ᠣᠳᠣᠬᠠᠨ ᠤ ᠬᠢᠵᠢᠭ ᠤᠨ ᠪᠠᠶᠢᠳᠠᠯ ᠬᠦᠨᠳᠦ ᠬᠡᠴᠡᠭᠦᠤ ᠪᠠᠶᠢᠬᠤ ᠪᠠᠶᠢᠳᠠᠯ ᠢ ᠦᠨᠳᠦᠰᠦᠯᠡᠨ᠂ ᠬᠢᠵᠢᠭ ᠤᠨ | ᠪᠠᠶᠢᠳᠠᠯ ᠳᠡᠯᠭᠡᠷᠡᠬᠦ ᠪᠣᠯᠤᠯᠴᠠᠭ᠎ᠠ ᠶᠢ ᠬᠠᠮᠤᠭ ᠤᠨ ᠶᠡᠭᠡ ᠬᠡᠮᠵᠢᠶ᠎ᠡ ᠪᠠᠷ ᠪᠠᠭᠤᠷᠠᠭᠤᠯᠬᠤ ᠶᠢᠨ ᠲᠥᠯᠥᠭᠡ᠂ 2 | ᠰᠠᠷ᠎ᠠ ᠶᠢᠨ 3 ᠤ ᠡᠳᠦᠷ᠂ ᠥᠪᠥᠷ ᠮᠣᠩᠭᠤᠯ ᠤᠨ ᠯᠢ ᠺᠠᠩ ᠠᠮᠢᠳᠤ ᠪᠣᠳᠠᠰ ᠤᠨ ᠳᠡᠭᠡᠳᠦ ᠰᠢᠨᠵᠢᠯᠡᠬᠦ ᠤᠬᠠᠭᠠᠨ | ᠮᠡᠷᠭᠡᠵᠢᠯ ᠤᠨ ᠬᠢᠵᠠᠭᠠᠷᠲᠤ ᠺᠣᠮᠫᠠᠨᠢ ᠮᠠᠨ ᠤ ᠬᠤᠲᠠ ᠳᠤ 20 ᠬᠠᠶᠢᠷᠴᠠᠭ 4 ᠲᠦᠮᠡᠨ ᠲᠥᠭᠦᠷᠢᠭ ᠤᠨ ᠥᠷᠲᠡᠭ | ᠪᠥᠬᠦᠶ ᠭᠤᠷᠪᠠᠨ ᠾᠯᠣᠷᠲᠤ ᠣᠨᠳᠣᠤ ᠼᠢᠶᠠᠨᠲᠤ ᠰᠢᠭᠡᠰᠦᠨ ᠬᠦᠴᠢᠯ ᠤᠨ ᠬᠥᠭᠡᠰᠦᠷᠬᠡᠭ ᠡᠮ ᠪᠡᠯᠡᠭᠯᠡᠨ ᠬᠦᠷᠭᠡᠵᠦ᠂ | ᠲᠡᠷᠡ ᠨᠢ 40 ᠲᠦᠮᠡᠨ ᠯᠣᠩᠬᠤ ᠡᠩ ᠤᠨ 84 ᠠᠷᠢᠭᠤᠳᠬᠠᠬᠤ ᠰᠢᠩᠭᠡᠨ ᠲᠠᠢ ᠲᠡᠩᠴᠡᠨ᠎ᠡ᠃ ᠪᠡᠯᠡᠭᠯᠡᠨ ᠬᠦᠷᠭᠡᠬᠦ | ᠶᠣᠰᠣᠯᠠᠯ ᠬᠤᠲᠠ ᠶᠢᠨ ᠵᠠᠰᠠᠭ ᠵᠠᠬᠢᠷᠭᠠᠨ ᠤ ᠲᠥᠪ ᠤᠨ ᠡᠭᠦᠳᠡᠨ ᠡᠮᠦᠨ᠎ᠡ ᠶᠠᠪᠤᠭᠳᠠᠪᠠ᠃ | ᠥᠪᠥᠷ ᠮᠣᠩᠭᠤᠯ ᠤᠨ ᠯᠢ ᠺᠠᠩ ᠠᠮᠢᠳᠤ ᠪᠣᠳᠠᠰ ᠤᠨ ᠳᠡᠭᠡᠳᠦ ᠰᠢᠨᠵᠢᠯᠡᠬᠦ ᠤᠬᠠᠭᠠᠨ ᠮᠡᠷᠭᠡᠵᠢᠯ ᠤᠨ ᠬᠢᠵᠠᠭᠠᠷᠲᠤ | ᠺᠤᠮᠫᠠᠨᠢ ᠪᠣᠯ ᠮᠠᠨ ᠤ ᠬᠤᠲᠠ ᠶᠢᠨ ᠨᠢᠭᠡᠨ ᠠᠷᠢᠭᠤᠳᠬᠠᠬᠤ ᠡᠮ ᠦᠢᠯᠡᠳᠪᠦᠷᠢᠯᠡᠬᠦ ᠠᠵᠤ ᠠᠬᠤᠶᠢᠯᠠᠯ ᠪᠣᠯᠤᠨ᠎ᠠ᠃ | ᠲᠣᠰ ᠤᠳᠠᠭ᠎ᠠ ᠬᠠᠨᠳᠢᠪᠯᠠᠭᠰᠠᠨ ᠭᠤᠷᠪᠠᠨ ᠾᠯᠣᠷᠲᠤ ᠣᠨᠳᠣᠤ ᠼᠢᠶᠠᠨᠲᠤ ᠰᠢᠭᠡᠰᠦᠨ ᠬᠦᠴᠢᠯ ᠤᠨ ᠬᠥᠭᠡᠰᠦᠷᠬᠡᠭ | ᠡᠮ ᠨᠢ 84 ᠠᠷᠢᠭᠤᠳᠬᠠᠬᠤ ᠰᠢᠩᠭᠡᠨ ᠢ ᠣᠷᠣᠯᠠᠵᠤ ᠪᠣᠯᠬᠤ ᠪᠥᠭᠡᠳ ᠠᠷᠢᠭᠤᠳᠬᠠᠬᠤ ᠦᠷ᠎ᠡ ᠳ᠋ᠦᠩ ᠨᠢ 84 | ᠠᠷᠢᠭᠤᠳᠬᠠᠬᠤ ᠰᠢᠩᠭᠡᠨ ᠠᠴᠠ ᠰᠠᠶᠢᠨ ᠪᠠᠶᠢᠵᠤ᠂ ᠦᠷᠭᠦᠯᠵᠢ ᠡᠮᠨᠡᠯᠭᠡ ᠶᠢᠨ ᠬᠤᠷᠢᠶ᠎ᠠ᠂ ᠠᠵᠢᠯᠯᠠᠬᠤ ᠲᠠᠯᠠᠪᠤᠷ ᠵᠡᠷᠭᠡ | ᠣᠯᠠᠨ ᠨᠡᠶᠢᠲᠡ ᠶᠢᠨ ᠲᠠᠯᠠᠪᠤᠷ ᠲᠤ ᠥᠷᠭᠡᠨ ᠢᠶᠠᠷ ᠭᠡᠷᠡᠭᠯᠡᠭᠳᠡᠵᠡᠢ᠃ | ᠣᠳᠣᠬᠠᠨ ᠳᠤ᠂ ᠪᠡᠯᠡᠭᠯᠡᠨ ᠬᠦᠷᠭᠡᠭᠰᠡᠨ ᠠᠷᠢᠭᠤᠳᠬᠠᠬᠤ ᠦᠢᠯᠡᠳᠬᠦᠨ ᠢ ᠬᠤᠲᠠ ᠶᠢᠨ ᠠᠵᠤ ᠦᠢᠯᠡᠳᠪᠦᠷᠢ | ᠪᠠ ᠮᠡᠳᠡᠭᠡ ᠵᠠᠩᠬᠢ ᠶᠢᠨ ᠲᠣᠪᠴᠢᠶ᠎ᠠ ᠠᠴᠠ ᠬᠤᠲᠠ ᠶᠢᠨ ᠰᠢᠭᠤᠳ ᠬᠠᠷᠢᠶ᠎ᠠ ᠪᠠᠶᠢᠭᠤᠯᠭ᠎ᠠ ᠨᠤᠭᠤᠳ ᠲᠤ ᠲᠠᠷᠬᠠᠭᠠᠵᠤ | ᠂ ᠪᠠᠶᠢᠭᠤᠯᠭ᠎ᠠ ᠶᠢᠨ ᠠᠵᠢᠯᠯᠠᠬᠤ ᠭᠠᠵᠠᠷ ᠢ ᠠᠷᠢᠭᠤᠳᠬᠠᠬᠤ ᠳᠤ ᠬᠡᠷᠡᠭᠯᠡᠬᠦ ᠪᠤᠯᠤᠨ᠎ᠠ᠃ |