ᠲᠠᠨ ᠳᠤ ᠲᠤᠰᠠᠳᠠᠢ ᠠᠮᠢᠳᠤᠷᠠᠯ ᠤᠨ ᠲᠡᠮ
ᠨᠡᠶᠢᠲᠡᠯᠡᠭᠰᠡᠨ ᠴᠠᠭ᠄
2020-07-20
     1᠂ ᠬᠠᠯᠠᠭᠤᠨ ᠤᠰᠤᠨ ᠤ ᠰᠠᠪᠠ ᠶᠢᠨ ᠬᠠᠭ ᠢ ᠠᠷᠢᠯᠭᠠᠬᠤ ᠳᠤ ᠼᠤᠤ ᠬᠢᠵᠤ ᠭᠡᠳᠤᠨ ᠤᠳᠠᠭ᠎ᠠ ᠵᠠᠶᠢᠯᠤᠭᠰᠠᠨ ᠤ ᠲᠠᠷᠠᠭ᠎ᠠ ᠬᠠᠭᠠᠰ ᠴᠠᠭ ᠲᠠᠯᠪᠢᠵᠤ ᠪᠠᠶᠢᠭᠠᠳ ᠲᠠᠬᠢᠨ ᠴᠡᠪᠡᠷ ᠤᠰᠤ ᠪᠠᠷ ᠵᠠᠶᠢᠯᠪᠠᠯ ᠬᠠᠭ ᠨᠢ ᠠᠷᠢᠯᠤᠨ᠎ᠠ᠃          2᠂ ᠱᠠᠬᠠᠢ ᠶᠢᠨ ᠠᠪᠳᠠᠷ᠎ᠠ ᠲᠤᠳᠤᠷ᠎ᠠ ᠮᠤᠳᠤᠨ ᠨᠡᠭᠦᠷᠡᠰᠤ ᠶᠢ ᠬᠢᠵᠤ ᠬᠠᠳᠠᠭᠠᠯᠠᠪᠠᠯ ᠦᠮᠡᠭᠡᠢ ᠦᠨᠤᠷ ᠢ ᠠᠷᠢᠯᠭᠠᠵᠤ ᠴᠢᠬᠢᠭᠳᠡᠭᠦ ᠠᠴᠠ ᠰᠡᠷᠭᠡᠶᠢᠯᠡᠨ᠎ᠠ᠃          3᠂ ᠵᠦᠷᠵᠢ ᠶᠢᠨ ᠬᠠᠯᠢᠰᠤ ᠶᠢ ᠤᠬᠢᠶᠠᠵᠤ ᠴᠡᠪᠡᠷᠯᠡᠭᠡᠳ ᠬᠦᠯᠳᠡᠭᠡᠭᠦᠷ ᠲᠤ ᠲᠠᠷᠬᠠᠭᠠᠵᠤ ᠲᠠᠯᠪᠢᠪᠠᠯ᠂ ᠭᠤᠷᠪᠠᠨ ᠬᠤᠨᠤᠭ ᠤᠨ ᠲᠠᠷᠠᠭ᠎ᠠ ᠬᠦᠯᠳᠡᠭᠡᠭᠦᠷ ᠤᠨ ᠠᠯᠢᠪᠠ ᠮᠠᠭᠤᠬᠠᠢ ᠦᠨᠤᠷ ᠠᠷᠢᠯᠵᠤ᠂ ᠠᠩᠬᠢᠯᠤᠮ᠎ᠠ ᠰᠠᠶᠢᠬᠠᠨ ᠦᠨᠤᠷ ᠭᠠᠷᠳᠠᠭ᠃          4᠂ ᠵᠤᠷᠯᠤᠩ ᠳᠤ ᠴᠦᠢᠳ᠋ᠸᠡᠭ ᠰᠢᠳᠠᠭᠠᠪᠠᠯ ᠦᠮᠡᠭᠡᠢ ᠦᠨᠤᠷ ᠨᠢ ᠠᠷᠢᠯᠤᠨ᠎ᠠ᠃          5᠂ ᠨᠦᠢᠷ ᠬᠤᠯᠵᠢᠳᠠᠭ ᠬᠦᠮᠤᠨ ᠤᠨᠳᠠᠬᠤ ᠠᠴᠠ ᠡᠮᠤᠨ᠎ᠠ ᠨᠢᠭᠡ ᠴᠤᠮᠤ ᠪᠤᠴᠠᠯᠭᠠᠵᠤ ᠬᠦᠷᠦᠭᠡᠭᠰᠡᠨ ᠤᠰᠤᠨ ᠳᠤ ᠨᠢᠭᠡ ᠬᠠᠯᠪᠠᠭ᠎ᠠ ᠼᠤᠤ ᠬᠢᠵᠤ ᠤᠤᠭᠤᠪᠠᠯ ᠨᠦᠢᠷ ᠢ ᠰᠠᠶᠢᠵᠢᠷᠠᠭᠤᠯᠤᠨ᠎ᠠ᠃          6᠂ ᠲᠡᠷ᠎ᠠ ᠲᠡᠭᠡᠷ᠎ᠠ ᠪᠠᠨ ᠲᠤᠷᠭᠠᠨ ᠠᠯᠴᠢᠭᠤᠷ ᠲᠡᠯᠪᠢᠵᠤ ᠤᠨᠳᠠᠪᠠᠯ᠂ ᠭᠡᠵᠢᠭᠡᠨ ᠤ ᠭᠡᠯᠪᠡᠷᠢ ᠬᠤᠪᠢᠷᠠᠬᠤ ᠶᠢ ᠰᠡᠷᠭᠡᠶᠢᠯᠡᠨ᠎ᠠ᠃          7᠂ ᠬᠠᠳᠠᠭᠠᠭᠰᠠᠨ ᠵᠦᠷᠵᠢ ᠶᠢᠨ ᠬᠠᠯᠢᠰᠤ ᠶᠢ ᠰᠢᠳᠠᠭᠠᠪᠠᠯ ᠭᠡᠷ ᠤᠨ ᠲᠤᠳᠤᠷᠠᠬᠢ ᠦᠮᠡᠬᠡᠢ ᠦᠨᠤᠷ ᠢ ᠠᠷᠢᠯᠭᠠᠬᠤ ᠪᠠ ᠪᠠᠳᠠᠭᠠᠨ᠎ᠠ ᠶᠢ ᠴᠤ ᠦᠯᠳᠡᠵᠤ ᠬᠦᠭᠡᠭᠡᠨ᠎ᠠ᠃          8᠂ ᠬᠢᠳᠤᠭ᠎ᠠ ᠪᠢᠯᠡᠭᠦᠳᠡᠭᠦ ᠳᠡᠭᠡᠨ ᠬᠢᠳᠤᠭ᠎ᠠ ᠪᠠᠨ ᠲᠠᠪᠤᠰᠤ ᠲᠠᠢ ᠤᠰᠤᠨ ᠳᠤ ᠲᠡᠪᠳᠤᠭᠡᠵᠤ ᠪᠠᠶᠢᠭᠠᠳ ᠪᠢᠯᠡᠭᠦᠳᠡᠪᠡᠯ ᠬᠢᠯᠪᠠᠷᠬᠠᠨ ᠬᠤᠷᠴᠠ ᠪᠤᠯᠬᠤ ᠪᠦᠭᠡᠳ ᠲᠡᠰᠪᠤᠷᠢᠳᠠᠢ ᠪᠠᠶᠢᠳᠠᠭ᠃          9᠂ ᠬᠤᠭᠤᠯᠠᠨ ᠭᠡᠷ ᠤᠨ ᠱᠠᠯᠠᠨ ᠤ ᠲᠤᠰᠤᠨ ᠭᠭᠢᠷ ᠢ ᠼᠤᠤ ᠬᠢᠭᠰᠡᠨ ᠵᠦᠯᠭᠦᠭᠦᠷ ᠢᠶᠠᠷ ᠵᠦᠯᠭᠦᠪᠡᠯ ᠬᠢᠯᠪᠡᠷᠬᠠᠨ ᠵᠦᠯᠭᠦᠭᠳᠡᠳᠡᠭ᠃          10᠂ ᠦᠰᠦᠯᠢᠭ ᠲᠤᠭᠤᠷ ᠢ ᠤᠬᠢᠶᠠᠬᠤ ᠳᠠᠭᠠᠨ ᠵᠢᠭᠠᠬᠠᠨ ᠲᠠᠪᠤᠰᠤ ᠬᠢᠵᠤ ᠲᠠᠬᠢᠨ ᠴᠡᠪᠡᠷ ᠤᠰᠤ ᠪᠠᠷ ᠤᠬᠢᠶᠠᠪᠠᠯ ᠦᠰᠤ ᠨᠢ ᠬᠢᠯᠪᠠᠷ ᠤᠨᠠᠳᠠᠭ᠃          11᠂ ᠠᠷᠠᠰᠤᠨ ᠱᠠᠬᠠᠢ ᠶᠢᠨ ᠲᠤᠰᠤ ᠶᠢ ᠭᠡᠷᠡᠭᠯᠡᠭᠦ ᠦᠭᠡᠢ ᠤᠳᠠᠪᠠᠯ ᠬᠠᠳᠠᠭᠤᠷᠠᠳᠠᠭ᠂ ᠭᠡᠳᠤᠨ ᠲᠤᠰᠤᠯ ᠦᠨᠢᠶᠠᠨ ᠰᠦ ᠲᠤᠰᠤᠭᠠᠪᠠᠯ ᠱᠠᠬᠠᠢ ᠶᠢᠨ ᠲᠤᠰᠤ ᠴᠢᠨᠢ ᠵᠦᠭᠡᠯᠡᠷᠡᠵᠤ ᠰᠢᠨ᠎ᠠ ᠲᠤᠰᠤ ᠲᠠᠢ ᠠᠳᠠᠯᠢ ᠪᠤᠯᠳᠠᠭ᠃          12᠂ ᠲᠠᠪᠤᠰᠤᠯᠠᠭᠰᠠᠨ ᠨᠤᠭᠤᠭ᠎ᠠ ᠪᠤᠶᠤ ᠵᠢᠭᠠᠰᠤ ᠬᠢᠭᠰᠡᠨ ᠰᠠᠪᠠ ᠶᠢ ᠼᠤᠤ ᠲᠠᠢ ᠬᠠᠯᠠᠭᠤᠨ ᠤᠰᠤ ᠪᠠᠷ ᠤᠬᠢᠶᠠᠪᠠᠯ ᠦᠨᠤᠷ ᠨᠢ ᠠᠷᠢᠯᠳᠠᠭ᠃          13᠂ ᠵᠢᠭᠠᠰᠤᠨ ᠤ ᠬᠠᠶᠢᠷᠰᠤ ᠶᠢ ᠬᠤᠰᠤᠵᠤ ᠠᠷᠢᠯᠭᠠᠬᠤ ᠳᠠᠭᠠᠨ ᠵᠢᠭᠠᠰᠤ ᠪᠠᠨ ᠼᠤᠤ ᠲᠠᠢ ᠤᠰᠤᠨ ᠳᠤ ᠪᠠᠭ᠋ᠠᠨ ᠲᠡᠪᠳᠤᠭᠡᠭᠡᠳ ᠬᠤᠰᠤᠪᠠᠯ ᠬᠠᠶᠢᠷᠰᠤ ᠨᠢ ᠬᠢᠯᠪᠠᠷ ᠠᠷᠢᠯᠤᠨ᠎ᠠ᠃          14᠂ ᠲᠤᠭᠤᠭᠠᠨ ᠭᠡᠷ ᠲᠠᠬᠢ ᠲᠤᠰᠤ ᠤᠳᠤᠭᠠᠨ ᠤ ᠦᠨᠤᠷ ᠠᠷᠢᠯᠬᠤ ᠦᠭᠡᠢ ᠪᠤᠯ ᠯᠠ ᠠᠰᠠᠭᠠᠪᠠᠯ ᠦᠨᠤᠷ ᠨᠢ ᠲᠠᠷᠦ᠋ᠢᠬᠠᠨ ᠠᠷᠢᠯᠤᠨ᠎ᠠ᠃          15᠂ ᠲᠤᠭᠤᠭᠠᠨ ᠤ ᠢᠷᠤᠭᠠᠷ ᠰᠢᠳᠠᠭᠳᠠᠵᠤ ᠬᠠᠷᠠᠯᠠᠪᠠᠯ᠂ ᠲᠤᠭᠤᠭᠠᠨ ᠳᠠᠭᠠᠨ ᠤᠷᠤᠰ ᠰᠤᠩᠬᠢᠨ᠎ᠠ ᠪᠠ ᠪᠠᠭ᠎ᠠ ᠤᠰᠤ ᠬᠢᠵᠤ ᠪᠤᠴᠠᠯᠭᠠᠪᠠᠯ ᠲᠦᠯᠡᠭᠳᠡᠭᠰᠡᠨ ᠬᠤᠰᠤᠮ ᠨᠢ ᠬᠢᠯᠪᠠᠷ ᠠᠷᠢᠯᠭᠠᠭᠳᠠᠨ᠎ᠠ᠃  
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号