ᠬᠦᠯ ᠢᠶᠠᠨ ᠠᠴᠢᠵᠤ ᠰᠠᠭᠤᠬᠤ ᠨᠢ ᠡᠷᠡᠬᠦᠯ ᠳᠤ ᠮᠠᠭᠤ
ᠨᠡᠶᠢᠲᠡᠯᠡᠭᠰᠡᠨ ᠴᠠᠭ᠄
2020/9/16
     ᠰᠠᠭᠤᠳᠠᠯ ᠤᠨ ᠠᠵᠢᠯ ᠲᠠᠢ ᠬᠦᠮᠤᠨ ᠤᠯᠠᠰᠢᠷᠠᠵᠤ᠂ ᠠᠵᠢᠯᠯᠠᠬᠤ ᠳᠠᠭᠠᠨ ᠰᠠᠭᠤᠨ᠎ᠠ᠂ ᠮᠠᠰᠢᠨ ᠢᠶᠠᠷ ᠶᠠᠪᠤᠨ᠎ᠠ ᠬᠡᠳᠡᠭ ᠨᠢ ᠮᠦᠨ ᠰᠠᠭᠤᠨ᠎ᠠ᠂ ᠢᠳᠡᠬᠦ ᠳᠡᠭᠡᠨ᠂ ᠳᠧᠯᠸᠢᠰ ᠭᠠᠷ ᠤᠳᠠᠰᠤ ᠱᠠᠭᠠᠢᠢᠭᠰᠠᠨ ᠴᠤ ᠰᠠᠭᠤᠨ᠎ᠠ ᠁ ᠳᠡᠬᠡᠬᠡᠳ ᠰᠠᠭᠤᠬᠤ ᠶᠢᠨ ᠳᠠᠭᠠᠤ ᠬᠦᠯ ᠢᠶᠠᠨ ᠠᠴᠢᠬᠤ ᠶᠢ ᠶᠠᠭᠠᠬᠢᠨ᠎ᠠ᠂ ᠬᠦᠯ ᠠᠴᠢᠭᠠᠳ ᠰᠠᠭᠤᠬᠤ ᠳᠤ ᠳᠦᠷ ᠵᠠᠭᠤᠷ᠎ᠠ ᠶᠠᠳᠠᠷᠠᠭ᠎ᠠ ᠳᠠᠶᠢᠯᠤᠭᠳᠠᠬᠤ ᠰᠢᠬ ᠪᠤᠯᠤᠨ᠎ᠠ᠃ ᠳᠦᠷ ᠵᠠᠭᠤᠷ᠎ᠠ ᠠᠮᠤᠰᠬᠢᠬᠡᠳ ᠠᠪᠬᠤ ᠴᠤ ᠶᠠᠭᠠᠬᠢᠬᠤᠪ᠂ ᠤᠳᠠᠭᠠᠨ ᠬᠤᠭᠤᠴᠠᠭ᠎ᠠ ᠪᠠᠷ ᠬᠦ᠋ᠯ ᠢᠶᠠᠨ ᠠᠴᠢᠵᠤ ᠰᠠᠭᠤᠪᠠᠯ ᠪᠦᠬᠦ ᠪᠡᠶ᠎ᠠ ᠶᠢᠨ ᠡᠷᠡᠬᠦᠯ ᠮᠡᠨᠳᠤ ᠳᠤ ᠮᠠᠭᠤ ᠨᠦᠯᠤᠬᠡ ᠠᠪᠴᠢᠷᠠᠳᠠᠭ᠃            1᠂ ᠡᠪᠤᠳᠦᠭ ᠤᠨ ᠦᠶ᠎ᠠ ᠡᠪᠡᠳᠳᠡᠭ ᠪᠤᠯᠤᠨ᠎ᠠ᠃            ᠡᠪᠤᠳᠦᠭ ᠤᠨ ᠦᠶ᠎ᠠ ᠤᠷᠳᠤ ᠬᠤᠭᠤᠴᠠᠭ᠎ᠠ ᠪᠠᠷ ᠮᠤᠰᠬᠢᠭᠰᠠᠨ ᠪᠠᠶᠢᠳᠠᠯ ᠳᠤ ᠤᠷᠤᠰᠢᠪᠠᠯ᠂ ᠡᠪᠤᠳᠦᠭ ᠢᠶᠠᠷ ᠡᠪᠡᠳᠳᠡᠭ ᠪᠤᠯᠤᠨ᠎ᠠ᠂ ᠡᠪᠤᠳᠦᠭ ᠤᠨ ᠦᠶ᠎ᠠ ᠶᠢᠨ ᠴᠢᠳᠠᠪᠬᠢ ᠶᠢ ᠠᠯᠳᠠᠭᠳᠠᠭᠤᠯᠤᠨ᠎ᠠ᠃ ᠤᠨᠴᠠᠭᠠᠢᠢᠯᠠᠨ ᠨᠢᠬᠡᠨᠳᠠ ᠡᠪᠤᠳᠦᠭ ᠢᠶᠠᠷ ᠢᠶᠠᠨ ᠡᠪᠡᠳᠳᠡᠭ ᠪᠤᠯᠤᠭᠰᠠᠨ ᠬᠦᠮᠤᠰ ᠡᠪᠤᠳᠦᠭ ᠤᠨ ᠦᠶ᠎ᠠ ᠶᠢ ᠬᠡᠳᠤ ᠳᠤᠬᠢᠷᠠᠭᠤᠯᠬᠤ᠂ ᠮᠤᠰᠬᠢᠬᠤ ᠠᠴᠠ ᠵᠠᠶᠢᠯᠠᠰᠬᠢᠬᠦ ᠬᠡᠷᠡᠭᠳᠡᠢ᠃            2᠂ ᠨᠢᠷᠤᠭᠤᠨ ᠤ ᠪᠤᠯᠴᠢᠩ ᠪᠠ ᠪᠠᠭᠠᠨ᠎ᠠ ᠨᠢᠷᠤᠭᠤ ᠶᠢ ᠬᠤᠬᠢᠷᠠᠭᠤᠯᠤᠨ᠎ᠠ᠃            ᠬᠦᠮᠤᠨ ᠬᠦᠯ ᠢᠶᠠᠨ ᠠᠴᠢᠵᠤ ᠰᠠᠭᠤᠬᠤ ᠳᠤ ᠨᠢᠷᠤᠭᠤ ᠠᠶᠠᠨᠳᠠᠭᠠᠨ ᠪᠦᠭᠳᠦ᠋ᠢᠬᠦ ᠪᠠᠶᠢᠳᠠᠯ ᠳᠤ ᠤᠷᠤᠵᠤ᠂ ᠰᠡᠬᠡᠷ᠂ ᠨᠢᠷᠤᠭᠤ᠂ ᠤᠭᠤᠴᠠ ᠶᠢᠨ ᠳᠠᠷᠤᠯᠳᠠ ᠳᠡᠩᠴᠡᠬᠦᠷᠢ ᠪᠠᠨ ᠠᠯᠳᠠᠳᠠᠭ᠃ ᠠᠭᠠᠷᠴᠠᠭ ᠨᠢ ᠪᠠᠭᠠᠨ᠎ᠠ ᠨᠢᠷᠤᠭᠤ ᠶᠢ ᠮᠤᠰᠬᠢᠵᠤ᠂ ᠪᠤᠯᠴᠢᠩ ᠢ ᠳᠠᠳᠠᠨ ᠰᠤᠩᠭᠠᠨ᠂ ᠪᠠᠭᠠᠨ᠎ᠠ ᠨᠢᠷᠤᠭᠤᠨ ᠤ ᠬᠤᠶᠠᠷ ᠳᠠᠯ᠎ᠠ ᠶᠢᠨ ᠵᠦᠬᠡᠯᠠᠨ ᠨᠡᠬᠡᠳᠡᠰᠤ ᠳᠡᠩᠴᠡᠬᠦᠷᠢ ᠪᠠᠨ ᠠᠯᠳᠠᠵᠤ᠂ ᠤᠳᠠᠭᠠᠨ ᠳᠠᠭᠠᠨ ᠨᠢᠷᠤᠭᠤᠨ ᠤ ᠪᠤᠯᠴᠢᠩ ᠢ ᠴᠢᠯᠡᠬᠡᠵᠤ᠂ ᠱᠠᠷᠬᠢᠷᠠᠵᠤ ᠡᠪᠡᠳᠳᠡᠭ ᠪᠤᠯᠳᠠᠭ ᠪᠦᠬᠡᠳ ᠨᠠᠩ ᠴᠤ ᠪᠠᠭᠠᠨ᠎ᠠ ᠨᠢᠷᠤᠭᠤ ᠮᠤᠷᠦ᠋ᠢᠬᠤ ᠪᠤᠶᠤ ᠮᠤᠰᠬᠢᠷᠠᠬᠤ ᠪᠠᠶᠢᠳᠠᠯ ᠢ ᠪᠤᠢ ᠪᠤᠯᠭᠠᠵᠤ ᠮᠡᠳᠡᠨ᠎ᠠ᠃           3᠂ ᠨᠠᠮᠵᠢᠭᠤᠨ ᠰᠤᠳᠠᠯ ᠤᠨ ᠮᠤᠷᠦ᠋ᠢᠵᠤ ᠬᠦᠷᠡᠶᠢᠬᠦ ᠶᠢ ᠬᠦᠨᠳᠤᠷᠡᠬᠦᠯᠤᠨ᠎ᠠ᠃             ᠬᠦᠯ ᠢᠶᠠᠨ ᠠᠴᠢᠵᠤ ᠰᠠᠭᠤᠬᠤ ᠳᠤ᠂ ᠭᠤᠶ᠎ᠠ ᠶᠢᠨ ᠠᠷᠤ ᠪᠠ ᠴᠠᠪᠢ ᠶᠢᠨ ᠨᠠᠮᠵᠢᠭᠤᠨ ᠰᠤᠳᠠᠯ ᠳᠠᠷᠤᠭᠳᠠᠵᠤ᠂ ᠨᠠᠮᠵᠢᠭᠤᠨ ᠰᠤᠳᠠᠯ ᠤᠨ ᠪᠤᠴᠠᠬᠤ ᠤᠷᠤᠰᠬᠠᠯ ᠬᠠᠷᠰᠢ ᠰᠠᠭᠠᠳ ᠲᠤ ᠤᠴᠠᠷᠠᠵᠤ᠂ ᠨᠠᠮᠵᠢᠭᠤᠨ ᠰᠤᠳᠠᠯ ᠤᠨ ᠳᠠᠷᠤᠭᠠᠰᠤ ᠬᠦᠨᠳᠤᠷᠡᠳᠡᠭ᠂ ᠡᠳᠡᠬᠡᠷ ᠨᠢ ᠪᠦᠷ ᠳᠤᠤᠷ᠎ᠠ ᠮᠦᠴᠢ ᠶᠢᠨ ᠨᠠᠮᠵᠢᠭᠤᠨ ᠰᠤᠳᠠᠯ ᠮᠤᠷᠦ᠋ᠢᠵᠤ ᠬᠦᠷᠪᠠᠶᠢᠬᠦ ᠶᠢᠨ ᠰᠢᠯᠳᠠᠭᠠᠨ ᠪᠤᠯᠳᠠᠭ᠃ ᠤᠯᠤᠰ ᠤᠨ ᠳᠤᠳᠤᠭᠠᠳᠤ ᠶᠢᠨ ᠰᠤᠳᠤᠯᠭᠠᠨ ᠳᠤ ᠨᠠᠮᠵᠢᠭᠤᠨ ᠰᠤᠳᠠᠯ ᠤᠨ ᠮᠤᠷᠦ᠋ᠢᠵᠤ ᠬᠦᠷᠪᠠᠶᠢᠬᠦ ᠶᠢᠨ ᠭᠤᠤᠯ ᠪᠤᠯᠬᠤ ᠡᠪᠡᠳᠴᠢᠨ ᠤ ᠰᠢᠯᠳᠠᠭᠠᠨ ᠨᠢ ᠤᠳᠤᠮᠯᠠᠯ᠂ ᠮᠠᠷᠢᠶ᠎ᠠ᠂ ᠨᠠᠰᠤ ᠵᠢᠯ ᠤᠨ ᠨᠡᠮᠡᠭᠳᠡᠯ ᠬᠡᠳᠡᠭ ᠪᠤᠯᠪᠠᠴᠤ ᠳᠤᠤᠷ᠎ᠠ ᠮᠦᠴᠢ ᠶᠢᠨ ᠨᠠᠮᠵᠢᠭᠤᠨ ᠰᠤᠳᠠᠯ ᠮᠤᠷᠦ᠋ᠢᠵᠤ ᠬᠦᠷᠪᠠᠶᠢᠬᠦ ᠡᠪᠡᠳᠴᠢᠨ ᠲᠠᠢ᠂ ᠤᠰᠤᠨ ᠬᠠᠪᠤᠡᠭ ᠲᠠᠢ ᠬᠦᠮᠤᠨ ᠬᠦᠯ ᠢᠶᠠᠨ ᠠᠴᠢᠵᠤ ᠰᠠᠭᠤᠬᠤ ᠠᠴᠠ ᠵᠠᠶᠢᠯᠠᠰᠬᠢᠵᠤ᠂ ᠡᠪᠡᠳᠴᠢᠨ ᠢᠶᠠᠨ ᠬᠦᠨᠳᠤᠷᠡᠬᠦᠯᠬᠦ ᠠᠴᠠ ᠬᠢᠴᠢᠶᠡᠪᠡᠯ ᠵᠤᠬᠢᠨ᠎ᠠ᠃           4᠂ ᠪᠡᠯᠬᠡ ᠶᠢᠨ ᠡᠷᠬᠡᠳᠡᠨ ᠤ ᠡᠷᠡᠬᠦᠯ ᠮᠡᠨᠳᠤ ᠳᠤ ᠠᠰᠢᠬ ᠦᠬᠡᠢ᠃            ᠬᠦᠯ ᠢᠶᠠᠨ ᠠᠴᠢᠵᠤ ᠤᠳᠠᠭᠠᠨ ᠰᠠᠭᠤᠪᠠᠯ᠂ ᠤᠨᠴᠠᠭᠠᠢᠢᠯᠠᠨ ᠪᠠᠷᠢᠭᠤ ᠦᠮᠤᠳᠤ ᠡᠮᠤᠰᠦᠭᠰᠡᠨ ᠪᠠᠶᠢᠳᠠᠯ ᠳᠤ᠂ ᠪᠡᠯᠬᠡ ᠶᠢᠨ ᠡᠷᠬᠡᠳᠡᠨ ᠤ ᠳᠤᠯᠠᠭᠠᠨ ᠤ ᠬᠡᠮᠵᠢᠶ᠎ᠠ ᠠᠮᠠᠷᠬᠠᠨ ᠳᠡᠬᠡᠭᠰᠢᠯᠡᠳᠡᠭ᠃ ᠦᠨᠳᠤᠷ ᠳᠤᠯᠠᠭᠠᠨ ᠳᠤ ᠡᠷᠡᠭᠳᠡᠢ ᠬᠦᠮᠤᠨ ᠤ ᠳᠦᠮᠤᠰᠤ ᠶᠢᠨ ᠳᠤᠰᠤᠯ ᠪᠦᠳᠤᠬᠡᠬᠦ ᠴᠢᠳᠠᠪᠤᠷᠢ ᠨᠢ ᠪᠠᠭᠤᠷᠠᠳᠠᠭ᠂ ᠨᠠᠩ ᠴᠤ ᠦᠷᠡᠵᠢᠯ ᠤᠨ ᠴᠢᠳᠠᠪᠤᠷᠢ ᠠᠯᠳᠠᠭᠳᠠᠵᠤ ᠮᠡᠳᠡᠨ᠎ᠠ᠃ ᠦᠨᠳᠤᠷ ᠳᠤᠯᠠᠭᠠᠨ ᠤ ᠨᠦᠬᠦᠴᠡᠯ ᠳᠤᠤᠷ᠎ᠠ᠂ ᠡᠮᠡᠭᠳᠡᠢ ᠬᠦᠮᠤᠨ ᠤ ᠪᠡᠯᠬᠡ ᠶᠢᠨ ᠡᠷᠬᠡᠳᠡᠨ ᠳᠤ ᠬᠠᠯᠳᠠᠪᠤᠷᠢᠯᠠᠯ ᠡᠬᠦᠰᠬᠦ ᠡᠮᠡᠭᠳᠡᠢ ᠶᠢᠨ ᠰᠠᠯᠠᠭᠠᠨ ᠤ ᠦᠷᠪᠢᠰᠤᠯ ᠤᠨ ᠠᠶᠤᠯ ᠢ ᠨᠡᠮᠡᠭᠳᠡᠬᠦᠯᠳᠡᠭ᠃             5᠂ ᠴᠢᠰᠤᠨ ᠳᠠᠷᠤᠯᠳᠠ ᠦᠨᠳᠤᠷᠵᠢᠬᠦ ᠪᠠᠶᠢᠳᠠᠯ ᠭᠠᠷᠤᠨ᠎ᠠ᠃             ᠬᠦᠯ ᠢᠶᠠᠨ ᠠᠴᠢᠵᠤ ᠰᠠᠭᠤᠭᠰᠠᠨ ᠢᠶᠠᠷ᠂ ᠬᠤᠶᠠᠷ ᠬᠦᠯ ᠢᠶᠠᠨ ᠰᠤᠯᠪᠢᠴᠠᠭᠤᠯᠤᠭᠰᠠᠨ ᠠᠴᠠ ᠪᠤᠯᠤᠭᠰᠠᠨ ᠴᠢᠰᠤᠨ ᠳᠠᠷᠤᠯᠳᠠ ᠳᠦᠷ ᠦᠨᠳᠤᠷᠵᠢᠬᠡᠳ ᠠᠪᠬᠤ ᠪᠠᠶᠢᠳᠠᠯ ᠭᠠᠷᠴᠤ᠂ ᠪᠡᠶ᠎ᠠ ᠶᠢᠨ ᠡᠷᠡᠬᠦᠯ ᠮᠡᠨᠳᠤ ᠶᠢ ᠬᠤᠬᠢᠷᠠᠭᠤᠯᠵᠤ ᠮᠡᠳᠡᠨ᠎ᠠ᠃ ᠳᠠᠶᠢᠮᠤ ᠠᠴᠠ ᠴᠢᠰᠤᠨ ᠳᠠᠷᠤᠯᠳᠠ ᠦᠨᠳᠤᠷ ᠬᠦᠮᠤᠰ ᠴᠢᠰᠤᠨ ᠳᠠᠷᠤᠯᠳᠠ ᠪᠠᠨ ᠬᠡᠮᠵᠢᠬᠦ ᠳᠡᠭᠡᠨ ᠬᠤᠶᠠᠷ ᠬᠦᠯ ᠢᠶᠠᠨ ᠬᠡᠪ ᠤᠨ ᠠᠶᠠᠨᠳᠠᠭᠠᠨ ᠤ ᠪᠠᠶᠢᠳᠠᠯ ᠲᠠᠢ ᠪᠠᠶᠢᠯᠭᠠᠬᠤ ᠶᠢ ᠬᠢᠴᠢᠶᠡᠪᠡᠯ ᠵᠤᠬᠢᠨ᠎ᠠ᠃             6᠂ ᠳᠤᠤᠷ᠎ᠠ ᠮᠦᠴᠢ ᠶᠢᠨ ᠴᠢᠰᠤ ᠳᠦᠭᠵᠢᠷᠡᠬᠦ ᠠᠶᠤᠯᠳᠠᠢ᠃             ᠳᠠᠮᠠᠬᠢ ᠳᠠᠳᠠᠳᠠᠭ ᠬᠦᠮᠤᠰ᠂ ᠳᠤᠰᠬᠤᠭᠤᠷ ᠤᠨ ᠴᠢᠨᠠᠷᠳᠠᠢ ᠵᠢᠷᠤᠬᠡ ᠴᠡᠴᠡᠷᠡᠬᠦ ᠡᠪᠡᠳᠴᠢᠳᠠᠨ᠂ ᠰᠢᠬᠢᠷ ᠰᠢᠵᠢᠩ ᠡᠪᠡᠳᠴᠢᠳᠠᠨ ᠬᠦᠯ ᠢᠶᠠᠨ ᠠᠴᠢᠵᠤ ᠰᠠᠭᠤᠬᠤ ᠠᠴᠠ ᠵᠠᠶᠢᠯᠠᠰᠬᠢᠬᠦ ᠬᠡᠷᠡᠭᠳᠡᠢ᠃ ᠤᠴᠢᠷ ᠨᠢ ᠬᠦᠯ ᠢᠶᠠᠨ ᠠᠴᠢᠵᠤ ᠰᠠᠭᠤᠬᠤ ᠨᠢ ᠳᠤᠤᠷ᠎ᠠ ᠮᠦᠴᠢ ᠶᠢᠨ ᠴᠢᠰᠤᠨ ᠤ ᠡᠷᠬᠢᠯᠳᠠ ᠳᠤ ᠬᠠᠷᠰᠢ ᠰᠠᠭᠠᠳ ᠤᠴᠠᠷᠠᠭᠤᠯᠵᠤ᠂ ᠳᠤᠤᠷ᠎ᠠ ᠮᠦᠴᠢ ᠶᠢᠨ ᠴᠢᠰᠤ ᠳᠦᠭᠵᠢᠷᠡᠬᠦ ᠠᠶᠤᠯ ᠢ ᠪᠤᠢ ᠪᠤᠯᠭᠠᠳᠠᠭ᠃            ᠬᠡᠪᠡᠴᠤ ᠬᠦᠯ ᠢᠶᠠᠨ ᠠᠴᠢᠵᠤ ᠰᠠᠭᠤᠬᠤ ᠨᠢ ᠵᠠᠷᠢᠮ ᠵᠦᠢᠯ ᠳᠤ ᠳᠤᠰᠠᠳᠠᠢ ᠪᠠᠶᠢᠳᠠᠭ᠃              ᠠᠭᠠᠷᠴᠠᠭ ᠤᠨ ᠶᠠᠰᠤ ᠨᠢ ᠬᠠᠵᠠᠭᠠᠢ ᠬᠦᠮᠤᠨ᠂ ᠵᠢᠱᠢᠶᠡᠯᠡᠪᠡᠯ ᠠᠭᠠᠷᠴᠠᠭ ᠤᠨ ᠵᠡᠬᠦᠨ ᠳᠠᠯ᠎ᠠ ᠨᠢ ᠦᠨᠳᠤᠷ ᠪᠠᠷᠠᠭᠤᠨ ᠳᠠᠯ᠎ᠠ ᠳᠤᠤᠷ᠎ᠠ ᠬᠦᠮᠤᠨ᠂ ᠪᠠᠷᠠᠭᠤᠨ ᠬᠦᠯ ᠢᠶᠠᠨ ᠠᠴᠢᠵᠤ ᠰᠠᠭᠤᠵᠤ᠂ ᠠᠭᠠᠷᠴᠠᠭ ᠤᠨ ᠬᠠᠵᠠᠶᠢᠯᠳᠠ ᠶᠢᠨ ᠳᠡᠭᠰᠢᠯᠡᠬᠦ ᠳᠤ ᠤᠢᠢᠯᠡᠴᠢᠯᠡᠬᠦᠯᠵᠤ ᠪᠤᠯᠤᠨ᠎ᠠ᠃            ᠰᠠᠶ᠋ᠢ ᠬᠦᠡᠭᠬᠡᠵᠢᠭᠰᠡᠨ ᠡᠮᠡᠭᠳᠡᠶᠢᠴᠤᠳ ᠳᠤᠰ ᠪᠡᠶ᠎ᠠ ᠶᠢᠨ ᠪᠠᠶᠢᠳᠠᠯ ᠢᠶᠠᠨ ᠦᠨᠳᠤᠰᠤᠯᠠᠨ ᠵᠤᠬᠢᠰᠳᠠᠢ ᠪᠠᠷ ᠬᠦᠯ ᠢᠶᠠᠨ ᠠᠴᠢᠵᠤ ᠰᠠᠭᠤᠬᠤ ᠪᠠᠷ ᠳᠠᠮᠵᠢᠭᠤᠯᠤᠨ ᠠᠭᠠᠷᠴᠠᠭ ᠤᠨ ᠳᠤᠭᠳᠠᠪᠤᠷᠢᠳᠤ ᠴᠢᠨᠠᠷ ᠢ ᠨᠡᠮᠡᠭᠳᠡᠬᠦᠯᠵᠤ ᠪᠤᠯᠳᠠᠭ᠃            ᠳᠡᠭᠰᠢᠬᠡᠨ ᠰᠠᠭᠤᠵᠤ ᠬᠤᠬᠢᠷᠠᠯ ᠠᠴᠠ ᠵᠠᠶᠢᠯᠠᠰᠬᠢᠪᠠᠯ ᠵᠤᠬᠢᠨ᠎ᠠ᠃            ᠠᠮᠧᠷᠢᠺᠠ ᠶᠢᠨ ᠤᠰᠤᠨ ᠳᠡᠬᠡᠷᠡᠬᠢ ᠰᠫᠤᠷᠲ ᠤᠨ ᠡᠮᠴᠢ ᠨᠡᠯᠧᠰ · ᠷᠣ᠋᠂ ᠬᠦᠯ ᠢᠶᠠᠨ ᠠᠴᠢᠵᠤ ᠰᠠᠭᠤᠬᠤ ᠴᠠᠭ ᠢ 15 ᠮᠢᠨᠦ᠋ᠲ ᠠᠴᠠ ᠳᠠᠪᠠᠭᠤᠯᠵᠤ ᠪᠤᠯᠬᠤ ᠦᠬᠡᠢ᠂ ᠬᠤᠶᠠᠷ ᠬᠦᠯ ᠢᠶᠠᠨ ᠡᠬᠡᠯᠵᠢᠯᠡᠬᠦᠯᠵᠤ ᠪᠠᠶᠢᠬᠤ ᠶᠢ ᠬᠢᠴᠢᠶᠡᠬᠡᠷᠡᠢ᠃ ᠳᠡᠬᠡᠬᠡᠳ ᠶᠠᠷᠤ ᠨᠢ 1 ᠴᠠᠭ ᠰᠠᠭᠤᠪᠠᠯ ᠪᠤᠰᠴᠤ 5 ᠮᠢᠨᠦ᠋ᠲ ᠬᠦᠳᠡᠯᠬᠡᠬᠡᠨ ᠬᠢᠵᠤ ᠪᠠᠶᠢᠭᠠᠷᠠᠢ ᠬᠡᠵᠤ ᠰᠠᠨᠠᠭᠤᠯᠤᠭᠰᠠᠨ ᠪᠠᠶᠢᠨ᠎ᠠ᠃       ᠬᠡᠷᠪᠠ ᠤᠳᠠᠭᠠᠨ ᠰᠠᠭᠤᠬᠤ ᠠᠴᠠ ᠵᠠᠶᠢᠯᠠᠵᠤ ᠳᠠᠶᠢᠯᠬᠦ ᠦᠬᠡᠢ ᠪᠤᠯ ᠬᠦᠯ ᠢᠶᠠᠨ ᠠᠴᠢᠬᠤ ᠦᠬᠡᠢ᠂ ᠳᠡᠭᠰᠢᠬᠡᠨ ᠰᠠᠭᠤᠬᠤ ᠶᠢ ᠬᠢᠴᠢᠶᠡᠪᠡᠯ ᠵᠤᠬᠢᠨ᠎ᠠ᠃ ᠳᠡᠬᠡᠪᠡᠯ ᠶᠠᠭᠠᠬᠢᠵᠤ ᠰᠠᠭᠤᠬᠤ ᠶᠢ ᠳᠡᠭᠰᠢᠬᠡᠨ ᠰᠠᠭᠤᠨ᠎ᠠ ᠬᠡᠳᠡᠭ ᠪᠤᠢ︖            1᠂ ᠨᠢᠷᠤᠭᠤ ᠪᠠᠨ ᠳᠠᠨᠢᠢᠯᠬᠡᠵᠤ᠂ ᠮᠦᠷᠤ ᠳᠤᠬᠤᠢ ᠪᠠᠨ ᠰᠤᠯᠠ ᠳᠠᠯᠪᠢᠵᠤ᠂ ᠪᠡᠶ᠎ᠠ ᠶᠢᠨ ᠬᠤᠶᠠᠷ ᠳᠠᠯ᠎ᠠ ᠳᠤ ᠠᠶᠠᠨᠳᠠᠭᠠᠨ ᠤᠨᠵᠢᠢᠭᠰᠠᠨ ᠪᠠᠶᠢᠳᠠᠯ ᠲᠠᠢ ᠪᠠᠶᠢᠯᠭᠠᠨ᠎ᠠ᠃            2᠂ ᠬᠤᠨᠳᠤᠯᠢ ᠪᠠᠨ ᠰᠠᠨᠳᠠᠯᠢ ᠶᠢᠨ ᠳᠦᠰᠢᠬᠦᠷᠬᠡ ᠳᠤ ᠳᠤᠯᠭᠠᠨ᠎ᠠ᠃            3᠂ ᠺᠤᠮᠫᠢᠦ᠋ᠲ᠋ᠧᠷ ᠤᠨ ᠳᠠᠷᠤᠭᠤᠯ ᠢᠶᠠᠨ ᠠᠰ ᠡᠮᠤᠨ᠎ᠠ ᠪᠠᠨ ᠳᠠᠯᠪᠢᠨ᠎ᠠ᠂ ᠬᠤᠯᠤᠭᠠᠨᠠᠴᠢᠷ ᠢᠶᠠᠨ ᠳᠠᠷᠤᠭᠤᠯ ᠤᠨ ᠢᠶᠠᠨ ᠬᠠᠵᠠᠭᠤ ᠳᠤ ᠳᠠᠯᠪᠢᠨ᠎ᠠ᠃ ᠤᠳᠠᠰᠤ ᠪᠠᠨ ᠭᠠᠷ ᠤᠨ ᠠᠶ᠎ᠠ ᠪᠠᠷ ᠠᠪᠴᠤ ᠬᠦᠷᠬᠦ ᠭᠠᠵᠠᠷ ᠳᠠᠯᠪᠢᠨ᠎ᠠ᠃            4᠂ ᠳᠠᠷᠤᠭᠤᠯ᠂ ᠬᠤᠯᠤᠭᠠᠨᠠᠴᠢᠷ ᠬᠡᠷᠡᠭᠯᠡᠬᠦ ᠳᠡᠭᠡᠨ ᠴᠢᠳᠠᠬᠤ ᠶᠢᠨ ᠳᠤᠳᠤᠷ᠎ᠠ ᠪᠠᠭᠤᠤ ᠶᠢᠨ ᠦᠶ᠎ᠠ ᠪᠠᠨ ᠠᠰ᠂ ᠮᠦᠷᠤ ᠪᠠᠨ ᠰᠤᠯᠠ ᠳᠠᠯᠪᠢᠬᠤ ᠶᠢ ᠬᠢᠴᠢᠶᠠ᠃  
 
ᠢᠷᠡᠯᠲᠡ᠄ ᠬᠣᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号