ᠰᠠᠨᠳᠠᠯᠢ ᠳᠡᠭᠡᠷ᠎ᠠ ᠤᠳᠠᠭᠠᠨ ᠰᠠᠭᠤᠬᠤ ᠶᠢᠨ ᠬᠤᠤᠷ ᠬᠥᠨᠥᠭᠡᠯ
ᠨᠡᠶᠢᠲᠡᠯᠡᠭᠰᠡᠨ ᠴᠠᠭ᠄
2020-07-13
     ᠤᠳᠤ ᠶᠡᠷᠤᠳᠡᠭᠡᠨ ᠪᠡᠶ᠎ᠠ ᠶᠢᠨ ᠳᠠᠮᠢᠷ ᠤᠨ ᠬᠥᠳᠡᠯᠭᠡᠭᠡᠨ ᠳᠤ ᠤᠷᠤᠯᠴᠠᠬᠤ ᠬᠥᠮᠥᠰ ᠶᠠᠪᠤᠬᠤ ᠳᠤᠳᠤᠮ ᠴᠥᠭᠡᠷᠡᠵᠤ ᠪᠠᠶᠢᠭ᠎ᠠ ᠶᠢᠨ ᠳᠡᠭᠡᠷ᠎ᠠ ᠶᠠᠭᠠᠷᠠᠤ ᠥᠶ᠎ᠠ ᠳᠤ ᠡᠳᠤᠷᠵᠢᠨ ᠰᠠᠨᠳᠠᠯᠢ ᠠᠴᠠ ᠪᠠᠨ ᠪᠤᠰᠬᠤ ᠵᠠᠪ ᠥᠭᠡᠢ ᠮᠤᠩᠭᠠᠨᠢᠵᠤ ᠪᠠᠶᠢᠳᠠᠭ᠃ ᠡᠶᠢᠮᠤ ᠠᠴᠠ ᠳᠤᠰᠬᠠᠢ ᠮᠡᠷᠭᠡᠵᠢᠯᠳᠡᠳ ᠠᠴᠠ ︽ᠰᠠᠨᠳᠠᠯᠢ ᠳᠡᠭᠡᠷ᠎ᠠ ᠤᠳᠠᠭᠠᠨ ᠰᠠᠭᠤᠬᠤ ᠠᠴᠠ ᠪᠤᠯᠵᠤ ᠪᠡᠶ᠎ᠠ ᠮᠠᠬᠠᠪᠤᠳ ᠲᠤ ᠥᠵᠡᠭᠦᠯᠬᠦ ᠬᠤᠤᠷ ᠬᠥᠨᠥᠭᠡᠯ ᠢ ᠤᠮᠳᠤᠭᠠᠢᠢᠯᠠᠵᠤ ᠪᠤᠯᠬᠤ ᠥᠭᠡᠢ︾ ᠭᠡᠵᠤ ᠰᠠᠨᠠᠭᠤᠯᠤᠭᠰᠠᠨ ᠪᠠᠶᠢᠨ᠎ᠠ᠃            ᠪᠠᠶᠢᠴᠠᠭᠠᠯᠳᠠ ᠬᠢᠭᠰᠡᠨ ᠢᠶᠠᠷ᠂ ᠨᠢᠭᠡ ᠡᠳᠤᠷ ᠤᠨ ᠤᠯᠠᠩᠬᠢ ᠴᠠᠭ ᠢᠶᠠᠨ ᠰᠠᠨᠳᠠᠯᠢ ᠳᠡᠭᠡᠷ᠎ᠠ ᠰᠠᠭᠤᠨ ᠥᠩᠭᠡᠷᠡᠭᠡᠵᠤ ᠪᠠᠶᠢᠭ᠎ᠠ ᠬᠥᠮᠥᠰ ᠲᠤ ᠵᠢᠷᠤᠬᠡᠨ ᠡᠪᠡᠳᠴᠢᠨ ᠡᠭᠦᠰᠬᠦ ᠳᠤᠬᠢᠶᠠᠯᠳᠤᠮᠵᠢ ᠨᠢ ᠡᠩ ᠤᠨ ᠬᠥᠮᠥᠰ ᠠᠴᠠ 54% ᠥᠨᠳᠤᠷ ᠪᠠᠶᠢᠨ᠎ᠠ᠃            1᠂ ᠰᠠᠨᠳᠠᠯᠢ ᠳᠡᠭᠡᠷ᠎ᠠ ᠬᠥᠳᠡᠯᠬᠦ ᠥᠭᠡᠢ ᠤᠳᠠᠭᠠᠨ ᠰᠠᠭᠤᠭᠠᠳ ᠪᠠᠶᠢᠪᠠᠯ ᠬᠥᠮᠥᠨ ᠤ ᠪᠡᠶ᠎ᠠ ᠶᠢᠨ ᠡᠭᠡᠯᠢᠯᠡᠬᠦ ᠡᠰ ᠳᠤᠳᠠᠮᠠᠭ ᠪᠤᠯᠵᠤ᠂ ᠡᠯ᠎ᠠ ᠵᠥᠢᠯ ᠤᠨ ᠡᠪᠡᠳᠴᠢᠨ ᠡᠮᠬᠡᠭ ᠲᠤ ᠠᠮᠠᠷᠬᠠᠨ ᠨᠡᠷᠪᠡᠭᠳᠡᠬᠦ ᠪᠤᠯᠤᠨ᠎ᠠ᠃            2᠂ ᠰᠠᠨᠳᠠᠯᠢ ᠳᠡᠭᠡᠷ᠎ᠠ ᠤᠳᠠᠭᠠᠨ ᠰᠠᠭᠤᠭᠠᠳ ᠳᠠᠮᠢᠷ ᠤᠨ ᠬᠥᠳᠡᠯᠭᠡᠭᠡᠨ ᠳᠤ ᠤᠷᠤᠯᠴᠠᠬᠤ ᠥᠭᠡᠢ ᠪᠠᠶᠢᠪᠠᠯ ᠤᠳᠠᠭᠠᠨ ᠳᠤ ᠪᠠᠨ ᠥᠭᠡᠬᠦ ᠬᠤᠷᠠᠮᠳᠤᠵᠤ ᠠᠮᠠᠷᠠᠬᠨ ᠮᠠᠷᠢᠶᠠᠯᠠᠨ᠎ᠠ᠃            3᠂ ᠪᠡᠶ᠎ᠠ ᠶᠢᠨ ᠬᠥᠨᠳᠤ ᠲᠥᠷᠭᠡᠨ ᠨᠡᠮᠡᠭᠳᠡᠨ᠂ ᠴᠢᠰᠤᠨ ᠳᠠᠷᠤᠯᠳᠠ ᠥᠨᠳᠤᠷᠵᠢᠵᠤ᠂ ᠵᠢᠷᠤᠬᠡᠨ ᠡᠪᠡᠳᠴᠢᠨ ᠢ ᠠᠮᠠᠷᠬᠠᠨ ᠪᠤᠢ ᠪᠤᠯᠭᠠᠨ᠎ᠠ᠃            4᠂ ᠵᠢᠷᠤᠬᠡ ᠠᠭᠤᠰᠬᠢᠨ ᠤ ᠪᠥᠭᠯᠡᠷᠡᠯ ᠢ ᠪᠤᠢ ᠪᠤᠯᠭᠠᠵᠤ᠂ ᠳᠤᠤᠷ᠎ᠠ ᠮᠥᠴᠢ ᠶᠢᠨ ᠬᠢᠯᠭᠠᠰᠤᠨ ᠰᠤᠳᠠᠯ ᠤᠨ ᠴᠢᠰᠤᠨ ᠪᠥᠯᠥᠭᠯᠡᠯ ᠢ ᠠᠮᠠᠷᠬᠠᠨ ᠡᠭᠦᠰᠭᠡᠨ᠎ᠠ᠃            5᠂ ᠵᠢᠷᠤᠬᠡᠨ ᠴᠢᠰᠤᠨ ᠤ ᠭᠠᠳᠠᠭᠰᠢᠯᠠᠭᠤᠯᠤᠯᠳᠠ ᠶᠢᠨ ᠬᠡᠮᠵᠢᠶ᠎ᠠ ᠪᠠᠭᠠᠰᠴᠤ᠂ ᠤᠳᠠᠭᠠᠨ ᠳᠤ ᠪᠠᠨ ᠪᠥᠬᠦ ᠪᠡᠶ᠎ᠠ ᠳᠠᠮᠢᠷᠳᠠᠬᠤ ᠪᠠᠶᠢᠳᠠᠯ ᠢᠯᠡᠷᠡᠨ᠎ᠠ᠃            6᠂ ᠨᠦᠢᠷ ᠤᠨ ᠠᠷᠠᠯ ᠤᠨ ᠡᠳ᠋ ᠢ ᠬᠤᠷᠢᠭᠯᠠᠬᠤ ᠠᠴᠠ ᠪᠤᠯᠤᠭᠠᠳ ᠰᠢᠬᠢᠷ ᠰᠢᠵᠢᠩ ᠡᠪᠡᠳᠴᠢᠨ ᠢ ᠡᠭᠦᠰᠭᠡᠳᠡᠭ᠃            7᠂ ᠬᠤᠳᠤᠭᠤᠳᠤ ᠭᠡᠳᠡᠰᠤᠨ ᠤ ᠬᠥᠷᠪᠡᠯᠵᠡᠯ ᠪᠠᠭᠠᠰᠬᠤ ᠠᠴᠠ ᠪᠤᠯᠵᠤ ᠬᠤᠷᠭᠤᠰᠤᠯᠠᠬᠤ ᠢᠯᠡᠷᠡᠯ ᠠᠮᠠᠷᠬᠠᠨ ᠪᠤᠢ ᠪᠤᠯᠤᠨ᠎ᠠ᠃            8᠂ ᠰᠠᠨᠳᠠᠯᠢ ᠳᠡᠭᠡᠷ᠎ᠠ ᠤᠳᠠᠭᠠᠨ ᠰᠠᠭᠤᠬᠤ ᠨᠢ ᠭᠡᠳᠡᠰᠤᠨ ᠤ ᠵᠠᠮ ᠢ ᠰᠢᠬᠠᠨ ᠳᠠᠷᠤᠬᠤ ᠠᠴᠠ ᠪᠤᠯᠵᠤ᠂ ᠪᠥᠳᠥᠭᠦᠨ ᠭᠡᠳᠡᠰᠤᠨ ᠤ ᠥᠮᠡᠨ ᠳᠤ ᠠᠮᠠᠷᠬᠠᠨ ᠨᠡᠷᠪᠡᠭᠳᠡᠬᠦ ᠪᠤᠯᠤᠮᠵᠢ ᠨᠢ ᠨᠡᠮᠡᠭᠳᠡᠭᠦᠯᠥᠨ᠎ᠠ᠃            9᠂ ᠰᠠᠨᠳᠠᠯᠢ ᠳᠡᠭᠡᠷ᠎ᠠ ᠤᠳᠠᠭᠠᠨ ᠰᠠᠭᠤᠬᠤ ᠨᠢ ᠬᠤᠰᠬᠢᠨᠠᠭ ᠤᠨ ᠴᠢᠰᠤᠨ ᠰᠤᠳᠠᠯ ᠤᠨ ᠠᠵᠢᠯᠯᠠᠭ᠎ᠠ ᠶᠢ ᠰᠠᠭᠠᠳᠠᠯᠳᠠ ᠳᠤ ᠤᠴᠠᠷᠠᠭᠤᠯᠤᠨ᠂ ᠱᠠᠮᠪᠠᠷᠠᠮ ᠡᠭᠦᠰᠭᠡᠨ᠎ᠠ᠃            10᠂ ᠰᠠᠨᠳᠠᠯᠢ ᠳᠡᠭᠡᠷ᠎ᠠ ᠤᠳᠠᠭᠠᠨ ᠰᠠᠭᠤᠬᠤ ᠨᠢ ᠡᠷᠡᠭᠳᠡᠶᠢᠴᠤᠳ ᠤᠨ ᠲᠥᠮᠥᠰᠥᠭ ᠢ ᠰᠢᠬᠠᠨ ᠳᠠᠷᠤᠬᠤ ᠠᠴᠠ ᠪᠤᠯᠵᠤ᠂ ᠤᠷᠢᠳᠤ ᠪᠤᠯᠴᠢᠷᠬᠠᠢ ᠶᠢᠨ ᠥᠷᠪᠢᠰᠥᠯ ᠢ ᠠᠮᠠᠷᠬᠠᠨ ᠡᠭᠦᠰᠭᠡᠨ᠎ᠠ᠃ ᠡᠮᠡᠭᠳᠡᠶᠢᠴᠤᠳ ᠤᠨ ᠰᠠᠪᠠᠨ ᠤ ᠬᠥᠨᠳᠡᠢ ᠪᠤᠯᠤᠨ ᠳᠠᠭᠠᠯᠳᠠ ᠡᠷᠬᠡᠳᠡᠨ ᠤ ᠥᠷᠪᠢᠰᠥᠯ ᠢ ᠴᠤ ᠡᠭᠦᠰᠭᠡᠳᠡᠭ᠃            11᠂ ᠰᠠᠨᠳᠠᠯᠢ ᠳᠡᠭᠡᠷ᠎ᠠ ᠤᠳᠠᠭᠠᠨ ᠰᠠᠭᠤᠬᠤ ᠳᠤ ᠬᠥᠵᠥᠭᠦᠥ ᠪᠠ ᠨᠢᠷᠤᠭᠤ ᠶᠠᠰᠤᠨ ᠤ ᠳᠠᠷᠤᠯᠳᠠ ᠶᠢ ᠶᠡᠬᠡᠰᠭᠡᠨ᠂ ᠤᠳᠠᠭᠠᠨ ᠳᠤ ᠪᠠᠨ ᠬᠥᠯ ᠨᠢᠷᠤᠭᠤ ᠡᠪᠡᠳᠬᠦ᠂ ᠳᠡᠷᠡᠴᠢᠯᠡᠨ ᠨᠢᠷᠤᠭᠤᠨ ᠶᠠᠰᠤᠨ ᠳᠠᠪᠠᠭ ᠬᠥᠳᠦ᠋ᠢᠬᠦ ᠢᠯᠡᠷᠡᠯ ᠢ ᠴᠤ ᠡᠭᠦᠰᠭᠡᠨ᠎ᠠ᠃  
 
ᠢᠷᠡᠯᠲᠡ᠄ ᠬᠤᠯᠪᠣᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号