ᠬᠤᠳᠠ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠤᠯᠪᠣᠭᠠᠲᠤ ᠬᠤᠷᠠᠯ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠬᠠᠮᠲᠤᠷᠠᠨ ︽ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠲᠠᠪᠤᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠤᠬᠠᠭᠤᠯᠵᠤ ᠲᠤᠤᠱᠯᠠᠭᠤᠯᠬᠤ ᠵᠢᠴᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ︾ ᠲᠤᠰᠬᠠᠶ ᠰᠡᠳᠦᠪᠲᠦ ᠲᠠᠶᠢᠯᠤᠮᠵᠢ ᠡᠷᠭᠢᠯᠡᠪᠡ
ᠨᠡᠶᠢᠲᠡᠯᠡᠭᠰᠡᠨ ᠴᠠᠭ᠄
2020/12/14
     12 ᠰᠠᠷ᠎ᠠ ᠶᠢᠨ 11 ᠤ ᠡᠳᠦᠷ᠂ ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠲᠠᠪᠤᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠤᠱᠯᠠᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠵᠤ᠂ ︽ᠤᠯᠤᠰ ᠲᠥᠷᠥ ᠪᠠᠷ ᠴᠠᠭᠳᠠᠭ᠎ᠠ ᠪᠠᠶᠢᠭᠤᠯᠬᠤ ᠶᠢ ᠪᠠᠷᠢᠮᠲᠠᠯᠠᠵᠤ ᠪᠦᠬᠦ ᠲᠠᠯ᠎ᠠ ᠪᠠᠷ ᠴᠠᠭᠳᠠᠭ᠎ᠠ ᠶᠢ ᠴᠢᠩᠭ᠎ᠠ ᠵᠠᠰᠠᠬᠤ︾ ᠬᠥᠮᠦᠵᠢᠯ ᠴᠡᠭᠴᠡᠯᠡᠯᠳᠡ ᠶᠢ ᠯᠠᠪᠳᠠᠭᠤᠨ ᠪᠠᠲᠤᠲᠠᠶ ᠠᠬᠢᠭᠤᠯᠵᠤ᠂ ᠠᠷᠠᠳ ᠤᠨ ᠴᠠᠭᠳᠠᠭ᠎ᠠ ᠲᠤᠰᠠᠯᠠᠭᠴᠢ ᠴᠠᠭᠳᠠᠭ᠎ᠠ ᠶᠢᠨ ᠤᠯᠤᠰ ᠲᠦᠷᠦ ᠶᠢᠨ ᠤᠨᠤᠯ ᠤᠨ ᠬᠡᠪ ᠪᠣᠯᠪᠠᠰᠤᠷᠠᠯ ᠢ ᠪᠦᠬᠦ ᠲᠠᠯ᠎ᠠ ᠪᠠᠷ ᠲᠡᠭᠡᠭᠰᠢᠯᠡᠬᠦᠯᠬᠦ ᠶᠢᠨ ᠲᠦᠯᠦᠭᠡ᠂ ᠬᠤᠲᠠ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠤᠯᠪᠤᠭᠠᠲᠤ ᠬᠤᠷᠠᠯ᠂ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠤᠪᠴᠢᠶ᠎ᠠ ᠬᠠᠮᠲᠤᠷᠠᠨ ︽ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠲᠠᠪᠤᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠤᠬᠠᠭᠤᠯᠵᠤ ᠲᠤᠤᠱᠯᠠᠭᠤᠯᠬᠤ ᠵᠢᠴᠢ ᠳᠤᠮᠳᠠᠳᠤ ᠶᠢᠨ ᠦᠨᠳᠦᠰᠦᠳᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ︾ ᠲᠤᠰᠬᠠᠢ ᠰᠡᠳᠦᠪᠲᠦ ᠲᠠᠶᠢᠯᠤᠮᠵᠢ ᠡᠷᠬᠢᠯᠡᠪᠡ᠃      ᠲᠤᠰᠬᠠᠶ ᠰᠡᠳᠦᠪᠲᠦ ᠲᠠᠶᠢᠯᠤᠮᠵᠢ ᠳᠡᠭᠡᠷ᠎ᠡ᠂ ᠥᠪᠡᠷᠲᠡᠭᠡᠨ ᠵᠠᠰᠠᠬᠤ ᠣᠷᠣᠨ ᠤ ᠨᠡᠶᠢᠭᠡᠮ ᠤᠨ ᠰᠢᠨᠵᠢᠯᠡᠬᠦ ᠤᠬᠠᠭᠠᠨ ᠤ ᠰᠠᠶᠢᠨ ᠳᠤᠷ᠎ᠠ ᠶᠢᠨ ᠠᠵᠢᠯᠯᠠᠭᠴᠢ᠂ ᠬᠤᠲᠠ ᠶᠢᠨ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ ᠶᠢᠨ ᠳᠡᠳ᠋ ᠫᠷᠤᠹᠧᠰᠰᠤᠷ ᠰᠥᠩ ᠶᠤᠸᠠᠢ ︽ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠲᠠᠪᠤᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ︾ ︽ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠬᠤ︾ ᠭᠤᠤᠯ ᠰᠡᠳᠦᠪ ᠲᠠᠢ ᠨᠢᠭᠲᠠ ᠤᠶᠠᠯᠳᠤᠭᠤᠯᠤᠨ᠂ ᠪᠥᠬᠦ ᠲᠠᠯ᠎ᠠ  ᠶᠢᠨ ᠪᠦᠭᠡᠳ ᠰᠢᠰᠲ᠋ᠧᠮ ᠲᠠᠢ᠂ ᠬᠦᠨᠵᠡᠬᠡᠢ ᠪᠥᠭᠡᠳ ᠣᠶᠢᠯᠠᠭᠠᠮᠵᠢᠲᠠᠶ ᠲᠠᠶᠢᠯᠤᠮᠵᠢ ᠬᠢᠪᠠ᠃ ᠲᠠᠶᠢᠯᠤᠮᠵᠢ ᠨᠢ ᠮᠠᠰᠢ ᠴᠢᠩᠭ᠎ᠠ ᠦᠵᠡᠯ ᠰᠠᠨᠠᠭᠠᠴᠢ ᠴᠢᠨᠠᠷ᠂ ᠵᠢᠯᠣᠭᠤᠳᠬᠤ ᠴᠢᠨᠠᠷ ᠲᠠᠢ᠂ ᠥᠷᠭᠡᠨ ᠣᠯᠠᠨ ᠠᠷᠠᠳ ᠤᠨ ᠴᠠᠭᠳᠠᠭ᠎ᠠ ᠲᠤᠰᠠᠯᠠᠭᠴᠢ ᠴᠠᠭᠳᠠᠭ᠎ᠠ ᠶᠢᠨ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠣᠶᠢᠯᠠᠭᠠᠨ ᠣᠨᠣᠪᠴᠢᠲᠠᠶ ᠡᠵᠡᠮᠰᠢᠨ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠵᠤ᠂ ᠰᠢᠨ᠎ᠡ ᠴᠠᠭ ᠦᠶ᠎ᠡ ᠶᠢᠨ ᠳᠣᠲᠣᠭᠠᠳᠤ ᠶᠢ ᠬᠠᠮᠠᠭᠠᠯᠠᠬᠤ ᠠᠵᠢᠯ ᠢ ᠰᠠᠶᠢᠲᠤᠷ ᠲᠥᠯᠥᠪᠵᠢᠭᠦᠯᠵᠦ᠂ ᠰᠢᠨ᠎ᠡ ᠴᠠᠭ ᠦᠶ᠎ᠡ ᠶᠢᠨ ᠡᠭᠦᠷᠭᠡ ᠬᠠᠷᠢᠭᠤᠴᠠᠯᠭ᠎ᠠ ᠪᠠᠨ ᠰᠠᠶᠢᠲᠤᠷ ᠭᠦᠢᠴᠡᠳᠬᠡᠬᠦ ᠳᠤ ᠴᠢᠬᠤᠯᠠ ᠵᠢᠯᠣᠭᠤᠳᠬᠤ ᠠᠴᠢ ᠬᠤᠯᠪᠣᠭᠳᠠᠯ ᠲᠠᠢ ᠶᠤᠮ      ᠲᠠᠶᠢᠯᠤᠮᠵᠢ ᠶᠢ ᠰᠣᠨᠣᠰᠴᠤ ᠪᠠᠷᠠᠭᠰᠠᠨ ᠤ ᠳᠠᠷᠠᠭ᠎ᠠ᠂ ᠥᠷᠭᠡᠨ ᠤᠯᠠᠨ ᠠᠷᠠᠳ ᠤᠨ ᠴᠠᠭᠳᠠᠭ᠎ᠠ ᠲᠤᠰᠠᠯᠠᠭᠴᠢ ᠴᠠᠭᠳᠠᠭ᠎ᠠ ᠨᠠᠷ ᠢᠯᠡᠷᠭᠡᠶᠢᠯᠡᠵᠡᠭᠡᠭᠰᠡᠨ ᠨᠢ᠂ ᠤᠯᠤᠰ ᠲᠦᠷᠦ ᠶᠢᠨ ᠵᠣᠭᠰᠣᠴᠠ ᠪᠠᠨ ᠲᠠᠰᠤᠷᠠᠯᠲᠠ ᠦᠭᠡᠢ ᠲᠡᠭᠡᠭᠰᠢᠯᠡᠬᠦᠯᠵᠦ᠂ ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠲᠠᠪᠤᠳᠤᠭᠠᠷ ᠪᠦᠭᠦᠳᠡ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠶᠢ ᠪᠠᠷᠢᠮᠲᠠᠯᠠᠵᠤ᠂ ︽ᠤᠯᠤᠰ ᠲᠥᠷᠥ ᠪᠠᠷ ᠴᠠᠭᠳᠠᠭ᠎ᠠ ᠪᠠᠶᠢᠭᠤᠯᠬᠤ ᠶᠢ ᠪᠠᠷᠢᠮᠲᠠᠯᠠᠵᠤ ᠪᠦᠬᠦ ᠲᠠᠯ᠎ᠠ ᠪᠠᠷ ᠴᠠᠭᠳᠠᠭ᠎ᠠ ᠶᠢ ᠴᠢᠩᠭ᠎ᠠ ᠵᠠᠰᠠᠬᠤ︾ ᠬᠥᠮᠦᠵᠢᠯ ᠴᠡᠭᠴᠡᠯᠡᠯᠲᠡ ᠶᠢᠨ ᠦᠷ᠎ᠡ ᠪᠦᠲᠦᠭᠡᠯ ᠢ ᠤᠯᠤᠰ ᠤᠨ ᠤᠯᠤᠰ ᠲᠦᠷᠦ ᠶᠢᠨ ᠠᠮᠤᠷ ᠲᠦᠪᠰᠢᠨ ᠪᠠ ᠨᠡᠶᠢᠭᠡᠮ ᠤᠨ ᠲᠣᠭᠲᠠᠭᠤᠨ ᠢ ᠬᠠᠮᠠᠭᠠᠯᠠᠬᠤ ᠡᠯ᠎ᠡ ᠵᠦᠢᠯ ᠤᠨ ᠠᠵᠢᠯ ᠢ ᠪᠦᠬᠦ ᠬᠦᠴᠦᠨ ᠢᠶᠠᠷ ᠢᠶᠠᠨ ᠰᠠᠶᠢᠲᠤᠷ ᠬᠢᠬᠦ ᠪᠣᠳᠠᠲᠤ ᠠᠵᠢᠯᠯᠠᠭ᠎ᠠ ᠪᠣᠯᠭᠠᠨ ᠬᠤᠪᠢᠷᠠᠭᠤᠯᠤᠨ᠎ᠠ ᠬᠡᠵᠡᠢ᠃      ᠬᠤᠲᠠ ᠶᠢᠨ ᠲᠤᠲᠤᠭᠠᠲᠤ ᠶᠢᠨ ᠬᠠᠮᠠᠭᠠᠯᠠᠬᠤ ᠲᠣᠪᠴᠢᠶᠠᠨ ᠤ ᠪᠠᠶᠢᠭᠤᠯᠭ᠎ᠠ᠂ ᠪᠢᠨ ᠾᠧ ᠶᠢᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ᠂ ᠣᠨᠴᠠ ᠴᠠᠭᠳᠠᠭᠠᠨ ᠤ ᠰᠠᠯᠪᠤᠷᠢ ᠠᠩᠭᠢ ᠶᠢᠨ ᠵᠢᠵᠢᠬᠦᠷᠯᠡᠵᠦ ᠪᠠᠶᠢᠭ᠎ᠠ ᠴᠠᠭᠳᠠᠭ᠎ᠠ᠂ ᠡᠭᠦᠷᠭᠡ ᠬᠦᠢᠴᠡᠳᠭᠡᠵᠦ ᠪᠠᠶᠢᠭ᠎ᠠ ᠴᠠᠭᠳᠠᠭ᠎ᠠ ᠠᠴᠠ ᠪᠤᠰᠣᠳ ᠪᠦᠬᠦ ᠠᠷᠠᠳ ᠤᠨ ᠴᠠᠭᠳᠠᠭ᠎ᠠ ᠲᠤᠰᠠᠯᠠᠭᠴᠢ ᠴᠠᠭᠳᠠᠭ᠎ᠠ ᠲᠠᠶᠢᠯᠤᠮᠵᠢ ᠶᠢ ᠰᠣᠨᠣᠰᠴᠦ᠂ ᠭᠤᠷᠪᠠᠨ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ᠂ ᠵᠠᠮ ᠬᠠᠷᠢᠯᠴᠠᠭᠠᠨ ᠤ ᠴᠠᠭᠳᠠᠭ᠎ᠠ ᠶᠢᠨ ᠰᠠᠯᠪᠤᠷᠢ ᠠᠩᠭᠢ᠂ ᠬᠢᠨᠠᠨ ᠬᠠᠮᠢᠶᠠᠷᠬᠤ ᠰᠠᠯᠪᠤᠷᠢ ᠠᠩᠭᠢ᠂ ᠣᠢ ᠰᠢᠭᠤᠶ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠳᠤ ᠬᠤᠪᠢᠶᠠᠷᠢ ᠬᠤᠷᠠᠯ ᠤᠨ ᠲᠠᠯᠠᠪᠠᠢ ᠲᠣᠬᠢᠷᠠᠭᠤᠯᠪᠠ᠃      ᠣᠶᠢᠯᠠᠭᠠᠭᠰᠠᠨ ᠢᠶᠠᠷ᠂ ᠲᠣᠰ ᠤᠳᠠᠭᠠᠨ ᠤ ᠲᠤᠰᠬᠠᠶ ᠰᠡᠳᠦᠪᠲᠦ ᠲᠠᠶᠢᠯᠤᠮᠵᠢ ᠪᠣᠯ ᠬᠤᠲᠠ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠤᠯᠪᠤᠭᠠᠲᠤ ᠬᠤᠷᠠᠯ ᠤᠨ ᠥᠷᠨᠢᠭᠦᠯᠦᠭᠰᠡᠨ ︽ᠳᠣᠯᠤᠭ᠎ᠠ ᠶᠢ ᠣᠷᠣᠭᠤᠯᠬᠤ︾ ᠠᠵᠢᠯᠯᠠᠭ᠎ᠠ ᠶᠢᠨ ᠨᠢᠭᠡ ᠨᠢ ᠪᠣᠯᠬᠤ ︽ᠪᠠᠶᠢᠭᠤᠯᠭ᠎ᠠ ᠳᠤ ᠣᠷᠣᠭᠤᠯᠬᠤ︾ ᠠᠵᠢᠯᠯᠠᠭ᠎ᠠ ᠪᠣᠯᠤᠨ᠎ᠠ᠃ ᠣᠳᠣ ᠪᠣᠯᠲᠠᠯ᠎ᠠ᠂ ᠬᠤᠲᠠ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠤᠯᠪᠤᠭᠠᠲᠤ ᠬᠤᠷᠠᠯ ᠨᠢᠭᠡᠨᠲᠡ ︽ᠰᠤᠷᠭᠠᠭᠤᠯᠢ ᠳᠤ ᠣᠷᠣᠭᠤᠯᠬᠤ︾ ︽ᠨᠡᠶᠢᠭᠡᠮ ᠲᠣᠭᠤᠷᠢᠭ ᠲᠤ ᠤᠷᠤᠭᠤᠯᠬᠤ︾ ︽ᠲᠠᠷᠢᠶᠠᠯᠠᠬᠤ ᠣᠷᠣᠨ ᠳᠤ ᠤᠷᠤᠭᠤᠯᠬᠤ︾ ᠵᠡᠷᠭᠡ ᠤᠬᠠᠭᠤᠯᠤᠨ ᠲᠠᠶᠢᠯᠪᠤᠷᠢᠯᠠᠬᠤ ᠠᠵᠢᠯᠯᠠᠭ᠎ᠠ ᠶᠢ 13 ᠤᠳᠠᠭ᠎ᠠ ᠥᠷᠨᠢᠭᠦᠯᠵᠦ᠂ ᠵᠠᠯᠭᠠᠭᠠᠳ ᠪᠠᠰᠠ ᠣᠯᠠᠨ ᠲᠠᠯᠠᠪᠤᠷ ᠤᠬᠠᠭᠤᠯᠤᠨ ᠲᠠᠶᠢᠯᠪᠤᠷᠢᠯᠠᠬᠤ ᠠᠵᠢᠯᠯᠠᠭ᠎ᠠ ᠥᠷᠨᠢᠭᠦᠯᠬᠦ ᠪᠣᠯᠤᠨ᠎ᠠ᠃  
 
ᠢᠷᠡᠯᠲᠡ᠄ ᠦᠬᠠᠢ ᠬᠤᠳᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号