | ᠪᠠᠷᠢᠯᠭ᠎ᠠ ᠶᠢᠨ ᠪᠠᠶᠢᠭᠤᠯᠤᠯᠲᠠ ᠶᠢᠨ ᠪᠠᠷᠢᠮᠵᠢᠶᠠᠨ ᠤ ᠲᠤᠭᠲᠠᠭᠠᠯ ᠲᠤᠭ᠎ᠠ ᠪᠠ ᠪᠠᠷᠢᠯᠭ᠎ᠠ ᠶᠢᠨ ᠥᠢᠯᠡᠲᠥᠭᠰᠡᠨ | ᠥᠨ᠎ᠡ ᠶᠢᠨ ᠥᠨᠡᠯᠡᠯᠲᠠ ᠶᠢ ᠵᠢᠯᠤᠭᠤᠲᠤᠨ ᠬᠢᠨᠠᠯᠲᠠ ᠲᠠᠯᠪᠢᠵᠤ᠂ ᠪᠠᠷᠢᠯᠭ᠎ᠠ ᠶᠢᠨ ᠥᠢᠯᠡᠲᠥᠭᠰᠡᠨ ᠥᠨ᠎ᠡ ᠶᠢᠨ | ᠵᠠᠩᠬᠢ ᠶᠢ ᠵᠤᠬᠢᠶᠠᠨ ᠪᠠᠶᠢᠭᠤᠯᠤᠨ ᠨᠡᠶᠢᠲᠡᠯᠡᠨ᠎ᠠ᠃ | ︵ᠵᠢᠷᠭᠤᠭ᠎ᠠ︶ ᠭᠡᠷ ᠭᠠᠵᠠᠷ ᠬᠥᠷᠥᠩᠭᠡ ᠶᠢᠨ ᠵᠠᠬ᠎ᠠ ᠲᠡᠯᠭᠡᠬᠦᠷ ᠤᠨ ᠡᠮᠬᠢ ᠲᠢᠭᠯᠢᠮ ᠤᠨ ᠲᠥᠷᠢᠮᠵᠢᠬᠦᠯᠥᠯᠲᠠ᠂ | ᠭᠡᠷ ᠭᠠᠵᠠᠷ ᠬᠥᠷᠤᠩᠭᠡ ᠶᠢᠨ ᠵᠠᠬ᠎ᠠ ᠲᠡᠯᠭᠡᠬᠦᠷ ᠤᠨ ᠬᠢᠨᠠᠯᠲᠠ ᠬᠠᠮᠢᠶᠠᠷᠤᠯᠲᠠ ᠶᠢᠨ ᠬᠠᠷᠢᠭᠤᠴᠠᠯᠭ᠎ᠠ ᠶᠢ ᠡᠭᠦᠷᠭᠡᠯᠡᠨ᠎ᠡ᠃ | ᠪᠥᠬᠦ ᠬᠤᠲᠠ ᠶᠢᠨ ᠭᠡᠷ ᠭᠠᠵᠠᠷ ᠬᠥᠷᠤᠩᠭᠡ ᠶᠢᠨ ᠵᠠᠬ᠎ᠠ ᠲᠡᠯᠭᠡᠬᠦᠷ ᠤᠨ ᠬᠢᠨᠠᠨ ᠬᠠᠮᠢᠶᠠᠷᠤᠯᠲᠠ ᠶᠢᠨ ᠠᠷᠭ᠎ᠠ ᠮᠠᠶ᠋ᠢᠭ ᠢ | ᠲᠤᠭᠤᠷᠪᠢᠨ ᠲᠤᠭᠲᠠᠭᠠᠬᠤ ᠪᠥᠭᠡᠳ ᠬᠢᠨᠠᠨ ᠬᠡᠷᠡᠭᠵᠢᠬᠦᠯᠵᠥ᠂ ᠬᠤᠲᠠ ᠬᠥᠲᠡᠭᠡ ᠶᠢᠨ ᠭᠠᠵᠠᠷ ᠰᠢᠷᠤᠢ ᠶᠢᠨ ᠭᠡᠷᠡᠭᠯᠡᠬᠦ | ᠡᠷᠭᠡ ᠶᠢ ᠲᠥᠯᠤᠪᠤᠷᠢ ᠲᠠᠢ ᠰᠢᠯᠵᠢᠭᠦᠯᠥᠨ ᠥᠭᠬᠦ ᠪᠠ ᠨᠡᠭᠡᠭᠡᠨ ᠠᠰᠢᠭᠯᠠᠬᠤ ᠠᠵᠢᠯ ᠢ ᠵᠢᠯᠤᠭᠤᠲᠤᠨ᠎ᠠ︔ ᠭᠡᠷ ᠭᠠᠵᠠᠷ | ᠬᠥᠷᠤᠩᠭᠡ ᠶᠢᠨ ᠥᠢᠯᠡᠰ ᠤᠨ ᠠᠵᠢᠯ ᠲᠥᠷᠤᠯ ᠤᠨ ᠬᠥᠭᠵᠢᠬᠦᠯᠥᠯᠲᠡ ᠶᠢᠨ ᠲᠥᠯᠥᠪᠵᠢᠬᠦᠯᠭᠡ ᠶᠢ ᠲᠤᠭᠤᠷᠪᠢᠨ | ᠲᠤᠭᠲᠠᠭᠠᠵᠤ᠂ ᠭᠡᠷ ᠭᠠᠵᠠᠷ ᠤᠨᠬᠥ᠋ᠷᠥᠩᠭᠡ ᠶᠢᠨ ᠥᠢᠯᠡᠰ ᠤᠨ ᠨᠡᠭᠡᠭᠡᠯᠲᠠ᠂ ᠭᠡᠷ ᠪᠠᠶᠢᠰᠢᠩ ᠤᠨ ᠡᠷᠭᠡ ᠶᠢᠨ | ᠬᠠᠷᠢᠶᠠᠯᠠᠯ ᠤᠨ ᠬᠠᠮᠢᠶᠠᠷᠤᠯᠲᠠ᠂ ᠭᠡᠷ ᠪᠠᠶᠢᠰᠢᠩ ᠤᠨ ᠲᠥᠷᠢᠶᠡᠰᠥᠯᠡᠯ᠂ ᠭᠡᠷ ᠪᠠᠶᠢᠰᠢᠩ ᠤᠨ ᠲᠠᠯᠠᠪᠠᠢ ᠶᠢᠨ | ᠬᠠᠮᠢᠶᠠᠷᠤᠯᠲᠠ᠂ ᠭᠡᠷ ᠭᠠᠵᠠᠷ ᠬᠥᠷᠥᠩᠭᠡ ᠶᠢᠨ ᠥᠨ᠎ᠡ ᠶᠢᠨ ᠥᠨᠡᠯᠡᠯᠲᠠ ᠪᠠ ᠥᠨ᠎ᠡ ᠵᠠᠰᠠᠭᠴᠢ ᠶᠢᠨ ᠬᠠᠮᠢᠶᠠᠷᠤᠯᠲᠠ᠂ | ᠠᠳᠠᠯ ᠠᠬᠤᠢ ᠶᠢᠨ ᠬᠠᠮᠢᠶᠠᠷᠤᠯᠲᠠ᠂ ᠭᠡᠷ ᠪᠠᠶᠢᠰᠢᠩ ᠢ ᠨᠤᠷᠠᠭᠠᠵᠤ ᠨᠡᠭᠦᠯᠭᠡᠬᠦ ᠬᠠᠤᠯᠢ ᠲᠤᠭᠲᠠᠭᠠᠯ ᠢ ᠲᠤᠭᠤᠷᠪᠢᠨ | ᠲᠤᠭᠲᠠᠭᠠᠬᠤ ᠪᠥᠭᠡᠳ ᠬᠢᠨᠠᠨ ᠭᠡᠷᠡᠭᠵᠢᠬᠦᠯᠥᠨ᠎ᠡ᠃ | ︵ᠲᠤᠯᠤᠭ᠎ᠠ︶ ᠪᠠᠷᠢᠯᠭ᠎ᠠ ᠶᠢᠨ ᠵᠠᠬ᠎ᠠ ᠲᠠᠯᠭᠡᠬᠦᠷ ᠢ ᠬᠢᠨᠠᠨ ᠬᠠᠮᠢᠶᠠᠷᠴᠤ᠂ ᠵᠠᠬ᠎ᠠ ᠲᠠᠯᠭᠡᠬᠦᠷ ᠤᠨ ᠡᠯ᠎ᠠ | ᠡᠲᠡᠭᠡᠳ ᠤᠨ ᠭᠤᠤᠯ ᠴᠤᠭᠴᠨ ᠵᠢᠨᠠᠵᠢᠯᠯᠠᠭ᠎ᠠ ᠶᠢ ᠲᠥᠷᠢᠮᠵᠢᠬᠦᠯᠥᠨᠠ᠃ ᠭᠡᠷ ᠪᠠᠶᠢᠰᠢᠩ ᠪᠠ ᠬᠤᠲᠠ ᠶᠢᠨ | ᠶᠠᠪᠤᠲᠠᠯ ᠤᠨ ᠪᠠᠷᠢᠯᠭ᠎ᠠ ᠶᠢᠨ ᠵᠥᠢᠯ ᠤᠨ ᠲᠠᠭᠠᠭᠠᠴᠢᠯᠠᠯᠲᠠ ᠵᠠᠷᠯᠠᠬᠤ ᠪᠠ ᠲᠠᠭᠠᠭᠠᠴᠢᠯᠠᠯᠲᠠ ᠬᠥᠯᠢᠶᠡᠬᠦ ᠠᠵᠢᠯᠯᠠᠭ᠎ᠠ ᠳᠤ | ᠬᠢᠨᠠᠯᠲᠠ ᠲᠠᠯᠪᠢᠨ᠎ᠠ︔ ᠬᠠᠶᠢᠨ ᠪᠠᠶᠢᠴᠠᠭᠠᠵᠤ ᠵᠢᠷᠤᠵᠤ ᠲᠥᠯᠤᠪᠯᠡᠬᠦ᠂ ᠪᠠᠷᠢᠯᠭ᠎ᠠ ᠡᠬᠢᠯᠡᠬᠦᠯᠬᠦ᠂ ᠪᠠᠷᠢᠯᠭ᠎ᠠ ᠶᠢᠨ ᠴᠢᠮᠡᠭᠯᠡᠯ | ᠵᠠᠰᠠᠵᠤ ᠴᠢᠮᠡᠭᠯᠡᠬᠦ᠂ ᠪᠠᠶᠢᠭᠤᠯᠤᠯᠲᠠ ᠶᠢᠨ ᠬᠢᠨᠠᠨ ᠬᠠᠮᠢᠶᠠᠷᠤᠯᠲᠠ ᠶᠢᠨ ᠲᠥᠷᠢᠮ ᠲᠤᠭᠲᠠᠭᠠᠯ ᠢ ᠲᠤᠭᠤᠷᠪᠢᠨ | ᠲᠤᠭᠲᠠᠭᠠᠬᠤ ᠪᠥᠭᠡᠳ ᠬᠢᠨᠠᠨ ᠭᠡᠷᠡᠭᠵᠢᠬᠦᠯᠥᠨ᠎ᠡ︔ ᠪᠠᠷᠢᠯᠭ᠎ᠠ ᠶᠢᠨ ᠵᠠᠬ᠎ᠠ ᠲᠡᠯᠭᠡᠬᠦᠷ ᠤᠨ ᠡᠯ᠎ᠡ ᠡᠲᠡᠭᠡᠳ ᠤᠨ ᠭᠤᠤᠯ | ᠴᠤᠭᠴᠨ ᠶᠢᠨ ᠠᠵᠢᠯᠯᠠᠭ᠎ᠠ ᠶᠢᠨ ᠲᠥᠷᠢᠮ ᠲᠤᠭᠲᠠᠭᠠᠯ ᠢ ᠲᠤᠭᠤᠷᠪᠢᠨ ᠲᠤᠭᠲᠠᠭᠠᠵᠤ ᠲᠥᠷᠢᠮᠵᠢᠬᠦᠯᠬᠦ ᠪᠥᠭᠡᠳ ᠬᠢᠨᠠᠨ | ᠭᠡᠷᠡᠭᠵᠢᠬᠦᠯᠥᠨ᠎ᠡ︔ ᠪᠠᠶᠢᠭᠤᠯᠤᠯᠲᠠ ᠶᠢᠨ ᠪᠠᠷᠢᠯᠭ᠎ᠠ ᠶᠢᠨ ᠨᠠᠶᠢᠭᠡᠮ ᠤᠨ ᠪᠠᠲᠤᠯᠠᠭ᠎ᠠ ᠶᠢᠨ ᠰᠥᠢᠳᠭᠡᠯ ᠢ ᠬᠤᠷᠠᠮᠲᠠᠭᠤᠯᠬᠤ | ᠬᠠᠮᠢᠶᠠᠷᠤᠯᠲᠠ ᠶᠢ ᠬᠠᠷᠢᠭᠤᠴᠠᠨ᠂ ᠪᠠᠷᠢᠯᠭ᠎ᠠ ᠶᠢᠨ ᠠᠵᠤ ᠠᠬᠤᠶᠢᠯᠠᠯ ᠤᠨ ᠭᠠᠳᠠᠭᠰᠢ ᠲᠠᠭᠠᠭᠠᠴᠢᠯᠠᠭᠤᠯᠬᠤ᠂ | ᠪᠠᠷᠢᠯᠭ᠎ᠠ ᠶᠢᠨ ᠬᠥᠲᠡᠯᠮᠤᠷᠢ ᠬᠥᠴᠤᠨ ᠤ ᠬᠤᠷᠰᠢᠯᠴᠠᠭ᠎ᠠ ᠳᠤ ᠤᠷᠤᠯᠴᠠᠬᠤ ᠶᠢ ᠵᠤᠬᠢᠶᠠᠨ ᠪᠠᠶᠢᠭᠤᠯᠤᠨ | ᠵᠤᠬᠢᠴᠠᠭᠤᠯᠤᠨ᠎ᠠ᠃ | ︵ᠨᠠᠢᠮᠠ︶ ᠬᠤᠲᠠ ᠶᠢᠨ ᠲᠥᠯᠤᠪᠵᠢᠬᠦᠯᠭᠡ᠂ ᠪᠠᠶᠢᠭᠤᠯᠯᠤᠲᠠ ᠬᠠᠮᠢᠶᠠᠷᠤᠯᠲᠠ ᠶᠢᠨ ᠵᠢᠯᠤᠭᠤᠲᠤᠯᠭ᠎ᠠ ᠪᠠ | ᠬᠢᠨᠠᠯᠲᠠ ᠶᠢᠨ ᠠᠵᠢᠯ ᠢ ᠬᠠᠷᠢᠭᠤᠴᠠᠨ᠎ᠠ᠃ ᠬᠤᠲᠠ ᠶᠢᠨ ᠶᠠᠪᠤᠲᠠᠯ ᠤᠨ ᠨᠡᠶᠢᠲᠠ ᠶᠢᠨ ᠭᠡᠷᠡᠭᠯᠡᠭᠡᠨ ᠤ | ᠲᠥᠬᠦᠭᠡᠷᠤᠮᠵᠢ ᠶᠢᠨ ᠪᠠᠶᠢᠭᠤᠯᠤᠯᠲᠠ᠂ ᠠᠮᠤᠷ ᠲᠥᠪᠰᠢᠨ ᠪᠠ ᠪᠠᠴᠢᠮ ᠪᠠᠶᠢᠲᠠᠯ ᠶᠢ ᠠᠷᠭᠠᠴᠠᠬᠤ ᠬᠠᠮᠢᠶᠠᠷᠤᠯᠲᠠ ᠶᠢ | ᠬᠠᠷᠢᠭᠤᠴᠠᠵᠤ᠂ ᠬᠤᠲᠠ ᠶᠢᠨ ᠢᠯᠴᠢ ᠶᠢᠨ ᠬᠠᠩᠭᠠᠯᠭ᠎ᠠ᠂ ᠤᠰᠤ ᠭᠠᠳᠠᠭᠰᠢᠯᠠᠭᠤᠯᠬᠤ᠂ ᠪᠤᠬᠢᠷ ᠤᠰᠤ᠂ ᠬᠤᠭ | ᠨᠤᠪᠰᠢ ᠶᠢᠨ ᠰᠢᠢᠳᠪᠤᠷᠢᠯᠡᠯᠲᠠ ᠵᠡᠷᠭᠡ ᠠᠵᠢᠯ ᠢ ᠬᠢᠨᠠᠨ ᠭᠡᠷᠡᠭᠵᠢᠬᠦᠯᠥᠨ᠎ᠡ᠃ | ︵ᠶᠢᠰᠤ︶ ᠭᠠᠴᠠᠭ᠎ᠠ ᠪᠠᠯᠭᠠᠰᠤ ᠶᠢᠨ ᠪᠠᠶᠢᠭᠤᠯᠤᠯᠲᠠ ᠶᠢ ᠲᠥᠷᠢᠮᠵᠢᠬᠦᠯᠥᠨᠵᠢᠯᠤᠭᠤᠳᠬᠤ ᠬᠠᠷᠢᠭᠤᠴᠠᠯᠭ᠎ᠠ ᠶᠢ | ᠡᠭᠦᠷᠭᠡᠯᠡᠨ᠎ᠠ᠃ ᠭᠠᠴᠠᠭ᠎ᠠ ᠲᠤᠰᠬᠤᠨ ᠪᠠ ᠪᠠᠯᠭᠠᠳ ᠤᠨ ᠪᠠᠶᠢᠭᠤᠯᠤᠯᠲᠠ ᠶᠢᠨ ᠲᠥᠷᠤ ᠶᠢᠨ ᠪᠤᠲᠤᠯᠭ᠎ᠠ᠂ | ᠬᠥᠭᠵᠢᠬᠦᠯᠥᠯᠲᠡ ᠶᠢᠨ ᠲᠥᠯᠥᠪᠵᠢᠬᠦᠯᠭᠡ ᠶᠢ ᠲᠤᠭᠤᠷᠪᠢᠨ ᠲᠤᠭᠲᠠᠭᠠᠬᠤ ᠪᠥᠭᠡᠳ ᠬᠢᠨᠠᠨ ᠬᠡᠷᠡᠭᠵᠢᠬᠦᠯᠥᠨ᠎ᠡ︔ ᠪᠥᠬᠦ | ᠬᠤᠲᠠ ᠶᠢᠨ ᠭᠠᠴᠠᠭ᠎ᠠ ᠪᠠᠯᠭᠠᠰᠤ ᠶᠢᠨ ᠲᠥᠯᠥᠪᠵᠢᠬᠦᠯᠭᠡ ᠶᠢ ᠨᠠᠶᠢᠷᠠᠭᠤᠯᠤᠨ ᠵᠤᠬᠢᠶᠠᠬᠤ᠂ ᠬᠥᠲᠡᠭᠡ ᠲᠤᠰᠬᠤᠨ | ᠮᠠᠯᠵᠢᠬᠤ ᠤᠷᠤᠨ ᠤ ᠤᠷᠤᠨ ᠰᠠᠭᠤᠴᠨ ᠶᠢᠨ ᠪᠠᠶᠢᠭᠤᠯᠤᠯᠲᠠ ᠪᠠ ᠠᠶᠤᠯ ᠲᠠᠢ ᠭᠡᠷ ᠤᠨ ᠥᠭᠡᠷᠡᠴᠢᠯᠡᠯᠲᠠ ᠳᠤ | ᠬᠢᠨᠠᠯᠲᠠ ᠲᠠᠯᠪᠢᠨ ᠭᠡᠷᠡᠭᠵᠢᠬᠦᠯᠥᠨ᠎ᠡ︔ ᠪᠠᠯᠭᠠᠳ᠂ ᠭᠠᠴᠠᠭ᠎ᠠ ᠲᠤᠰᠬᠤᠨ ᠤ ᠰᠠᠭᠤᠷᠢ ᠲᠥᠬᠦᠭᠡᠷᠤᠮᠵᠢ ᠪᠠ ᠠᠮᠢ | ᠠᠬᠤᠢ ᠶᠢᠨ ᠤᠷᠴᠢᠨ ᠢ ᠰᠠᠶᠢᠵᠢᠷᠠᠭᠤᠯᠬᠤ ᠠᠵᠢᠯ ᠢ ᠬᠠᠷᠢᠭᠤᠴᠠᠨ ᠵᠢᠯᠤᠭᠤᠲᠤᠨ᠎ᠠ︔ ᠪᠠᠯᠭᠠᠳ ᠤᠨ ᠪᠠᠶᠢᠭᠤᠯᠤᠯᠲᠠ | ᠪᠠ ᠭᠠᠴᠠᠭ᠎ᠠ ᠪᠠᠯᠭᠠᠰᠤ ᠶᠢᠨ ᠪᠠᠶᠢᠭᠤᠯᠤᠯᠲᠠ ᠶᠢᠨ ᠲᠤᠷᠰᠢᠯᠲᠠ ᠶᠢᠨ ᠴᠢᠭ ᠤᠨ ᠠᠵᠢᠯ ᠢ ᠬᠠᠷᠢᠭᠤᠴᠠᠵᠤ᠂ ᠪᠥᠬᠦ | ᠬᠤᠲᠠ ᠶᠢᠨ ᠭᠤᠤᠯᠲᠠᠯᠭᠠᠲᠤ ᠪᠠᠯᠭᠠᠳ ᠤᠨ ᠪᠠᠶᠢᠭᠤᠯᠤᠯᠲᠠ ᠶᠢᠨ ᠬᠢᠨᠠᠯᠲᠠ ᠶᠢ ᠬᠠᠷᠢᠭᠤᠴᠠᠨ᠎ᠠ᠃ | ︵ᠠᠷᠪᠠ︶ ᠪᠠᠷᠢᠯᠭ᠎ᠠ ᠶᠢᠨ ᠴᠢᠨᠠᠷ ᠴᠢᠨᠰᠠᠭ᠎ᠠ ᠠᠶᠤᠯᠭᠦᠢ ᠥᠢᠯᠡᠳᠪᠤᠷᠢᠯᠡᠯ ᠤᠨ ᠬᠢᠨᠠᠯᠲᠠ ᠬᠠᠮᠢᠶᠠᠷᠤᠯᠲᠠ ᠶᠢᠨ | ᠬᠠᠷᠢᠭᠤᠴᠠᠯᠭ᠎ᠠ ᠶᠢ ᠡᠭᠦᠷᠭᠡᠯᠡᠨ᠎ᠠ᠃ ᠪᠠᠷᠢᠯᠭ᠎ᠠ ᠶᠢᠨ ᠴᠢᠨᠠᠷ᠂ ᠪᠠᠷᠢᠯᠭ᠎ᠠ ᠶᠢᠨ ᠠᠶᠤᠯᠭᠦᠢ ᠥᠢᠯᠡᠳᠪᠤᠷᠢᠯᠠᠯ ᠪᠠ | ᠪᠠᠷᠢᠯᠭ᠎ᠠ ᠶᠢ ᠲᠠᠭᠤᠰᠬᠠᠨ ᠬᠢᠨᠠᠨ ᠬᠤᠷᠢᠶᠠᠬᠤ ᠲᠠᠩᠰᠠᠯᠠᠯ ᠤᠨ ᠲᠥᠷᠢᠮ ᠢ ᠲᠤᠭᠤᠷᠪᠢᠨ ᠲᠤᠭᠲᠠᠭᠠᠬᠤ ᠪᠥᠭᠡᠳ ᠬᠢᠨᠠᠨ | ᠭᠡᠷᠡᠭᠵᠢᠬᠦᠯᠥᠨ᠎ᠡ︔ ᠪᠠᠷᠢᠯᠭ᠎ᠠ ᠶᠢᠨ ᠨᠤᠴᠢᠲᠠᠢ ᠴᠢᠨᠠᠷ ᠴᠢᠨᠰᠠᠭ᠎ᠠ᠂ ᠭᠡᠨᠡᠲᠡᠯ ᠤᠨ ᠪᠠᠶᠢᠴᠠᠭᠠᠨ ᠰᠢᠢᠳᠪᠤᠷᠢᠯᠡᠯᠲᠠ ᠶᠢ | ᠵᠤᠬᠢᠶᠠᠨ ᠪᠠᠶᠢᠭᠤᠯᠬᠤ ᠪᠤᠶᠤ ᠤᠷᠤᠯᠴᠠᠵᠤ᠂ ᠪᠠᠷᠢᠯᠭ᠎ᠠ ᠶᠢᠨ ᠥᠢᠯᠡᠰ᠂ ᠪᠠᠷᠢᠯᠭ᠎ᠠ ᠤᠨ ᠬᠠᠶᠢᠨ ᠪᠠᠶᠢᠴᠠᠭᠠᠯᠲᠠ ᠵᠢᠷᠤᠭ | ᠲᠥᠯᠤᠪᠯᠡᠭᠡ ᠯᠠᠪᠯᠠᠯᠭ᠎ᠠ ᠶᠢᠨ ᠥᠢᠯᠡᠰ ᠲᠤ ᠬᠢᠭᠰᠡᠨ ᠤᠯᠤᠰ᠂ ᠥᠪᠡᠷᠲᠡᠭᠡᠨ ᠵᠠᠰᠠᠬᠤ ᠤᠷᠤᠨ ᠤ ᠮᠠᠷᠭᠡᠵᠢᠯ ᠤᠨ | ᠲᠥᠷᠢᠮᠵᠢᠭᠰᠡᠨ ᠬᠢᠨᠠᠨ ᠬᠠᠮᠢᠶᠠᠷᠤᠯᠲᠠ ᠶᠢ ᠬᠠᠷᠢᠭᠤᠴᠠᠨ᠎ᠠ᠃ | ︵ᠠᠷᠪᠡᠨᠨᠢᠭᠡ︶ ᠪᠠᠷᠢᠯᠭ᠎ᠠ ᠶᠢᠨ ᠡᠨᠧᠷᠭᠢ ᠶᠢ ᠠᠷᠪᠢᠯᠠᠬᠤ᠂ ᠬᠤᠲᠠ ᠪᠠᠯᠭᠠᠳ ᠤᠨ | ᠪᠤᠬᠢᠷᠲᠠᠯ ᠭᠠᠳᠠᠭᠰᠢᠯᠠᠭᠤᠯᠬᠤ ᠶᠢ ᠪᠠᠭᠠᠰᠬᠠᠬᠤ ᠬᠠᠷᠢᠭᠤᠴᠠᠯᠭ᠎ᠠ ᠶᠢ ᠡᠬᠦᠷᠭᠡᠯᠡᠨ᠎ᠡ᠃ ᠬᠤᠯᠪᠤᠭᠲᠠᠯ ᠪᠥᠬᠦᠢ ᠰᠠᠯᠠᠭ᠎ᠠ | ᠮᠥᠴᠢᠷ ᠲᠠᠢ ᠬᠠᠮᠲᠤ ᠪᠥᠬᠦ ᠬᠤᠲᠠ ᠶᠢᠨ ᠪᠠᠷᠢᠯᠭ᠎ᠠ ᠶᠢᠨ ᠡᠨᠧᠷᠬᠢ ᠶᠢ ᠠᠷᠪᠢᠯᠠᠬᠤ ᠲᠥᠷᠢᠮ ᠲᠤᠭᠲᠠᠭᠠᠯ ᠪᠠ | ᠬᠥᠭᠵᠢᠬᠦᠯᠥᠯᠲᠡ ᠶᠢᠨ ᠲᠥᠯᠥᠪᠯᠡᠭᠡ ᠶᠢ ᠲᠤᠭᠤᠷᠪᠢᠨ ᠲᠤᠭᠲᠠᠭᠠᠬᠤ ᠪᠥᠭᠡᠳ ᠬᠢᠨᠠᠨ ᠭᠡᠷᠡᠭᠵᠢᠬᠦᠯᠥᠨ᠎ᠡ᠃ ᠴᠢᠬᠤᠯᠠ | ᠪᠠᠷᠢᠯᠭ᠎ᠠ ᠶᠢᠨ ᠡᠨᠧᠷᠬᠢ ᠠᠷᠪᠢᠯᠠᠬᠤ ᠵᠥᠢᠯ ᠢ ᠵᠤᠬᠢᠶᠠᠨ ᠪᠠᠶᠢᠭᠤᠯᠤᠨ ᠭᠡᠷᠡᠭᠵᠢᠬᠦᠯᠥᠨ᠎ᠡ᠃ | ︵ᠠᠷᠪᠠᠨ ᠬᠤᠶᠠᠷ︶ ᠤᠷᠤᠨ ᠰᠠᠭᠤᠴᠠ ᠶᠢᠨ ᠨᠡᠶᠢᠲᠡ ᠶᠢᠨ ᠬᠤᠷᠠᠮᠲᠤᠭᠤᠯᠭ᠎ᠠ ᠶᠢᠨ ᠮᠥᠩᠬᠦ ᠶᠢᠨ ᠬᠢᠨᠠᠨ | ᠬᠠᠮᠢᠶᠠᠷᠤᠯᠲᠠ ᠶᠢ ᠬᠠᠷᠢᠭᠤᠴᠠᠵᠤ᠂ ᠤᠷᠤᠨ ᠰᠠᠭᠤᠴᠠ ᠶᠢᠨ ᠨᠡᠶᠢᠲᠡ ᠶᠢᠨ ᠬᠤᠷᠠᠮᠲᠤᠭᠤᠯᠭ᠎ᠠ ᠶᠢᠨ ᠮᠥᠩᠭᠦ ᠶᠢ | ᠪᠥᠲᠤᠮᠵᠢ ᠲᠠᠢ ᠭᠡᠷᠡᠭᠯᠡᠬᠦ ᠪᠠ ᠠᠶᠤᠯᠬᠦᠢ ᠶᠢ ᠪᠠᠲᠤᠯᠠᠨ᠎ᠠ︔ ᠤᠷᠤᠨ ᠰᠠᠭᠤᠴᠨ ᠶᠢᠨ ᠨᠡᠶᠢᠲᠠ ᠶᠢᠨ | ᠬᠤᠷᠠᠮᠲᠤᠭᠤᠯᠭ᠎ᠠ ᠶᠢᠨ ᠮᠥᠩᠬᠦ ᠶᠢ ᠬᠤᠷᠢᠶᠠᠨ ᠬᠠᠲᠠᠭᠠᠠᠯᠠᠬᠤ᠂ ᠭᠡᠷᠡᠭᠯᠡᠬᠦ᠂ ᠬᠠᠮᠢᠶᠠᠷᠬᠤ ᠪᠠ ᠬᠢᠨᠠᠬᠤ ᠲᠤᠭᠲᠠᠭᠠᠯ ᠢ | ᠲᠤᠭᠤᠷᠪᠢᠨ ᠲᠤᠭᠲᠠᠭᠠᠵᠤ᠂ ᠪᠥᠬᠦ ᠬᠤᠲᠠ ᠶᠢᠨ ᠤᠷᠤᠨ ᠰᠠᠭᠤᠴᠠ ᠶᠢᠨ ᠨᠡᠶᠢᠲᠡ ᠶᠢᠨ ᠬᠤᠷᠠᠮᠲᠤᠭᠤᠯᠭ᠎ᠠ ᠶᠢᠨ | ᠮᠥᠩᠬᠦ ᠪᠠ ᠪᠤᠰᠤᠤᠨ ᠤᠷᠤᠨ ᠰᠠᠭᠤᠴᠨ ᠤ ᠪᠡᠯᠡ ᠮᠥᠩᠬᠦ ᠶᠢᠨ ᠬᠠᠮᠢᠶᠠᠷᠤᠯᠲᠠ᠂ ᠬᠡᠷᠡᠭᠯᠡᠬᠦ ᠪᠠ ᠠᠶᠤᠯᠬᠦᠢ ᠳᠤ | ᠬᠢᠨᠠᠯᠲᠠ ᠲᠠᠯᠪᠢᠵᠤ᠂ ᠤᠷᠤᠨ ᠰᠠᠭᠤᠴᠨ ᠤᠨ ᠨᠡᠶᠢᠲᠡ ᠶᠢᠨ ᠬᠤᠷᠠᠮᠲᠤᠭᠤᠯᠭ᠎ᠠ ᠶᠢᠨ ᠮᠥᠩᠬᠦ ᠶᠢᠨ ᠵᠠᠩᠬᠢ ᠶᠢᠨ | ᠰᠢᠰᠲ᠋ᠧᠮ ᠳᠤ ᠬᠢᠨᠠᠯᠲᠠ ᠲᠠᠯᠪᠢᠨ᠎ᠠ᠃ | ︵ᠠᠷᠪᠠᠨ ᠭᠤᠷᠪᠠ︶ ᠦᠬᠠᠢ ᠬᠤᠲᠠ ᠶᠢᠨ ᠠᠷᠠᠳ ᠤᠨ ᠵᠠᠰᠠᠭ ᠤᠨ ᠤᠷᠲᠤᠨ ᠤ ᠲᠤᠰᠢᠶᠠᠭᠰᠠᠨ ᠪᠤᠰᠤᠳ | ᠭᠡᠷᠡᠭ ᠶᠠᠪᠤᠲᠠᠯ ᠢ ᠡᠷᠬᠢᠯᠡᠨ᠎ᠠ᠃ |