ᠬᠡᠷᠡᠭ ᠤᠨ ᠵᠢᠱᠢᠶ᠎ᠡ᠄ | ᠡᠤ ᠤᠪᠤᠬᠳᠠᠨ᠂ ᠨᠢᠬᠡᠨ ᠬᠦᠮᠦᠨ ᠲᠠᠢ ᠠᠷᠰᠠᠷ ᠤᠴᠢᠷ ᠠᠴᠠ ᠵᠤᠳᠤᠭᠠᠨ ᠬᠢᠭᠰᠡᠨ ᠠᠴᠠ ᠪᠤᠯᠵᠤ | ᠳᠤᠮᠢᠯᠠᠯᠳᠠ ᠶᠢᠨ ᠭᠠᠵᠠᠷ ᠠᠴᠠ ᠳᠡᠬᠦᠨ ᠢ ᠵᠠᠰᠠᠭ ᠵᠠᠬᠢᠷᠭᠠᠨ ᠤ ᠬᠡᠷᠡᠭ ᠢᠶᠠᠷ ᠳᠦᠷ ᠬᠤᠷᠢᠪᠠ᠂ ᠬᠡᠳᠡᠯ᠎ᠡ ᠡᠤ | ᠤᠪᠤᠬᠳᠠᠨ ᠢ ᠳᠦᠷ ᠬᠤᠷᠢᠭᠠᠳ ᠬᠤᠶᠠᠷ ᠰᠠᠷ᠎ᠠ ᠭᠠᠷᠤᠢ ᠪᠤᠯᠤᠬᠰᠠᠨ ᠪᠤᠯᠪᠠᠴᠤ ᠳᠡᠬᠦᠨ ᠢ ᠬᠤᠷᠢᠭᠤᠯ ᠠᠴᠠ | ᠭᠠᠷᠭᠠᠬᠰᠠᠨ ᠦᠬᠡᠢ ᠳᠤ ᠡᠤ ᠤᠪᠤᠬᠳᠠᠨ ᠳᠤᠳᠤᠷ᠎ᠠ ᠪᠠᠨ ᠳᠦᠷ ᠬᠤᠷᠢᠬᠤ ᠴᠠᠭ ᠬᠤᠭᠤᠴᠠᠭ᠎ᠠ ᠨᠢᠬᠡᠨᠳᠡ ᠬᠠᠤᠯᠢ ᠪᠠᠷ | ᠳᠤᠭᠳᠠᠭᠠᠬᠰᠠᠨ ᠴᠠᠭ ᠬᠤᠭᠤᠴᠠᠭ᠎ᠠ ᠠᠴᠠ ᠳᠠᠪᠠᠭᠰᠠᠨ ᠪᠠᠶᠢᠳᠠᠯ᠎ᠠ ᠬᠡᠵᠦ ᠪᠤᠳᠤᠭᠠᠳ ᠤᠯᠤᠰ ᠤᠨ ᠬᠠᠤᠯᠢ | ᠴᠠᠭᠠᠵᠠ ᠶᠢᠨ ᠬᠤᠯᠪᠤᠬᠳᠠᠯ ᠪᠦᠬᠦᠢ ᠳᠤᠭᠳᠠᠭᠠᠯ ᠢ ᠦᠨᠳᠦᠰᠦᠯᠡᠨ ᠬᠤᠤ ᠤᠪᠤᠬᠳᠠᠨ ᠳᠤ ᠨᠠᠶᠢᠳᠠᠵᠤ ᠠᠷᠠᠳ ᠤᠨ | ᠰᠢᠬᠦᠬᠦ ᠬᠤᠷᠢᠶᠠᠨ ᠠᠴᠠ ᠵᠠᠭᠠᠯᠳᠤᠬᠳᠠᠬᠴᠢ ᠠᠴᠠ ᠡᠤ ᠤᠪᠤᠬᠳᠠᠨ ᠢ ᠳᠠᠷᠤᠢ ᠳᠦᠷᠬᠡᠨ ᠰᠤᠯᠠᠯᠠᠵᠤ ᠭᠠᠷᠭᠠᠬᠤ ᠶᠢᠨ | ᠬᠠᠮᠳᠤ ᠤᠯᠤᠰ ᠠᠴᠠ ᠳᠦᠯᠦᠪᠦᠷᠢ ᠮᠦᠩᠬᠦ ᠶᠢᠨ ᠬᠠᠷᠢᠭᠤᠴᠠᠯᠭ᠎ᠠ ᠶᠢ ᠴᠢᠩᠭ᠎ᠠ ᠨᠡᠬᠡᠮᠵᠢᠯᠡᠵᠦ᠂ ᠵᠠᠭᠠᠯᠳᠤᠬᠴᠢ ᠳᠤ | ᠤᠯᠤᠰ ᠤᠨ ᠳᠦᠯᠦᠪᠦᠷᠢ ᠮᠦᠩᠬᠦ ᠤᠯᠭᠤᠬᠤ ᠬᠡᠷᠡᠭᠳᠡᠢ ᠬᠡᠵᠦ ᠵᠠᠭᠠᠯᠳᠤᠪᠠ᠃ | | ᠳᠤᠭᠤᠷᠪᠢᠨ ᠪᠢᠴᠢᠬᠦ ᠵᠠᠬᠪᠤᠷ | ᠵᠠᠰᠠᠭ ᠵᠠᠬᠢᠷᠭᠠᠨ ᠤ ᠵᠠᠷᠭᠤ ᠶᠢᠨ ᠵᠠᠭᠠᠯᠳᠤᠯᠭ᠎ᠠ ᠶᠢᠨ ᠪᠢᠴᠢᠭ | | ᠵᠠᠭᠠᠯᠳᠤᠬᠴᠢ᠄ ᠡᠤ ᠤᠪᠤᠬᠳᠠᠨ᠂ ᠡᠷᠡᠭᠳᠡᠢ᠂ 33 ᠨᠠᠰᠤ ᠲᠠᠢ᠂ ᠬᠢᠳᠡᠳ ᠦᠨᠳᠦᠰᠦᠳᠡᠨ᠂ ᠰᠠᠭᠤᠭ᠎ᠠ | ᠭᠠᠵᠠᠷ᠄ XX ᠬᠤᠳᠠ ᠶᠢᠨ XX ᠰᠢᠶᠡᠨ ᠤ XX ᠵᠠᠮ ᠤᠨ XXX ᠳ᠋ᠤᠭᠠᠷ ᠬᠡᠷ ᠲᠤ᠂ ᠡᠳᠦᠬᠡ XX | ᠬᠤᠳᠠ ᠶᠢᠨ XX ᠳᠤᠭᠤᠷᠢᠭ ᠤᠨ XX ᠳᠦᠷ ᠬᠤᠷᠢᠬᠤ ᠭᠠᠵᠠᠷ ᠲᠤ᠃ | ᠵᠠᠷᠭᠤ ᠤᠷᠤᠯᠠᠨ ᠪᠢᠴᠢᠭᠴᠢ᠄ ᠬᠤᠤ ᠤᠪᠤᠬᠳᠠᠨ᠂ ᠡᠷᠡᠭᠳᠡᠢ᠂ 35 ᠨᠠᠰᠤ ᠲᠠᠢ᠂ ᠬᠢᠳᠡᠳ ᠦᠨᠳᠦᠰᠦᠳᠡᠨ᠂ | ᠰᠠᠭᠤᠭ᠎ᠠ ᠭᠠᠵᠠᠷ᠄ XX ᠬᠤᠳᠠ ᠶᠢᠨ XX ᠰᠢᠶᠡᠨ ᠤ XX ᠵᠠᠮ ᠤᠨ XX ᠳ᠋ᠤᠭᠠᠷ ᠬᠡᠷ ᠲᠤ᠃ ᠬᠠᠷᠢᠯᠴᠠᠬᠤ | ᠤᠳᠠᠰᠤ᠄ XXXXX᠃ | ᠵᠠᠭᠠᠯᠳᠤᠬᠳᠠᠬᠴᠢ᠄ XXX ᠳᠤᠭᠤᠷᠢᠭ ᠤᠨ XX ᠳᠤᠮᠢᠯᠠᠯᠳᠠ ᠶᠢᠨ ᠭᠠᠵᠠᠷ | ᠭᠠᠵᠠᠷ ᠤᠷᠤᠨ᠄ XX ᠬᠤᠳᠠ ᠶᠢᠨ XX ᠳᠤᠭᠤᠷᠢᠭ ᠤᠨ XX ᠵᠠᠮ ᠤᠨXX ᠳ᠋ᠤᠭᠠᠷ | ᠬᠠᠷᠢᠯᠴᠠᠬᠤ ᠤᠳᠠᠰᠤ᠄ XXX᠃ | ᠬᠠᠷᠢᠭᠤᠴᠠᠯᠭᠠᠳᠠᠨ᠄ ᠪᠠᠢ ᠤᠪᠤᠬᠳᠠᠨ | ᠳᠤᠰᠢᠶᠠᠯ᠄ ᠭᠠᠵᠠᠷ ᠤᠨ ᠳᠠᠷᠤᠭ᠎ᠠ | ᠵᠠᠭᠠᠯᠳᠤᠬᠤ ᠱᠠᠭᠠᠷᠳᠠᠯᠭ᠎ᠠ ᠡᠷᠡᠮᠡᠯᠵᠢᠯᠡᠯ᠄ | ︵1︶᠂ ᠬᠠᠤᠯᠢ ᠶᠤᠰᠤᠭᠠᠷ ᠰᠢᠬᠦᠨ ᠳᠠᠰᠤᠯᠤᠯᠳᠠ ᠬᠢᠵᠦ᠂ ᠵᠠᠭᠠᠯᠳᠤᠬᠳᠠᠬᠴᠢ ᠠᠴᠠ ᠵᠠᠭᠠᠯᠳᠤᠬᠴᠢ ᠶᠢ | ᠳᠠᠷᠤᠢ ᠳᠦᠷᠬᠡᠨ ᠰᠤᠯᠠᠯᠠᠬᠤ ᠬᠡᠷᠡᠭᠳᠡᠢ᠃ | ︵2︶᠂ ᠬᠠᠤᠯᠢ ᠶᠤᠰᠤᠭᠠᠷ ᠰᠢᠬᠦᠨ ᠳᠠᠰᠤᠯᠤᠯᠳᠠ ᠬᠢᠵᠦ᠂ ᠵᠠᠭᠠᠯᠳᠤᠬᠳᠠᠬᠴᠢ ᠠᠴᠠ ᠤᠯᠤᠰ ᠤᠨ | ᠳᠦᠯᠦᠪᠦᠷᠢ ᠮᠦᠩᠬᠦ ᠶᠢᠨ ᠬᠠᠷᠢᠭᠤᠴᠠᠯᠭ᠎ᠠ ᠶᠢ ᠬᠠᠷᠢᠭᠤᠴᠠᠵᠤ᠂ ᠤᠯᠤᠰ ᠤᠨ ᠳᠦᠯᠦᠪᠦᠷᠢ ᠮᠦᠩᠬᠦ ᠶᠢ | ᠵᠠᠭᠠᠯᠳᠤᠬᠴᠢ ᠳᠤ ᠤᠯᠭᠤᠬᠤ ᠬᠡᠷᠡᠭᠳᠡᠢ᠃ | ᠪᠤᠳᠠᠳᠤ ᠬᠡᠷᠡᠭ ᠪᠠ ᠤᠴᠢᠷ ᠰᠢᠯᠳᠠᠭᠠᠨ᠄ | ᠵᠠᠭᠠᠯᠳᠤᠬᠴᠢ XX ᠬᠤᠳᠠ ᠶᠢᠨ ᠰᠢᠶᠡᠨ ᠤ XX ᠵᠠᠮ ᠳᠡᠬᠡᠷ᠎ᠡ ᠠᠷᠰᠠᠷ ᠤᠴᠢᠷ ᠠᠴᠠ ᠪᠤᠯᠵᠤ ᠬᠡᠷᠡᠬᠦᠯ | ᠵᠤᠳᠤᠭᠠᠨ ᠬᠢᠭᠰᠡᠨ ᠠᠴᠠ XX ᠳᠤᠭᠤᠷᠢᠭ ᠤᠨ XX ᠳᠤᠮᠢᠯᠠᠯᠳᠠ ᠶᠢᠨ ᠭᠠᠵᠠᠷ ᠠᠴᠠ ᠳᠡᠬᠦᠨ ᠢ ᠵᠠᠰᠠᠭ | ᠵᠠᠬᠢᠷᠭᠠᠨ ᠤ ᠬᠡᠷᠡᠭ ᠢᠶᠠᠷ XX ᠬᠤᠳᠠ XX ᠳᠤᠭᠤᠷᠢᠭ ᠤᠨ ᠳᠦᠷ ᠬᠤᠷᠢᠬᠤ ᠭᠠᠵᠠᠷ ᠠᠪᠠᠴᠢᠵᠤ ᠬᠤᠷᠢᠪᠠ᠃ | ᠳᠤᠰ ᠭᠠᠵᠠᠷ ᠲᠤ ᠵᠠᠭᠠᠯᠳᠤᠬᠴᠢ ᠬᠦᠳᠡᠯᠮᠦᠷᠢ ᠪᠠᠷ ᠦᠬᠡᠷᠡᠴᠢᠯᠡᠭᠳᠡᠬᠦ ᠳᠡᠭᠡᠨ ᠦᠵᠡᠯ ᠰᠠᠨᠠᠭ᠎ᠠ ᠳᠡᠬᠡᠷ᠎ᠡ ᠪᠠᠨ ᠨᠡᠯᠢᠶᠡᠳ | ᠰᠤᠷᠭᠠᠨ ᠬᠦᠮᠦᠵᠢᠯ ᠬᠦᠷᠳᠡᠵᠡᠢ᠃ ᠬᠡᠪᠡᠴᠦ ᠵᠠᠭᠠᠯᠳᠤᠬᠴᠢ ᠶᠢ ᠳᠦᠷ ᠬᠤᠷᠢᠬᠤ ᠭᠠᠵᠠᠷ ᠬᠤᠶᠠᠷ ᠰᠠᠷ᠎ᠠ ᠭᠠᠷᠤᠢ | ᠬᠤᠷᠢᠭᠠᠳ ᠡᠳᠦᠬᠡ ᠪᠤᠯᠳᠠᠯ᠎ᠠ ᠰᠤᠯᠠᠯᠠᠬᠰᠠᠨ ᠦᠬᠡᠢ᠃ ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ | ᠠᠮᠤᠷ ᠳᠦᠪᠰᠢᠨ ᠤ ᠬᠠᠮᠢᠶᠠᠷᠤᠯᠳᠠ ᠶᠢᠨ ᠳᠤᠷᠭᠠᠭᠤᠯᠢ ᠶᠢᠨ ᠬᠠᠤᠯᠢ︾ ᠪᠠ ᠬᠠᠮᠢᠶ᠎ᠠ ᠪᠦᠬᠦᠢ ᠬᠠᠤᠯᠢ ᠳᠦᠷᠢᠮ ᠤᠨ | ᠳᠤᠭᠳᠠᠭᠠᠯ ᠢ ᠦᠨᠳᠦᠰᠦᠯᠡᠪᠡᠯ ᠵᠠᠰᠠᠭ ᠵᠠᠬᠢᠷᠭᠠᠨ ᠤ ᠬᠡᠷᠡᠭ ᠤᠨ ᠳᠦᠷ ᠬᠤᠷᠢᠬᠤ ᠶᠢ ᠬᠠᠮᠤᠭ ᠤᠨ ᠤᠷᠳᠤ ᠳᠠᠭᠠᠨ | 15 ᠡᠳᠦᠷ ᠬᠤᠷᠢᠵᠤ ᠪᠤᠯᠤᠨ᠎ᠠ ᠬᠡᠵᠦ ᠪᠤᠢ᠃ ᠳᠡᠬᠡᠪᠡᠯ ᠵᠠᠭᠠᠯᠳᠤᠬᠴᠢ ᠶᠢ ᠳᠦᠷ ᠬᠤᠷᠢᠬᠰᠠᠨ ᠡᠳᠦᠷ ᠬᠤᠭᠤᠴᠠᠭ᠎ᠠ | ᠨᠢ ᠨᠢᠬᠡᠨᠳᠡ ᠬᠠᠤᠯᠢ ᠪᠠᠷ ᠳᠤᠭᠳᠠᠭᠠᠬᠰᠠᠨ ᠬᠢᠵᠠᠭᠠᠷᠯᠠᠯ ᠠᠴᠠ ᠬᠤᠯᠠ ᠳᠠᠪᠠᠵᠠᠢ᠃ ᠮᠠᠨ ᠤ ᠤᠯᠤᠰ ᠤᠨ ᠬᠠᠤᠯᠢ | ᠳᠦᠷᠢᠮ ᠤᠨ ᠬᠤᠯᠪᠤᠬᠳᠠᠯ ᠪᠦᠬᠦᠢ ᠳᠤᠭᠳᠠᠭᠠᠯ ᠢᠶᠠᠷ ᠰᠢᠬᠦᠬᠦ ᠬᠤᠷᠢᠶᠠᠨ ᠠᠴᠠ ᠵᠠᠭᠠᠯᠳᠤᠬᠳᠠᠬᠴᠢ ᠶᠢ ᠬᠠᠤᠯᠢ | ᠶᠤᠰᠤᠭᠠᠷ ᠰᠢᠬᠦᠨ ᠳᠠᠰᠤᠯᠤᠯᠳᠠ ᠬᠢᠵᠦ ᠵᠠᠭᠠᠯᠳᠤᠬᠴᠢ ᠶᠢ ᠳᠠᠷᠤᠢ ᠳᠦᠷᠬᠡᠨ ᠰᠤᠯᠠᠯᠠᠵᠤ ᠳᠡᠬᠦᠨᠴᠢᠯᠡᠨ | ᠵᠠᠭᠠᠯᠳᠤᠬᠳᠠᠬᠴᠢ ᠶᠢᠨ ᠤᠯᠤᠰ ᠤᠨ ᠳᠦᠯᠦᠪᠦᠷᠢ ᠮᠦᠩᠬᠦ ᠶᠢᠨ ᠬᠠᠷᠢᠭᠤᠴᠠᠯᠭ᠎ᠠ ᠶᠢ ᠨᠡᠬᠡᠮᠵᠢᠯᠡᠨ ᠵᠠᠭᠠᠯᠳᠤᠬᠴᠢ ᠳᠤ | ᠤᠯᠭᠤᠬᠤ ᠬᠡᠷᠡᠭᠳᠡᠢ᠃ | ᠡᠬᠦᠨᠡ ᠳᠤᠯᠠ XX ᠳᠤᠭᠤᠷᠢᠭ ᠤᠨ ᠠᠷᠠᠳ ᠤᠨ ᠰᠢᠬᠦᠬᠦ ᠬᠤᠷᠢᠶᠠᠨ ᠳᠤ | ᠳᠤᠭᠠᠴᠠᠨ ᠵᠠᠭᠠᠯᠳᠤᠬᠴᠢ᠄ ᠡᠤ ᠤᠪᠤᠬᠳᠠᠨ | ᠵᠠᠷᠭᠤ ᠤᠷᠤᠯᠠᠨ ᠪᠢᠴᠢᠭᠴᠢ᠄ ᠬᠤᠤ ᠤᠪᠤᠬᠳᠠᠨ | XX ᠤᠨ ᠤ XX ᠰᠠᠷ᠎ᠠ ᠶᠢᠨ XX ᠡᠳᠦᠷ | | ᠠᠩᠬᠠᠷᠬᠤ ᠵᠦᠢᠯ᠄ | ︵1︶᠂ ᠵᠠᠰᠠᠭ ᠵᠠᠬᠢᠷᠭᠠᠨ ᠤ ᠬᠡᠷᠡᠭ ᠤᠨ ᠤᠨᠴᠠᠯᠢᠭ ᠢ ᠦᠨᠳᠦᠰᠦᠯᠡᠨ᠂ ᠵᠠᠭᠠᠯᠳᠤᠬᠴᠢ ᠶᠢᠨ ᠳᠤᠷᠠᠳᠤᠬᠰᠠᠨ | ᠵᠠᠷᠭᠤ ᠶᠢᠨ ᠱᠠᠭᠠᠷᠳᠠᠯᠭ᠎ᠠ ᠨᠢ ᠭᠤᠤᠯᠳᠠᠭᠤ᠄ ᠬᠡᠰᠡᠭ ᠪᠦᠯᠦᠭ ᠪᠤᠶᠤ ᠪᠦᠬᠦᠶᠢᠯᠡ ᠰᠢᠳᠬᠡᠯ ᠳᠤᠷᠭᠠᠭᠤᠯᠢ ᠶᠢᠨ | ᠳᠤᠭᠳᠠᠭᠠᠯ ᠢ ᠬᠦᠴᠦᠨ ᠦᠬᠡᠢ ᠪᠤᠯᠭᠠᠬᠤ᠃ ᠰᠢᠳᠬᠡᠯ ᠳᠤᠷᠭᠠᠭᠤᠯᠢ ᠶᠢᠨ ᠳᠤᠭᠳᠠᠭᠠᠯ ᠢ ᠵᠠᠰᠠᠵᠤ ᠵᠠᠯᠠᠷᠠᠭᠤᠯᠬᠤ᠂ | ᠡᠳ᠋ ᠮᠦᠩᠬᠦᠨ ᠤ ᠳᠦᠯᠦᠪᠦᠷᠢ ᠠᠪᠬᠤ ᠶᠢ ᠳᠤᠷᠠᠳᠤᠬᠤ᠃ | ︵2︶᠂ ᠤᠴᠢᠷ ᠰᠢᠯᠳᠠᠭᠠᠨ ᠤ ᠬᠡᠰᠡᠭ ᠪᠦᠯᠦᠭ ᠲᠤ ᠬᠡᠷᠡᠭ ᠤᠨ ᠠᠳᠠᠯᠢ ᠪᠤᠰᠤ ᠶᠢ ᠦᠨᠳᠦᠰᠦᠯᠡᠨ ᠭᠤᠤᠯ | ᠴᠢᠬᠤᠯᠠ ᠶᠢ ᠳᠤᠷᠠᠳᠤᠬᠤ ᠳᠠᠭᠠᠨ ᠬᠠᠤᠯᠢ ᠴᠠᠭᠠᠵᠠ᠂ ᠳᠦᠷᠢᠮ ᠳᠤᠭᠳᠠᠭᠠᠯ ᠤᠨ ᠵᠤᠷᠪᠤᠰ ᠤᠳ ᠢ ᠬᠡᠷᠡᠭᠯᠡᠬᠦ ᠳᠡᠭᠡᠨ | ᠵᠦᠪ ᠤᠨᠤᠪᠴᠢᠳᠠᠢ ᠪᠠᠶᠢᠵᠤ᠂ ᠤᠴᠢᠷ ᠶᠤᠰᠤ ᠯᠠᠪᠳᠠᠭᠤᠨ ᠪᠤᠳᠠᠳᠠᠢ ᠪᠠᠶᠢᠬᠤ ᠬᠡᠷᠡᠭᠳᠡᠢ᠃ |