ᠬᠤᠪᠢ ᠬᠥᠮᠦᠨ ᠤ ᠠᠰᠢᠭ ᠣᠷᠣᠯᠭ᠎ᠠ ᠶᠢᠨ ᠭᠠᠶᠢᠯᠢ ᠶᠢᠨ ᠲᠤᠰᠬᠠᠢ ᠵᠦᠢᠯ ᠤᠨ ᠨᠡᠮᠡᠯᠲᠡ ᠵᠠᠷᠤᠳᠠᠯ ᠢ ᠬᠠᠰᠤᠭᠤᠯᠬᠤ ᠳᠤᠬᠠᠢ
ᠨᠡᠶᠢᠲᠡᠯᠡᠭᠰᠡᠨ ᠴᠠᠭ᠄
2020/10/13
     ᠭᠠᠶᠢᠯᠢ ᠶᠢᠨ ᠶᠠᠪᠤᠳᠠᠯ ᠤᠨ ᠰᠠᠯᠠᠭ᠎ᠠ ᠮᠥᠴᠢᠷ ᠠᠴᠠ ᠥᠷᠭᠡᠨ ᠣᠯᠠᠨ ᠭᠠᠶᠢᠯᠢ  ᠲᠤᠰᠢᠶᠠᠭᠴᠢ ᠳᠤ᠂ ᠲᠤᠰᠬᠠᠶ ᠵᠦᠢᠯ ᠤᠨ ᠨᠡᠮᠡᠯᠲᠡ ᠵᠠᠷᠤᠳᠠᠯ ᠢ ᠬᠠᠰᠤᠭᠤᠯᠬᠤ ᠪᠠᠷ ᠭᠤᠶᠤᠴᠢᠯᠠᠨ ᠮᠡᠳᠡᠭᠦᠯᠬᠦ ᠳᠤ ᠭᠠᠶᠢᠯᠢ ᠲᠤᠰᠢᠶᠠᠭᠴᠢ ᠨᠢ ᠭᠤᠶᠤᠴᠢᠯᠠᠨ ᠮᠡᠳᠡᠭᠦᠯᠦᠭᠰᠡᠨ ᠮᠡᠳᠡᠭᠡ ᠵᠠᠩᠭᠢ ᠶᠢᠨ ᠢᠶᠠᠨ ᠦᠨᠡᠨ ᠪᠣᠳᠠᠲᠤ ᠴᠢᠨᠠᠷ᠂ ᠣᠨᠣᠪᠴᠢᠲᠤ ᠴᠢᠨᠠᠷ᠂ ᠪᠦᠷᠢᠨ ᠪᠦᠲᠦᠨ ᠴᠢᠨᠠᠷ ᠲᠤ ᠬᠠᠷᠢᠭᠤᠴᠠᠬᠤ ᠬᠡᠷᠡᠭᠲᠡᠶ ᠬᠡᠵᠦ ᠰᠠᠨᠠᠭᠤᠯᠵᠠᠢ᠃            ᠬᠤᠪᠢ ᠬᠥᠮᠦᠨ ᠤ ᠠᠰᠢᠭ ᠣᠷᠣᠯᠭ᠎ᠠ ᠶᠢᠨ ᠭᠠᠶᠢᠯᠢ ᠶᠢᠨ ᠲᠤᠰᠬᠠᠶ ᠵᠦᠢᠯ ᠤᠨ ᠨᠡᠮᠡᠯᠲᠡ  ᠵᠠᠷᠤᠳᠠᠯ ᠢ ᠬᠠᠰᠤᠬᠤ ᠲᠥᠷᠥ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠤ ᠳᠠᠷᠠᠭ᠎ᠠ᠂ ᠬᠤᠪᠢ ᠬᠥᠮᠦᠨ ᠤ ᠮᠡᠳᠡᠭᠦᠯᠦᠭᠰᠡᠨ ᠲᠤᠰᠬᠠᠶ ᠵᠦᠢᠯ ᠤᠨ ᠨᠡᠮᠡᠯᠲᠡ ᠵᠠᠷᠤᠳᠠᠯ ᠢ ᠬᠠᠰᠤᠵᠤ ᠬᠡᠯᠲᠦᠷᠢᠭᠦᠯᠬᠦ ᠮᠡᠳᠡᠭᠡ ᠵᠠᠩᠭᠢ ᠨᠢ ᠬᠤᠪᠢ ᠬᠥᠮᠦᠨ ᠤ ᠠᠰᠢᠭ ᠣᠷᠣᠯᠭ᠎ᠠ ᠶᠢᠨ ᠭᠠᠶᠢᠯᠢ ᠶᠢ ᠬᠠᠰᠤᠵᠤ ᠬᠡᠯᠲᠦᠷᠢᠭᠦᠯᠬᠦ ᠶᠢᠨ ᠰᠠᠭᠤᠷᠢ ᠪᠣᠯᠵᠤ᠂ ᠬᠤᠪᠢ ᠬᠥᠮᠦᠨ ᠤ ᠭᠠᠶᠢᠯᠢ ᠲᠤᠰᠢᠶᠠᠬᠤ ᠵᠣᠭᠤᠰᠦᠨ ᠤ ᠲᠤᠭ᠎ᠠ ᠶᠢᠨ ᠣᠯᠠᠨ ᠴᠥᠭᠡᠨ ᠢ ᠰᠢᠭᠤᠳ ᠲᠣᠭᠲᠠᠭᠠᠨ᠎ᠠ᠃ ᠭᠠᠶᠢᠯᠢ ᠲᠤᠰᠢᠶᠠᠭᠴᠢ ᠶᠢᠨ ᠲᠤᠰᠬᠠᠶ  ᠵᠦᠢᠯ ᠤᠨ ᠨᠡᠮᠡᠯᠲᠡ ᠵᠠᠷᠤᠳᠠᠯ ᠢ ᠨᠠᠩ ᠵᠤᠬᠢᠰᠳᠠᠢ ᠬᠠᠰᠤᠭᠤᠯᠬᠤ ᠶᠢᠨ ᠲᠤᠰᠠᠳᠠ᠂ ᠭᠠᠶᠢᠯᠢ ᠶᠢᠨ ᠶᠠᠪᠤᠳᠠᠯ ᠤᠨ ᠰᠠᠯᠠᠭ᠎ᠠ ᠮᠥᠴᠢᠷ ᠠᠴᠠ ᠤᠶᠢᠷ᠎ᠡ ᠳᠤ ᠥᠷᠭᠡᠨ ᠣᠯᠠᠨ ᠭᠠᠶᠢᠯᠢ ᠲᠤᠰᠢᠶᠠᠭᠴᠢ ᠳᠤ᠂ ᠲᠤᠰᠬᠠᠶ ᠵᠦᠢᠯ ᠤᠨ ᠨᠡᠮᠡᠯᠲᠡ ᠵᠠᠷᠤᠳᠠᠯ ᠢ ᠬᠠᠰᠤᠭᠤᠯᠬᠤ ᠪᠠᠷ ᠭᠤᠶᠤᠴᠢᠯᠠᠨ ᠮᠡᠳᠡᠭᠦᠯᠬᠦ ᠳᠤ᠂  ᠭᠠᠶᠢᠯᠢ ᠲᠤᠰᠢᠶᠠᠭᠴᠢ ᠨᠢ ᠭᠤᠶᠤᠴᠢᠯᠠᠨ ᠮᠡᠳᠡᠭᠦᠯᠦᠭᠰᠡᠨ ᠮᠡᠳᠡᠭᠡ ᠵᠠᠩᠭᠢ ᠶᠢᠨ ᠢᠶᠠᠨ ᠦᠨᠡᠨ ᠪᠣᠳᠠᠲᠤ ᠴᠢᠨᠠᠷ᠂ ᠣᠨᠣᠪᠴᠢᠲᠤ ᠴᠢᠨᠠᠷ᠂ ᠪᠦᠷᠢᠨ ᠪᠦᠲᠦᠨ ᠴᠢᠨᠠᠷ ᠲᠤ ᠬᠠᠷᠢᠭᠤᠴᠠᠬᠤ ᠬᠡᠷᠡᠭᠲᠡᠶ᠂ ᠢᠯᠠᠩᠭᠤᠶ᠎ᠠ ᠳᠣᠤᠷᠠᠬᠢ ᠬᠡᠳᠦᠨ ᠲᠠᠯ᠎ᠠ ᠪᠠᠷ ᠮᠡᠳᠡᠭᠦᠯᠦᠭᠰᠡᠨ ᠮᠡᠳᠡᠭᠡ ᠵᠠᠩᠭᠢ ᠶᠢᠨ ᠦᠨᠡᠨ ᠪᠣᠳᠠᠲᠠᠶ ᠪᠥᠭᠡᠳ ᠣᠨᠣᠪᠴᠢᠲᠠᠶ ᠪᠠᠶᠢᠬᠤ ᠶᠢ ᠠᠩᠬᠠᠷᠬᠤ ᠬᠡᠷᠡᠭᠲᠡᠶ ᠬᠡᠵᠦ ᠰᠠᠨᠠᠭᠤᠯᠤᠬᠰᠠᠨ ᠪᠠᠶᠢᠨ᠎ᠠ᠄              ᠦᠷ᠎ᠡ ᠬᠡᠦᠬᠡᠳ ᠤᠨ ᠰᠤᠷᠭᠠᠨ ᠬᠥᠮᠦᠵᠢᠯ ᠤᠨ ᠭᠡᠷᠡᠴᠢᠯᠡᠯ — ᠭᠠᠶᠢᠯᠢ ᠲᠤᠰᠢᠶᠠᠭᠴᠢ ᠨᠢ ᠲᠤᠰᠬᠠᠶ ᠵᠦᠢᠯ ᠤᠨ ᠨᠡᠮᠡᠯᠲᠡ ᠵᠠᠷᠤᠳᠠᠯ ᠢ ᠬᠠᠰᠤᠬᠰᠠᠨ ᠬᠠᠷᠠᠭᠠᠯᠵᠠᠯ ᠢ ᠬᠦᠷᠲᠡᠭᠰᠡᠨ ᠬᠠᠮᠢᠶ᠎ᠠ ᠪᠦᠬᠦᠢ ᠭᠡᠷᠡᠴᠢ ᠮᠠᠲ᠋ᠧᠷᠢᠶᠠᠯ ᠢᠶᠠᠨ ᠬᠠᠤᠯᠢ ᠶᠣᠰᠣᠭᠠᠷ ᠦᠯᠡᠳᠡᠭᠡᠨ ᠬᠠᠳᠠᠭᠠᠯᠠᠬᠤ ᠬᠡᠷᠡᠭᠲᠡᠶ᠂ ᠵᠢᠱᠢᠶᠡᠯᠡᠪᠡᠯ ᠦᠷ᠎ᠡ ᠬᠡᠤᠬᠡᠳ ᠨᠢ ᠬᠢᠯᠢ ᠶᠢᠨ ᠭᠠᠳᠠᠨ᠎ᠠ ᠰᠤᠷᠤᠯᠭ᠎ᠠ ᠶᠢᠨ ᠬᠢᠷᠢ ᠬᠡᠮ ᠤᠨ ᠰᠤᠷᠭᠠᠨ ᠬᠥᠮᠦᠵᠢᠯ ᠬᠦᠷᠲᠡᠵᠦ ᠪᠠᠶᠢᠭ᠎ᠠ ᠪᠠ ᠰᠤᠷᠭᠠᠨ ᠬᠥᠮᠦᠵᠢᠯ ᠤᠨ ᠨᠡᠮᠡᠯᠳᠡ ᠵᠦᠢᠯ ᠤᠨ ᠬᠠᠰᠤᠯᠳᠠ ᠶᠢᠨ ᠬᠠᠷᠠᠭᠠᠯᠵᠠᠯ ᠢ ᠬᠦᠷᠲᠡᠵᠦ ᠪᠠᠶᠢᠭ᠎ᠠ ᠭᠠᠶᠢᠯᠢ ᠲᠤᠰᠢᠶᠠᠭᠴᠢ ᠨᠢ ᠬᠢᠯᠢ ᠶᠢᠨ ᠭᠠᠳᠠᠨᠠᠬᠢ ᠰᠤᠷᠭᠠᠭᠤᠯᠢ ᠳᠤ ᠡᠯᠰᠡᠭᠳᠡᠭᠰᠡᠨ ᠮᠡᠳᠡᠭᠳᠡᠯ ᠤᠨ ᠪᠢᠴᠢᠭ᠂ ᠭᠠᠳᠠᠭᠠᠳᠤ ᠳᠤ ᠰᠤᠷᠤᠯᠴᠠᠬᠤ ᠸᠢᠰᠠ ᠵᠡᠷᠭᠡ ᠬᠠᠮᠢᠶ᠎ᠠ ᠪᠦᠬᠦᠢ ᠰᠤᠷᠭᠠᠨ ᠬᠥᠮᠦᠵᠢᠯ ᠤᠨ ᠭᠡᠷᠡᠴᠢ ᠮᠠᠲ᠋ᠧᠷᠢᠶᠠᠯ ᠢᠶᠠᠨ ᠦᠯᠡᠳᠡᠭᠡᠨ ᠬᠠᠳᠠᠭᠠᠯᠠᠬᠤ ᠴᠢᠬᠤᠯᠠᠲᠠᠶ᠃ ᠬᠡᠷᠪᠡ ᠭᠠᠶᠢᠯᠢ ᠲᠤᠰᠢᠶᠠᠭᠴᠢ ᠨᠢ ᠶᠠᠮᠠᠷ ᠨᠢᠭᠡᠨ ᠵᠦᠢᠯ ᠤᠨ ᠲᠤᠰᠬᠠᠶ ᠵᠦᠢᠯ ᠤᠨ ᠨᠡᠮᠡᠯᠲᠡ ᠵᠠᠷᠤᠳᠠᠯ ᠢ ᠬᠠᠰᠤᠭᠤᠯᠬᠤ ᠪᠠᠷ ᠨᠢᠭᠡᠨᠳᠡ ᠮᠡᠳᠡᠭᠦᠯᠦᠭᠰᠡᠨ ᠪᠤᠯᠪᠠᠴᠤ ᠲᠡᠭᠡᠷ᠎ᠡ ᠲᠤᠷᠠᠳᠤᠬᠰᠠᠨ ᠭᠡᠷᠡᠴᠢ ᠮᠠᠲ᠋ᠧᠷᠢᠶᠠᠯ ᠢ ᠦᠯᠡᠳᠡᠭᠡᠨ ᠬᠠᠳᠠᠭᠠᠯᠠᠭᠰᠠᠨ ᠥᠬᠡᠶ ᠳᠤ  ᠬᠦᠷᠪᠡᠯ᠂ ᠲᠤᠰᠬᠠᠶ ᠵᠦᠢᠯ ᠤᠨ ᠨᠡᠮᠡᠯᠲᠡ ᠵᠠᠷᠤᠳᠠᠯ ᠤᠨ ᠬᠠᠰᠤᠯᠲᠠ ᠶᠢᠨ ᠬᠠᠷᠠᠭᠠᠯᠵᠠᠯ ᠢ ᠬᠦᠷᠲᠡᠬᠦ ᠶᠢ ᠨᠢ ᠨᠥᠯᠥᠭᠡᠯᠡᠬᠦ ᠪᠣᠯᠤᠨ᠎ᠠ᠃              ᠬᠦᠨᠳᠦ ᠡᠪᠡᠳᠴᠢᠨ ᠡᠮᠨᠡᠬᠦᠯᠦᠭᠰᠡᠨ ᠵᠠᠷᠤᠳᠠᠯ ᠢ ᠰᠠᠭᠤᠯᠭᠠᠨ ᠬᠠᠰᠤᠬᠤ — ᠭᠠᠶᠢᠯᠢ  ᠲᠤᠰᠢᠶᠠᠭᠴᠢ ᠨᠢ 2020 ᠣᠨ 1 ᠰᠠᠷ᠎ᠠ ᠶᠢᠨ 1 ᠤ ᠡᠳᠦᠷ ︵ᠪᠠᠭᠲᠠᠨ᠎ᠠ︶ ᠠᠴᠠ ᠬᠤᠶᠢᠰᠢ ᠰᠠᠶ᠋ᠢ  ᠬᠦᠨᠳᠦ ᠡᠪᠡᠳᠴᠢᠨ ᠡᠮᠨᠡᠬᠦᠯᠦᠭᠰᠡᠨ ᠵᠠᠷᠤᠳᠠᠯ ᠢ ᠰᠠᠭᠤᠯᠭᠠᠨ ᠬᠠᠰᠤᠭᠤᠯᠬᠤ ᠪᠠᠷ ᠭᠤᠶᠤᠴᠢᠯᠠᠨ ᠮᠡᠳᠡᠭᠦᠯᠬᠦ ᠬᠡᠷᠡᠭᠲᠡᠶ᠃ ᠬᠦᠨᠳᠦ ᠡᠪᠡᠳᠴᠢᠨ ᠡᠮᠨᠡᠬᠦᠯᠦᠭᠰᠡᠨ ᠵᠠᠷᠤᠳᠠᠯ ᠢ ᠰᠠᠭᠤᠯᠭᠠᠨ ᠬᠠᠰᠤᠬᠤ ᠳᠤ ᠬᠤᠪᠢ ᠬᠥᠮᠦᠨ ᠤ ᠪᠥᠬᠦ ᠵᠢᠯ ᠳᠤ ᠡᠮᠨᠡᠬᠦᠯᠦᠭᠰᠡᠨ ᠡᠮᠴᠢᠯᠡᠭᠡᠨ ᠤ ᠵᠠᠷᠤᠳᠠᠯ ᠤᠨ ᠥᠪᠡᠰᠦᠪᠡᠨ ᠡᠭᠦᠷᠭᠡᠯᠡᠬᠦ ᠵᠣᠭᠤᠰᠤᠨ ᠤ ᠲᠤᠭ᠎ᠠ ᠶᠢ ᠨᠡᠶᠢᠯᠡᠬᠦᠯᠦᠨ ᠪᠣᠳᠣᠬᠤ ᠴᠢᠬᠤᠯᠠᠲᠠᠶ ᠪᠣᠯᠬᠤᠷ  ᠵᠥᠪᠬᠡᠨ 2019 ᠣᠨ ᠳᠠᠭᠤᠰᠤᠭᠰᠠᠨ ᠤ ᠳᠠᠷᠠᠭ᠎ᠠ ᠰᠠᠶ᠋ᠢ ᠭᠤᠶᠤᠴᠢᠯᠠᠨ ᠮᠡᠳᠡᠬᠦᠯᠵᠦ ᠬᠠᠰᠤᠭᠤᠯᠵᠤ ᠪᠣᠯᠤᠨ᠎ᠠ᠃            ᠣᠷᠣᠨ ᠰᠠᠭᠤᠴᠠ ᠶᠢᠨ ᠵᠠᠷᠤᠯᠭ᠎ᠠ ᠶᠢᠨ ᠮᠡᠳᠡᠭᠡ ᠵᠠᠩᠭᠢ — ᠭᠠᠶᠢᠯᠢ ᠲᠤᠰᠢᠶᠠᠭᠴᠢ ᠨᠢ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ ᠪᠠ ᠣᠷᠣᠨ ᠰᠠᠭᠤᠴᠠ ᠶᠢᠨ ᠲᠦᠷᠢᠶᠡᠰᠦᠨ ᠮᠥᠩᠭᠦ ᠰᠠᠭᠤᠯᠭᠠᠨ ᠬᠠᠰᠤᠭᠤᠯᠬᠤ ᠪᠠᠷ ᠬᠠᠮᠲᠤ ᠳᠤᠨᠢ ᠭᠤᠶᠤᠴᠢᠯᠠᠨ ᠮᠡᠳᠡᠭᠦᠯᠵᠦ ᠪᠣᠯᠬᠤ ᠦᠭᠡᠢ᠂ ᠵᠥᠪᠬᠡᠨ ᠣᠷᠣᠨ ᠰᠠᠭᠤᠴᠠ ᠶᠢᠨ ᠵᠢᠭᠡᠯᠡᠯᠭᠡ ᠶᠢᠨ ᠬᠦᠦ ᠮᠥᠩᠭᠦ ᠪᠤᠶᠤ ᠣᠷᠣᠨ ᠰᠠᠭᠤᠴᠠ ᠶᠢᠨ ᠲᠦᠷᠢᠶᠡᠰᠦᠨ ᠮᠥᠩᠭᠦ ᠶᠢᠨ ᠳᠣᠲᠣᠷᠠᠬᠢ ᠨᠢᠭᠡ ᠵᠦᠢᠯ ᠢ ᠨᠢ ᠰᠠᠭᠤᠯᠭᠠᠨ ᠬᠠᠰᠤᠭᠤᠯᠬᠤ ᠪᠠᠷ ᠰᠣᠩᠭᠤᠬᠤ ᠬᠡᠷᠡᠭᠲᠡᠶ᠃ ᠬᠤᠶᠠᠷ ᠵᠦᠢᠯ ᠨᠢ ᠰᠠᠭᠤᠯᠭᠠᠨ ᠠᠪᠬᠤ ᠨᠥᠬᠦᠴᠡᠯ ᠳᠤ ᠪᠦᠷ ᠨᠡᠶᠢᠴᠡᠵᠦ ᠪᠠᠶᠢᠪᠠᠯ᠂ ᠬᠤᠪᠢ ᠬᠥᠮᠦᠨ ᠤ ᠪᠠᠶᠢᠳᠠᠯ ᠢᠶᠠᠨ ᠦᠨᠳᠦᠰᠦᠯᠡᠨ ᠲᠡᠭᠦᠨ ᠤ ᠳᠣᠲᠣᠷᠠᠬᠢ ᠨᠢᠭᠡ ᠵᠦᠢᠯ ᠢ ᠨᠢ ᠰᠣᠩᠭᠤᠵᠤ ᠪᠣᠯᠤᠨ᠎ᠠ᠃              ᠠᠵᠢᠯ ᠮᠡᠷᠭᠡᠵᠢᠯ ᠤᠨ ᠰᠤᠷᠭᠠᠨ ᠬᠥᠮᠦᠵᠢᠯ ᠬᠦ᠋ᠷᠳᠡᠭᠰᠡᠨ ᠴᠠᠭ ᠬᠤᠭᠤᠴᠠᠭ᠎ᠠ — ᠠᠵᠢᠯ ᠮᠡᠷᠭᠡᠵᠢᠯ ᠤᠨ ᠬᠢᠷᠢ ᠬᠡᠮ ᠤᠨ ᠦᠷᠭᠦᠯᠵᠢᠯᠡᠭᠰᠡᠨ ᠰᠤᠷᠭᠠᠨ ᠬᠥᠮᠦᠵᠢᠯ ᠬᠦᠷᠲᠡᠬᠦ ᠪᠠᠷ  ᠭᠤᠶᠤᠴᠢᠯᠠᠨ ᠮᠡᠳᠡᠭᠦᠯᠬᠦ ᠬᠦᠮᠦᠰ ᠤᠨ ᠬᠦᠰᠦᠨᠦᠭᠳᠦ ᠳᠤ ᠲᠠᠭᠯᠠᠨ ᠮᠡᠳᠡᠭᠦᠯᠬᠦ ᠬᠤᠯᠪᠣᠭᠳᠠᠯ ᠪᠦᠬᠦᠢ ᠬᠡᠷᠡᠴᠢ ᠦᠨᠡᠮᠯᠡᠯ ᠢ ᠣᠯᠭᠤᠭᠰᠠᠨ ᠪᠤᠶᠤ ᠵᠥᠪᠰᠢᠶᠡᠷᠡᠭᠰᠡᠨ ᠡᠳᠦᠷ ᠬᠤᠭᠤᠴᠠᠭ᠎ᠠ ᠨᠢ 2019 ᠣᠨ 1 ᠰᠠᠷ᠎ᠠ ᠶᠢᠨ 1 ᠤ ᠡᠳᠦᠷ ︵ᠪᠠᠭᠲᠠᠨ᠎ᠠ︶ ᠠᠴᠠ ᠬᠤᠶᠢᠰᠢ ᠪᠠᠶᠢᠬᠤ ᠬᠡᠷᠡᠭᠲᠡᠶ᠃ ᠲᠤᠰᠬᠠᠶ ᠵᠦᠢᠯ ᠤᠨ ᠨᠡᠮᠡᠯᠲᠡ ᠵᠠᠷᠤᠳᠠᠯ ᠢ ᠬᠠᠰᠤᠬᠤ ᠶᠢ 2019 ᠣᠨ 1 ᠰᠠᠷ᠎ᠠ ᠶᠢᠨ 1 ᠤ ᠡᠳᠦᠷ ᠠᠴᠠ ᠡᠬᠢᠯᠡᠵᠦ  ᠬᠡᠷᠡᠭᠵᠢᠭᠦᠯᠬᠦ ᠪᠤᠯᠬᠤᠷ ᠦᠨᠡᠮᠯᠡᠯ ᠣᠯᠭᠤᠭᠰᠠᠨ ︵ᠵᠥᠪᠰᠢᠶᠡᠷᠡᠭᠰᠡᠨ︶ ᠡᠳᠦᠷ ᠬᠤᠭᠤᠴᠠᠭ᠎ᠠ ᠨᠢ ᠡᠨᠡ ᠴᠠᠬ ᠬᠤᠭᠤᠴᠠᠭᠠᠨ ᠠᠴᠠ ᠬᠤᠶᠢᠰᠢ ᠪᠠᠶᠢᠪᠠᠯ ᠰᠠᠶ᠋ᠢ ᠬᠠᠤᠯᠢ ᠶᠣᠰᠣᠭᠠᠷ ᠰᠠᠭᠤᠯᠭᠠᠵᠤ ᠠᠪᠤᠨ᠎ᠠ᠃              ᠰᠤᠷᠭᠠᠨ ᠬᠥᠮᠦᠵᠢᠯ ᠤᠨ ᠰᠦᠢᠳᠭᠡᠯ ᠰᠠᠭᠤᠯᠭᠠᠨ ᠠᠪᠬᠤ ᠪᠠᠷᠢᠮᠵᠢᠶ᠎ᠠ — ᠭᠠᠶᠢᠯᠢ  ᠲᠤᠰᠢᠶᠠᠭᠴᠢ ᠨᠢ ᠦᠷ᠎ᠡ ᠬᠡᠦᠬᠡᠳ ᠤᠨ ᠰᠤᠷᠭᠠᠨ ᠬᠥᠮᠦᠵᠢᠯ ᠤᠨ ᠰᠦᠢᠳᠭᠡᠯ ᠢ ᠰᠠᠭᠤᠯᠭᠠᠨ ᠬᠠᠰᠤᠭᠤᠯᠬᠤ ᠪᠠᠷ ᠭᠤᠶᠤᠴᠢᠯᠠᠨ ᠮᠡᠳᠡᠬᠦᠯᠬᠦ ᠳᠤ ᠬᠦᠷᠪᠡᠯ᠂ ᠡᠴᠢᠭᠡ ᠡᠬᠡ ᠠᠴᠠ ᠨᠢ ᠰᠠᠭᠤᠯᠭᠠᠨ ᠠᠪᠬᠤ ᠪᠦᠬᠦ ᠵᠣᠭᠤᠰᠤᠨ ᠤ ᠲᠤᠭ᠎ᠠ ᠨᠢ ᠦᠷ᠎ᠡ ᠬᠡᠦᠬᠡᠳ ᠨᠢᠭᠡᠪᠦᠷᠢ ᠶᠢᠨ ᠰᠠᠷ᠎ᠠ ᠳᠠᠭᠠᠨ 1000 ᠲᠥᠭᠦᠷᠢᠭ ᠰᠠᠭᠤᠯᠭᠠᠨ ᠠᠪᠬᠤ ᠪᠠᠷᠢᠮᠵᠢᠶ᠎ᠠ ᠠᠴᠠ ᠬᠡᠲᠦᠷᠡᠵᠦ ᠪᠣᠯᠬᠤ ᠦᠭᠡᠢ᠃ ᠬᠡᠷᠪᠡ ᠡᠴᠢᠭᠡ  ᠡᠬᠡ ᠬᠤᠶᠠᠷ ᠲᠠᠯ᠎ᠠ ᠶᠢᠨ ᠬᠢᠨ ᠦᠷ᠎ᠡ ᠬᠡᠦᠬᠡᠳ ᠤᠨ ᠢᠶᠠᠨ ᠰᠤᠷᠭᠠᠨ ᠬᠥᠮᠦᠵᠢᠯ ᠤᠨ ᠰᠦᠢᠳᠭᠡᠯ ᠰᠠᠭᠤᠯᠭᠠᠨ ᠠᠪᠬᠤ ᠬᠠᠷᠠᠭᠠᠯᠵᠠᠯ ᠢ ᠬᠦᠷᠲᠡᠶ᠎ᠡ ᠬᠡᠪᠡᠯ᠂ ᠵᠥᠪᠳᠡᠯᠴᠡᠨ ᠶᠠᠷᠢᠯᠴᠠᠵᠤ ᠰᠠᠨᠠᠯ ᠨᠢᠭᠡᠳᠦᠭᠰᠡᠨ ᠰᠠᠭᠤᠷᠢᠨ ᠳᠡᠭᠡᠷ᠎ᠡ ᠭᠤᠶᠤᠴᠢᠯᠠᠨ ᠮᠡᠳᠡᠭᠦᠯᠬᠦ ᠬᠡᠷᠡᠭᠲᠡᠶ᠃ ᠬᠡᠷᠪᠡ ᠬᠤᠶᠠᠷ ᠲᠠᠯ᠎ᠠ ᠪᠠᠷ ᠢᠶᠠᠨ ᠴᠥᠮ ᠰᠠᠷ᠎ᠠ ᠪᠦᠷᠢ 1000 ᠲᠥᠭᠦᠷᠢᠭ ᠤᠨ ᠰᠦᠢᠳᠭᠡᠯ ᠰᠠᠭᠤᠯᠭᠠᠨ ᠠᠪᠬᠤ  ᠪᠠᠷᠢᠮᠵᠢᠶ᠎ᠠ ᠶᠣᠰᠣᠭᠠᠷ ᠭᠤᠶᠤᠴᠢᠯᠠᠨ ᠮᠡᠳᠡᠭᠦᠯᠬᠦ ᠳᠤ ᠬᠦᠷᠪᠡᠯ᠂ ᠬᠤᠶᠠᠷ ᠲᠠᠯ᠎ᠠ ᠶᠢᠨ ᠦᠷ᠎ᠡ  ᠬᠡᠦᠬᠡᠳ ᠤᠨ ᠰᠤᠷᠭᠠᠨ ᠬᠥᠮᠦᠵᠢᠯ ᠤᠨ ᠰᠦᠢᠳᠭᠡᠯ ᠢ ᠰᠠᠭᠤᠯᠭᠠᠨ ᠠᠪᠬᠤ ᠬᠠᠷᠠᠭᠠᠯᠵᠠᠯ ᠢ ᠬᠦᠷᠳᠡᠬᠦ ᠶᠢ ᠨᠥᠯᠥᠭᠡᠯᠡᠬᠦ ᠪᠣᠯᠤᠨ᠎ᠠ᠃               ᠡᠨᠡ ᠵᠢᠯ ᠤᠨ 1 ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠦᠭᠰᠡᠨ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠤᠪᠢ ᠬᠥᠮᠦᠨ ᠤ ᠠᠰᠢᠭ ᠣᠷᠣᠯᠭ᠎ᠠ ᠶᠢᠨ  ᠭᠠᠶᠢᠯᠢ ᠶᠢᠨ ᠬᠠᠤᠯᠢ ᠶᠢ ᠬᠡᠷᠡᠭᠵᠢᠭᠦᠯᠬᠦ ᠳᠦᠷᠢᠮ︾ ᠢ ᠦᠨᠳᠦᠰᠦᠯᠡᠪᠡᠯ᠂ ᠭᠠᠶᠢᠯᠢ ᠲᠤᠰᠢᠶᠠᠭᠴᠢ᠂ ᠭᠠᠶᠢᠯᠢ ᠲᠤᠰᠢᠶᠠᠬᠤ ᠡᠭᠦᠷᠭᠡ ᠲᠠᠢ ᠬᠥᠮᠥᠰ ᠲᠤᠰᠬᠠᠶ ᠵᠦᠢᠯ ᠤᠨ ᠨᠡᠮᠡᠯᠲᠡ ᠵᠠᠷᠤᠳᠠᠯ ᠢ  ᠰᠠᠭᠤᠯᠭᠠᠨ ᠠᠪᠬᠤ ᠲᠠᠢ ᠬᠤᠯᠪᠣᠭᠳᠠᠬᠤ ᠮᠠᠲ᠋ᠧᠷᠢᠶᠠᠯ ᠢ ᠲᠣᠭᠲᠠᠭᠠᠯ ᠶᠣᠰᠣᠭᠠᠷ ᠬᠠᠳᠠᠭᠠᠯᠠᠬᠤ  ᠬᠡᠷᠡᠭᠲᠡᠶ᠃ ᠭᠠᠶᠢᠯᠢ ᠶᠢᠨ ᠶᠠᠪᠤᠳᠠᠯ ᠤᠨ ᠪᠠᠶᠢᠭᠤᠯᠤᠯᠭ᠎ᠠ ᠨᠢ ᠭᠠᠶᠢᠯᠢ ᠲᠤᠰᠢᠶᠠᠭᠴᠢ ᠶᠢᠨ  ᠬᠠᠩᠭᠠᠭᠰᠠᠨ ᠲᠤᠰᠬᠠᠢ ᠵᠦᠢᠯ ᠤᠨ ᠨᠡᠮᠡᠯᠲᠡ ᠵᠠᠷᠤᠳᠠᠯ ᠢ ᠰᠠᠭᠤᠯᠭᠠᠨ ᠠᠪᠬᠤ ᠶᠢ ᠭᠤᠶᠤᠴᠢᠯᠠᠬᠰᠠᠨ ᠮᠡᠳᠡᠭᠡ ᠵᠠᠩᠭᠢ ᠶᠢ ᠰᠣᠭᠤᠴᠢᠨ ᠪᠠᠶᠢᠴᠠᠭᠠᠵᠤ ᠪᠣᠯᠤᠨ᠎ᠠ᠂ ᠪᠣᠳᠠᠲᠠᠢ ᠠᠷᠭ᠎ᠠ ᠶᠢ ᠲᠥᠷᠥ ᠶᠢᠨ  ᠶᠠᠪᠤᠳᠠᠯ ᠤᠨ ᠬᠤᠷᠢᠶᠠᠨ ᠤ ᠭᠠᠶᠢᠯᠢ ᠶᠢᠨ ᠶᠠᠪᠤᠳᠠᠯ ᠢ ᠡᠷᠬᠢᠯᠡᠨ ᠬᠠᠮᠢᠶᠠᠷᠴᠤ ᠪᠠᠶᠢᠭ᠎ᠠ  ᠰᠠᠯᠠᠭ᠎ᠠ ᠮᠥᠴᠢᠷ ᠠᠴᠠ ᠠᠰ ᠲᠤᠨᠢ ᠲᠣᠭᠲᠠᠭᠠᠨ᠎ᠠ᠃ ᠭᠠᠶᠢᠯᠢ ᠶᠢᠨ ᠶᠠᠪᠤᠳᠠᠯ ᠤᠨ ᠪᠠᠶᠢᠭᠤᠯᠤᠯᠭ᠎ᠠ ᠨᠢ  ᠭᠠᠶᠢᠯᠢ ᠲᠤᠰᠢᠶᠠᠭᠴᠢ ᠶᠢᠨ ᠬᠤᠳᠠᠯ ᠬᠠᠭᠤᠷᠮᠠᠭ ᠮᠡᠳᠡᠭᠡ ᠵᠠᠩᠭᠢ ᠬᠠᠩᠭᠠᠬᠰᠠᠨ ᠢ ᠣᠯᠵᠤ  ᠮᠡᠳᠡᠪᠡᠯ᠂ ᠵᠠᠷᠯᠢᠭᠳᠠᠵᠤ ᠪᠠᠶᠢᠭᠠᠳ ᠵᠠᠯᠠᠷᠠᠭᠤᠯᠤᠭᠤᠯᠬᠤ ᠶᠢᠨ ᠬᠠᠮᠳᠤ᠂ ᠭᠠᠶᠢᠯᠢ ᠲᠤᠰᠢᠶᠠᠬᠤ ᠡᠭᠦᠷᠭᠡ ᠲᠠᠢ ᠬᠦᠮᠦᠰ ᠲᠤ ᠮᠡᠳᠡᠭᠳᠡᠬᠦ ᠬᠡᠷᠡᠭᠲᠡᠶ︔ ᠦᠢᠯᠡ ᠪᠠᠶᠢᠳᠠᠯ ᠨᠢ ᠬᠦᠨᠳᠦ ᠨᠣᠴᠢᠲᠠᠢ ᠪᠤᠯ᠂ ᠬᠠᠮᠢᠶ᠎ᠠ ᠪᠦᠬᠦᠢ ᠰᠠᠯᠠᠭ᠎ᠠ ᠮᠥᠴᠢᠷ ᠠᠴᠠ ᠬᠠᠤᠯᠢ ᠶᠣᠰᠣᠭᠠᠷ ᠰᠢᠢᠳᠪᠦᠷᠢᠯᠡᠵᠦ᠂  ᠢᠲᠡᠭᠡᠮᠵᠢ ᠶᠢᠨ ᠮᠡᠳᠡᠭᠡ ᠵᠠᠩᠭᠢ ᠶᠢᠨ ᠰᠢᠰᠲ᠋ᠧᠮ ᠳᠤ ᠣᠷᠣᠭᠤᠯᠬᠤ ᠶᠢᠨ ᠬᠠᠮᠲᠤ ᠬᠤᠯᠪᠣᠭᠠᠯᠠᠨ ᠵᠠᠯᠬᠠᠭᠠᠨ ᠴᠡᠭᠡᠷᠯᠡᠭᠦᠯᠬᠦ ᠬᠡᠷᠡᠭᠲᠡᠢ᠃               ᠭᠠᠶᠢᠯᠢ ᠲᠤᠰᠢᠶᠠᠭᠴᠢ ᠨᠢ ᠬᠡᠷᠪᠡ ᠲᠤᠰᠬᠠᠶ ᠵᠦᠢᠯ ᠤᠨ ᠨᠡᠮᠡᠯᠲᠡ ᠵᠠᠷᠤᠳᠠᠯ ᠢ  ᠰᠠᠭᠤᠯᠭᠠᠨ ᠠᠪᠤᠬᠰᠠᠨ ᠠᠵᠢᠯ ᠳᠤ ᠰᠡᠵᠢᠭ ᠲᠠᠢ ᠪᠠ ᠠᠰᠠᠭᠤᠳᠠᠯ ᠬᠡᠵᠦ ᠦᠵᠡᠬᠦ ᠳᠤ ᠬᠦᠷᠪᠡᠯ᠂  ᠭᠠᠶᠢᠯᠢ ᠲᠤᠰᠢᠶᠠᠬᠤ ᠵᠥᠪᠯᠡᠯᠭᠡ ᠥᠭᠬᠦ 12366 ᠦᠢᠯᠡᠴᠢᠯᠡᠭᠡᠨ ᠤ ᠤᠲᠠᠰᠤ ᠶᠢ ᠤᠲᠠᠰᠤᠳᠠᠬᠤ ᠪᠤᠶᠤ ᠲᠤᠬᠠᠶ ᠶᠢᠨ ᠭᠠᠵᠠᠷ ᠤᠨ ᠭᠠᠶᠢᠯᠢ ᠶᠢᠨ ᠶᠠᠪᠤᠳᠠᠯ ᠤᠨ ᠪᠠᠶᠢᠭᠤᠯᠤᠯᠭ᠎ᠠ ᠠᠴᠠ ᠠᠰᠠᠭᠤᠨ ᠯᠠᠪᠯᠠᠵᠤ ᠪᠣᠯᠤᠨ᠎ᠠ᠃  
 
ᠢᠷᠡᠯᠲᠡ᠄ ᠬᠣᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号