ᠤᠯᠤᠰ ᠤᠨ ᠨᠢᠭᠡᠲᠦᠯᠲᠡᠢ ᠪᠠᠶᠢᠷᠢᠯᠠᠭᠤᠯᠤᠯᠲᠠ ᠶᠤᠰᠤᠭᠠᠷ᠂ ᠮᠠᠨ ᠤ ᠤᠷᠤᠨ 2020 ᠤᠨ ᠠᠴᠠ ᠡᠬᠢᠯᠡᠨ | ᠦᠨᠳᠦᠰᠦᠲᠡᠨ ᠤ ᠬᠡᠯᠡ ᠪᠠᠷ ᠬᠢᠴᠢᠶᠡᠯᠯᠡᠬᠦ ᠰᠤᠷᠭᠠᠭᠤᠯᠢ ᠳᠤ ᠤᠯᠤᠰ ᠤᠨ ᠨᠢᠭᠡᠲᠦᠯᠲᠡᠢ ᠨᠠᠶᠢᠷᠠᠭᠤᠯᠣᠭᠰᠠᠨ ︽ᠬᠡᠯᠡ | ᠪᠢᠴᠢᠭ︾᠂ ︽ᠶᠤᠰᠤ ᠮᠤᠷᠠᠯ ᠬᠢᠭᠡᠳ ᠬᠠᠤᠯᠢ ᠪᠠᠷ ᠵᠠᠰᠠᠬᠤ︾᠂ ︽ᠲᠡᠤᠬᠡ︾ ᠶᠢᠨ ᠵᠢᠭᠠᠬᠤ ᠮᠠᠲ᠋ᠧᠷᠢᠶᠠᠯ ᠢ | ᠬᠡᠷᠡᠭᠯᠡᠬᠦ ᠪᠤᠯᠤᠨ᠎ᠠ᠃ ᠲᠦᠷᠦ ᠶᠢᠨ ᠪᠤᠳᠤᠯᠭ᠎ᠠ ᠶᠢ ᠲᠠᠶᠢᠯᠪᠤᠷᠢᠯᠠᠬᠤ ᠠᠵᠢᠯ ᠢ ᠤᠯᠠᠮ ᠴᠢᠨᠠᠬᠰᠢᠳᠠ ᠰᠠᠶᠢᠳᠤᠷ ᠬᠢᠵᠤ᠂ | ᠤᠯᠠᠨ ᠲᠦᠮᠡᠨ᠂ ᠭᠡᠷ ᠤᠨ ᠠᠬᠠᠮᠠᠳ ᠪᠠ ᠪᠠᠭᠰᠢ ᠰᠤᠷᠤᠭᠴᠢᠳ ᠤᠨ ᠰᠡᠵᠢᠭ ᠡᠷᠡᠭᠡᠯᠵᠡᠭᠡ ᠶᠢ ᠲᠠᠶᠢᠯᠬᠤ ᠶᠢᠨ | ᠲᠦᠯᠦᠭᠡ᠂ ᠦᠪᠡᠷᠲᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠠᠴᠠ ᠤᠯᠤᠰ ᠤᠨ ᠨᠢᠭᠡᠲᠦᠯᠲᠡᠢ | ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠲᠤᠬᠠᠢ ︽ᠠᠰᠠᠭᠤᠯᠲᠠ ᠳᠤ ᠥᠭᠬᠦ ᠬᠠᠷᠢᠭᠤᠯᠲᠠ︾ ᠭᠠᠷᠭᠠᠪᠠ᠃ | | 1. ᠠᠰᠠᠭᠤᠯᠲᠠ᠄ ᠰᠤᠷᠤᠭᠴᠢ᠂ ᠪᠠᠭᠰᠢ ᠪᠤᠯᠤᠨ ᠭᠡᠷ ᠤᠨ ᠠᠬᠠᠮᠠᠳ ᠬᠡᠷᠪᠡ ᠡᠷᠡᠭᠡᠯᠵᠡᠭᠡ ᠲᠠᠢ ᠠᠰᠠᠭᠤᠳᠠᠯ | ᠪᠠᠶᠢᠪᠠᠯ᠂ ᠶᠠᠮᠠᠷ ᠠᠷᠭ᠎ᠠ ᠵᠠᠮ ᠢᠶᠠᠷ ᠳᠠᠮᠵᠢᠭᠤᠯᠤᠨ ᠬᠡᠨ ᠳᠤ ᠲᠤᠰᠬᠠᠬᠤ ᠪᠣᠢ︖ | ᠬᠠᠷᠢᠭᠤᠯᠲᠠ᠄ ᠪᠢᠳᠡ ᠤᠯᠠᠨ ᠲᠦᠮᠡᠨ ᠤ ᠬᠠᠤᠯᠢ ᠶᠣᠰᠣᠭᠠᠷ ᠰᠠᠨᠠᠯ ᠢᠶᠠᠨ ᠲᠤᠰᠬᠠᠬᠤ ᠶᠢ ᠳᠡᠮᠵᠢᠨ᠎ᠡ᠃ | ᠤᠯᠣᠰ ᠤᠨ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠡᠲ᠋ᠧᠷᠢᠶᠠᠯ ᠢ ᠬᠡᠷᠡᠭᠵᠢᠭᠦᠯᠬᠦ ᠶᠠᠪᠤᠴᠠ ᠳᠤ᠂ ᠬᠡᠷᠪᠡ | ᠡᠷᠡᠭᠡᠯᠵᠡᠭᠡ ᠲᠠᠢ ᠠᠰᠠᠭᠤᠳᠠᠯ ᠲᠤᠬᠢᠶᠠᠯᠳᠣᠪᠠᠯ᠂ ᠬᠠᠤᠯᠢ ᠶᠣᠰᠤᠨ ᠤ ᠠᠷᠭ᠎ᠠ ᠵᠠᠮ ᠢᠶᠠᠷ ᠲᠤᠰᠬᠠᠬᠤ ᠬᠡᠷᠡᠭᠲᠡᠢ᠃ | ᠵᠢᠱᠢᠶᠡᠯᠡᠪᠡᠯ᠂ ᠰᠤᠷᠤᠭᠴᠢᠳ ᠡᠷᠡᠭᠡᠯᠵᠡᠭᠡ ᠲᠠᠢ ᠠᠰᠠᠭᠤᠳᠠᠯ ᠢᠶᠠᠨ ᠪᠠᠭᠰᠢ ᠳᠠᠭᠠᠨ ᠲᠤᠰᠬᠠᠵᠤ᠂ ᠪᠠᠭᠰᠢ ᠠᠴᠠ | ᠰᠤᠷᠭᠠᠭᠤᠯᠢ ᠳᠠᠭᠠᠨ ᠲᠤᠰᠬᠠᠨ᠎ᠠ︔ ᠪᠠᠭᠰᠢ ᠡᠷᠡᠭᠡᠯᠵᠡᠭᠡ ᠲᠠᠢ ᠠᠰᠠᠭᠤᠳᠠᠯ ᠢᠶᠠᠨ ᠰᠤᠷᠭᠠᠭᠤᠯᠢ ᠳᠤ ᠲᠤᠰᠬᠠᠵᠤ᠂ | ᠰᠤᠷᠭᠠᠭᠤᠯᠢ ᠠᠴᠠ ᠰᠤᠷᠭᠠᠨ ᠬᠦᠮᠦᠵᠢᠯ ᠤᠨ ᠰᠠᠯᠠᠭ᠎ᠠ ᠮᠦᠴᠢᠷ ᠲᠤ ᠲᠤᠰᠬᠠᠨ᠎ᠠ︔ ᠭᠡᠷ ᠤᠨ ᠠᠬᠠᠮᠠᠳ | ᠡᠷᠡᠭᠡᠯᠵᠡᠭᠡ ᠲᠠᠢ ᠠᠰᠠᠭᠤᠳᠠᠯ ᠢᠶᠠᠨ ᠠᠵᠢᠯᠯᠠᠵᠤ ᠪᠠᠶᠢᠭ᠎ᠠ ᠪᠠᠶᠢᠭᠤᠯᠭ᠎ᠠ ᠪᠤᠶᠤ ᠭᠠᠴᠠᠭ᠎ᠠ ᠲᠣᠰᠬᠤᠨ ᠨᠡᠶᠢᠭᠡᠮ | ᠲᠤᠭᠤᠷᠢᠭ ᠲᠤ ᠲᠤᠰᠬᠠᠵᠤ᠂ ᠪᠠᠶᠢᠭᠤᠯᠭ᠎ᠠ ᠪᠤᠶᠤ ᠭᠠᠴᠠᠭ᠎ᠠ ᠲᠤᠰᠬᠤᠨ ᠨᠡᠶᠢᠭᠡᠮ ᠲᠤᠭᠤᠷᠢᠭ ᠨᠢ ᠳᠡᠭᠡᠲᠦ | ᠱᠠᠳᠤᠨ ᠳᠠᠭᠠᠨ ᠲᠤᠰᠬᠠᠨ᠎ᠠ︔ ᠨᠡᠶᠢᠭᠡᠮ ᠤᠨ ᠡᠯ᠎ᠡ ᠡᠳᠡᠭᠡᠳ ᠤᠨ ᠬᠢᠨ ᠡᠷᠡᠭᠡᠯᠵᠡᠭᠡ ᠲᠠᠢ ᠠᠰᠠᠭᠤᠳᠠᠯ ᠢᠶᠠᠨ | ᠲᠢᠩᠬᠢᠮ ᠤᠨ ᠳᠠᠷᠤᠭ᠎ᠠ ᠶᠢᠨ ᠦᠭᠡ ᠦᠯᠡᠳᠡᠭᠡᠬᠦ ᠬᠠᠶᠢᠷᠴᠠᠭ ᠲᠤ ᠦᠭᠡ ᠦᠯᠡᠳᠡᠭᠡᠵᠦ ᠪᠤᠯᠤᠨ᠎ᠠ︔ ᠠᠷᠠᠳ ᠤᠨ | ᠲᠦᠯᠦᠭᠡᠯᠡᠭᠴᠢ᠂ ᠤᠯᠤᠰ ᠲᠦᠷᠦ ᠶᠢᠨ ᠵᠦᠪᠯᠡᠯᠭᠡᠨ ᠤ ᠭᠡᠰᠢᠭᠦᠳ ᠬᠠᠤᠯᠢ ᠳᠤ ᠲᠤᠬᠳᠠᠭᠠᠬᠰᠠᠨ ᠠᠷᠭ᠎ᠠ ᠵᠠᠮ ᠢᠶᠠᠷ | ᠰᠠᠨᠠᠯ ᠢᠶᠠᠨ ᠲᠤᠰᠬᠠᠵᠤ ᠰᠠᠨᠠᠭᠤᠯᠭ᠎ᠠ ᠭᠠᠷᠭᠠᠨ᠎ᠠ᠃ ᠪᠢᠳᠡ ᠬᠠᠤᠯᠢ ᠶᠤᠰᠤᠭᠠᠷ ᠴᠠᠭ ᠲᠤᠬᠠᠢ ᠳᠤᠨᠢ ᠬᠠᠷᠢᠭᠤᠯᠲᠠ | ᠦᠭᠭᠦᠨ᠎ᠡ᠃ | 2. ᠠᠰᠠᠭᠤᠯᠲᠠ᠄ ᠤᠯᠤᠰ ᠤᠨ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ᠬᠡᠷᠡᠭᠯᠡᠯᠳᠡ ᠶᠢ | ᠠᠬᠢᠭᠤᠯᠬᠤ ᠶᠢ ᠨᠠᠮ ᠤᠨ ᠲᠦᠪ ᠬᠤᠷᠢᠶ᠎ᠠ ᠠᠴᠠ ᠲᠤᠭᠲᠠᠭᠠᠭᠰᠠᠨ ᠤᠤ︖ | ᠬᠠᠷᠢᠭᠤᠯᠲᠠ᠄ ᠵᠢᠭᠠᠬᠤ ᠮᠠᠲ᠋ᠧᠷᠢᠶᠠᠯ ᠤᠨ ᠪᠠᠶᠢᠭᠤᠯᠤᠯᠳᠠ ᠪᠤᠯ ᠲᠦᠷᠤ ᠶᠢᠨ ᠠᠵᠢᠯ ᠡᠷᠬᠡ ᠮᠦᠨ᠃ | ᠤᠯᠤᠰ ᠤᠨ ᠨᠢᠭᠡᠲᠦᠯᠲᠡᠢ ᠨᠠᠶᠢᠷᠠᠭᠤᠯᠤᠬᠰᠠᠨ ᠵᠢᠭᠠᠬᠤ ᠮᠡᠲ᠋ᠧᠷᠢᠶᠠᠯ ᠤᠨ ᠭᠡᠷᠡᠭᠯᠡᠯᠲᠡ ᠶᠢ ᠠᠬᠢᠭᠤᠯᠬᠤ ᠪᠤᠯ ᠨᠠᠮ ᠪᠠ | ᠤᠯᠤᠰ ᠠᠴᠠ ᠴᠦᠬᠡᠨ ᠲᠤᠭᠠᠲᠤ ᠦᠨᠳᠦᠰᠦᠲᠡᠨ ᠤ ᠭᠠᠵᠠᠷ ᠤᠷᠤᠨ ᠳᠠᠬᠢ ᠤᠯᠤᠰ ᠤᠨ ᠨᠡᠶᠢᠳᠡᠮ ᠬᠡᠷᠡᠭᠯᠡᠬᠦ ᠦᠭᠡ | ᠬᠡᠯᠡ ᠦᠰᠦᠭ ᠪᠢᠴᠢᠭ ᠤᠨ ᠰᠤᠷᠭᠠᠨ ᠬᠦᠮᠦᠵᠢᠯ ᠢ ᠴᠢᠩᠭᠠᠳᠬᠠᠬᠤ ᠴᠢᠬᠤᠯᠠ ᠶᠡᠭᠡ ᠰᠢᠢᠳᠪᠦᠷᠢᠲᠤ ᠪᠤᠳᠤᠯᠭ᠎ᠠ | ᠪᠤᠯᠤᠨ᠎ᠠ᠃ 2014 ᠤᠨ ᠤ 9 ᠰᠠᠷ᠎ᠠ ᠶᠢᠨ 28 ᠤ ᠡᠳᠦᠷ᠂ ᠲᠦᠪ ᠤᠨ ᠦᠨᠳᠦᠰᠦᠲᠡᠨ ᠤ ᠠᠵᠢᠯ ᠤᠨ ᠬᠤᠷᠠᠯ | ᠳᠡᠭᠡᠷ᠎ᠡ᠂ ᠶᠡᠷᠦᠩᠬᠡᠢ ᠱᠦᠵᠢ ᠰᠢ ᠶᠢᠨ ᠫᠢᠩ ︽ᠦᠭᠡ ᠬᠡᠯᠡ ᠨᠡᠪᠲᠡᠷᠡᠯᠴᠡᠬᠦ ᠪᠤᠯ ᠬᠦᠮᠦᠨ ᠬᠦᠮᠦᠨ ᠤ | ᠬᠤᠭᠤᠷᠤᠨᠳᠤᠬᠢ ᠬᠠᠷᠢᠯᠴᠠᠭᠠᠨ ᠤ ᠴᠢᠬᠤᠯᠠ ᠭᠤᠭᠴᠤᠭ᠎ᠠ ᠮᠦᠨ᠂ ᠬᠡᠯᠡ ᠨᠡᠪᠳᠡᠷᠡᠯᠴᠡᠬᠦ ᠦᠭᠡᠢ ᠪᠤᠯ | ᠬᠠᠷᠢᠯᠴᠠᠬᠤ ᠳᠤ ᠬᠦᠴᠢᠷᠳᠡᠨ᠎ᠡ᠃ ᠴᠦᠬᠡᠨ ᠲᠤᠭᠠᠲᠤ ᠦᠨᠳᠦᠰᠦᠲᠡᠨ ᠢ ᠤᠯᠤᠰ ᠤᠨ ᠨᠡᠶᠢᠳᠡᠮ ᠬᠡᠷᠡᠭᠯᠡᠬᠦ ᠦᠭᠡ | ᠬᠡᠯᠡ ᠶᠢ ᠰᠤᠷᠬᠤ ᠪᠠᠷ ᠱᠠᠭᠠᠷᠳᠠᠬᠤ ᠮᠦᠷᠲᠡᠭᠡᠨ ᠦᠨᠳᠦᠰᠦᠲᠡᠨ ᠤ ᠤᠷᠤᠨ ᠳᠤ ᠠᠵᠢᠯᠯᠠᠵᠤ ᠠᠮᠢᠳᠣᠷᠠᠵᠤ ᠪᠠᠶᠢᠭ᠎ᠠ | ᠬᠢᠲᠡᠳ ᠦᠨᠳᠦᠰᠦᠲᠡᠨ ᠤ ᠤᠯᠠᠨ ᠲᠦᠮᠡᠨ ᠴᠦ ᠴᠦᠬᠡᠨ ᠲᠤᠭᠠᠲᠤ ᠦᠨᠳᠦᠰᠦᠲᠡᠨ ᠤ ᠦᠭᠡ ᠬᠡᠯᠡ ᠶᠢ ᠰᠤᠷᠬᠤ ᠶᠢ | ᠵᠤᠷᠢᠭᠵᠢᠭᠤᠯᠬᠤ ᠬᠡᠷᠡᠭᠲᠡᠢ᠃ ᠴᠦᠬᠡᠨ ᠲᠤᠭᠠᠲᠤ ᠦᠨᠳᠦᠰᠦᠲᠡᠨ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠶᠢ | ᠰᠠᠶᠢᠳᠤᠷ ᠰᠤᠷᠪᠠᠯ ᠠᠵᠢᠯ ᠤᠯᠬᠤ᠂ ᠤᠳᠤ ᠦᠶ᠎ᠡ ᠶᠢᠨ ᠰᠢᠨᠵᠢᠯᠡᠬᠦ ᠤᠬᠠᠭᠠᠨ ᠰᠤᠶᠤᠯ ᠮᠡᠳᠡᠯᠭᠡ ᠶᠢ ᠬᠦᠯᠢᠶᠡᠨ | ᠠᠪᠬᠤ᠂ ᠨᠡᠶᠢᠭᠡᠮ ᠳᠤ ᠠᠭᠤᠰᠤᠯᠴᠠᠬᠤ ᠳᠤ ᠪᠦᠷ ᠠᠰᠢᠭᠲᠠᠢ ᠶᠤᠮ︾ ᠭᠡᠵᠦ ᠵᠢᠭᠠᠵᠤ ᠭᠠᠷᠭᠠᠪᠠ᠃ 2019 | ᠣᠨ ᠤ 9 ᠰᠠᠷ᠎ᠠ ᠶᠢᠨ 27 ᠤ ᠡᠳᠦᠷ᠂ ᠪᠦᠬᠦ ᠤᠯᠤᠰ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ | ᠰᠠᠶᠢᠰᠢᠶᠠᠨ ᠬᠦᠬᠢᠭᠦᠯᠬᠦ ᠶᠡᠭᠡ ᠬᠤᠷᠠᠯ ᠳᠡᠭᠡᠷ᠎ᠡ᠂ ᠶᠡᠷᠦᠩᠭᠡᠢ ᠱᠦᠵᠢ ᠰᠢ ᠶᠢᠨ ᠫᠢᠩ ︽ᠦᠨᠳᠦᠰᠦᠲᠡᠨ ᠤ ᠤᠷᠤᠨ ᠤ | ᠡᠯ᠎ᠡ ᠱᠠᠳᠤᠨ ᠤ ᠡᠯ᠎ᠡ ᠲᠦᠷᠦᠯ ᠤᠨ ᠰᠤᠷᠭᠠᠨ ᠬᠦᠮᠦᠵᠢᠯ ᠢ ᠰᠠᠶᠢᠳᠤᠷ ᠡᠷᠬᠢᠯᠡᠵᠦ᠂ ᠤᠯᠤᠰ ᠤᠨ ᠨᠡᠶᠢᠳᠡᠮ ᠬᠡᠷᠡᠭᠯᠡᠬᠦ | ᠦᠭᠡ ᠬᠡᠯᠡ ᠦᠰᠦᠭ ᠪᠢᠴᠢᠭ ᠤᠨ ᠰᠤᠷᠭᠠᠨ ᠬᠦᠮᠦᠵᠢᠯ ᠢ ᠪᠦᠬᠦ ᠲᠠᠯ᠎ᠠ ᠪᠠᠷ ᠴᠢᠩᠭᠠᠳᠬᠠᠵᠤ᠂ | ᠦᠨᠳᠦᠰᠦᠲᠡᠨ ᠨᠦᠭᠦᠳ ᠤᠨ ᠤᠯᠠᠨ ᠲᠦᠮᠡᠨ ᠤ ᠰᠢᠨᠵᠢᠯᠡᠬᠦ ᠤᠬᠠᠭᠠᠨ ᠰᠤᠶᠤᠯ ᠤᠨ ᠬᠡᠪ ᠴᠢᠨᠠᠷ ᠢ ᠲᠠᠰᠤᠷᠠᠯᠳᠠ | ᠦᠭᠡᠢ ᠳᠡᠭᠡᠭᠰᠢᠯᠡᠬᠦᠯᠬᠦ ᠬᠡᠷᠡᠭᠲᠡᠢ︾ ᠭᠡᠵᠦ ᠴᠢᠬᠤᠯᠠᠴᠢᠯᠠᠪᠠ᠃ 2017-2018 ᠣᠨ ᠳᠤ᠂ ᠰᠢᠨᠵᠢᠶᠠᠩ᠂ | ᠲᠦᠪᠡᠳ ᠵᠡᠷᠭᠡ ᠭᠠᠵᠠᠷ ᠤᠷᠤᠨ ᠳᠤ ᠨᠢᠭᠡᠨᠳᠡ ᠣᠯᠣᠰ ᠤᠨ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ | ᠬᠡᠷᠡᠭᠯᠡᠵᠦ᠂ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠬᠢᠴᠢᠶᠠᠯᠯᠡᠵᠦ ᠪᠠᠶᠢᠨ᠎ᠠ᠃ ᠮᠠᠨ ᠤ ᠤᠷᠤᠨ | 2020 ᠣᠨ ᠠᠴᠠ ᠡᠬᠢᠯᠡᠵᠦ ᠭᠤᠷᠪᠠᠨ ᠵᠢᠯ ᠬᠤᠪᠢᠶᠠᠵᠤ ᠠᠯᠬᠤᠮ ᠠᠯᠬᠤᠮ ᠢᠶᠠᠷ ᠬᠡᠷᠡᠭᠵᠢᠭᠦᠯᠬᠦ ᠪᠤᠯᠤᠨ᠎ᠠ᠂ ᠡᠨᠡ | ᠪᠤᠯ ᠨᠠᠮ ᠪᠠ ᠤᠯᠤᠰ ᠠᠴᠠ ᠦᠪᠦᠷ ᠮᠤᠩᠭᠤᠯ ᠢ ᠬᠠᠯᠠᠮᠵᠢᠯᠠᠵᠤ ᠪᠠᠶᠢᠭ᠎ᠠ ᠶᠠᠪᠤᠳᠠᠯ ᠪᠤᠯᠤᠨ᠎ᠠ᠃ ᠡᠨᠡᠬᠦ | ᠦᠭᠡᠷᠡᠴᠢᠯᠡᠯᠲᠡ ᠪᠤᠯ ᠤᠯᠤᠰ ᠦᠨᠳᠦᠰᠦᠲᠡᠨ ᠤ ᠶᠡᠭᠡ ᠪᠤᠳᠤᠯᠭ᠎ᠠ ᠪᠤᠯᠬᠤ ᠪᠦᠭᠡᠳ ᠤᠳᠤᠬᠠᠨ ᠳᠤ ᠵᠢᠳᠭᠦᠯ | ᠦᠵᠡᠬᠦᠯᠵᠦ ᠬᠤᠶᠢᠰᠢᠲᠠ ᠠᠰᠢᠭ ᠬᠦᠷᠲᠡᠬᠦ ᠶᠡᠪᠤᠳᠠᠯ ᠪᠤᠯᠤᠨ᠎ᠠ᠂ ᠪᠢᠳᠡᠨ ᠤ ᠡᠷᠬᠡᠪᠰᠢ ᠰᠠᠶᠢᠳᠤᠷ ᠪᠡᠶᠡᠯᠡᠭᠦᠯᠬᠦ | ᠴᠢᠬᠤᠯᠠ ᠶᠡᠭᠡ ᠤᠯᠤᠰ ᠲᠦᠷᠦ ᠶᠢᠨ ᠡᠭᠦᠷᠭᠡ ᠪᠤᠯᠤᠨ᠎ᠠ᠃ | 3. ᠠᠰᠠᠭᠤᠯᠲᠠ᠄ ᠤᠯᠤᠰ ᠠᠴᠠ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠳᠤ ᠭᠤᠷᠪᠠᠨ | ᠲᠦᠷᠦᠯ ᠤᠨ ᠬᠢᠴᠢᠶᠠᠯ ᠤᠨ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠲᠤᠬᠠᠢ ᠲᠤᠳᠤᠷᠬᠠᠢ | ᠱᠠᠭᠠᠷᠳᠠᠯᠭ᠎ᠠ ᠪᠠᠶᠢᠨ᠎ᠠ ᠤᠤ︖ | ᠬᠠᠷᠢᠭᠤᠯᠳᠠ᠄ ᠪᠠᠶᠢᠨ᠎ᠠ᠃ 2019 ᠤᠨ ᠤ 12 ᠰᠠᠷ᠎ᠠ ᠳᠤ᠂ ᠰᠤᠷᠭᠠᠨ ᠬᠦᠮᠦᠵᠢᠯ ᠤᠨ ᠶᠠᠮᠤᠨ ᠤ ᠵᠢᠭᠠᠬᠤ | ᠮᠠᠲ᠋ᠧᠷᠢᠶᠠᠯ ᠤᠨ ᠲᠤᠪᠴᠢᠶ᠎ᠠ ᠠᠴᠠ ᠲᠠᠷᠤᠮᠠᠯᠯᠠᠨ ᠲᠠᠷᠬᠠᠭᠠᠭᠰᠠᠨ ︽ᠲᠤᠮᠳᠠᠳᠤ ᠪᠠᠭ᠎ᠠ ᠰᠤᠷᠭᠠᠭᠤᠯᠢ ᠶᠢᠨ ᠭᠤᠷᠪᠠᠨ | ᠲᠦᠷᠦᠯ ᠤᠨ ᠬᠢᠴᠢᠶᠡᠯ ᠤᠨ ᠨᠢᠭᠡᠳᠦᠯᠳᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ︿ᠤᠶᠤᠨ ᠰᠦᠨᠡᠰᠦ | ᠴᠤᠭᠴᠠᠯᠠᠬᠤ ᠢᠨᠵᠧᠨᠧᠷᠢᠩ﹀ ᠢ ᠲᠦᠯᠬᠢᠨ ᠠᠬᠢᠭᠤᠯᠬᠤ ᠲᠦᠰᠦᠯ︾ ᠳᠤ ︽ᠤᠯᠤᠰ ᠤᠨ ᠨᠡᠶᠢᠳᠡᠮ ᠬᠡᠷᠡᠭᠯᠡᠬᠦ ᠦᠭᠡ | ᠬᠡᠯᠡ ᠦᠰᠦᠭ ᠪᠢᠴᠢᠭ ᠤᠨ ᠰᠤᠷᠭᠠᠨ ᠬᠦᠮᠦᠵᠢᠯ ᠪᠠᠭᠤᠷᠠᠢ ᠪᠠᠶᠢᠭ᠎ᠠ ᠭᠠᠵᠠᠷ ᠤᠷᠤᠨ ᠳᠤ ᠭᠤᠷᠪᠠᠨ ᠲᠦᠷᠦᠯ ᠤᠨ | ᠬᠢᠴᠢᠶᠡᠯ ᠢ ᠰᠠᠶᠢᠳᠤᠷ ᠵᠢᠭᠠᠵᠦ᠂ ᠵᠢᠭᠠᠬᠤ ᠮᠠᠲ᠋ᠧᠷᠢᠶᠠᠯ ᠢ ᠰᠠᠶᠢᠳᠤᠷ ᠬᠡᠷᠡᠭᠯᠡᠬᠦ ᠬᠡᠷᠡᠭᠳᠡᠢ᠃ 2022 ᠤᠨ ᠠᠴᠠ | ᠡᠮᠦᠨ᠎ᠡ ᠵᠢᠭᠠᠬᠤ ᠮᠠᠲ᠋ᠧᠷᠢᠶᠠᠯ ᠢ ᠬᠡᠷᠡᠭᠯᠡᠬᠦ ᠶᠢ ᠪᠡᠶᠡᠯᠡᠭᠦᠯᠬᠦ ᠬᠡᠷᠡᠭᠳᠡᠢ᠃ 2025 ᠤᠨ ᠪᠤᠯᠳᠠᠯ᠎ᠠ ᠪᠦᠬᠦ ᠤᠯᠤᠰ ᠤᠨ | ᠶᠡᠭᠡ ᠲᠤᠮᠳᠠᠳᠤ ᠪᠠᠭ᠎ᠠ ᠰᠤᠷᠭᠠᠭᠤᠯᠢ ᠶᠢᠨ ᠭᠤᠷᠪᠠᠨ ᠲᠦᠷᠦᠯ ᠤᠨ ᠬᠢᠴᠢᠶᠡᠯ ᠤᠨ ᠨᠢᠭᠡᠳᠦᠯᠳᠡᠢ ᠨᠠᠶᠢᠷᠠᠭᠤᠯᠤᠭᠰᠠᠨ | ᠵᠢᠭᠠᠬᠤ ᠮᠠᠲ᠋ᠧᠷᠢᠶᠠᠯ ᠢ ᠬᠡᠷᠡᠭᠯᠡᠬᠦ ᠶᠢ ᠪᠦᠬᠦ ᠲᠠᠯ᠎ᠠ ᠪᠠᠷ ᠪᠦᠷᠬᠦᠭᠦᠯᠬᠦ ᠬᠡᠷᠡᠭᠳᠡᠢ︾ ᠭᠡᠵᠤ ᠲᠤᠷᠠᠳᠴᠠᠢ᠃ ᠰᠢᠨᠵᠢᠶᠠᠩ᠂ | ᠲᠦᠪᠡᠳ ᠲᠤ 2017᠂ 2018 ᠤᠨ ᠳᠤ ᠨᠢᠭᠡᠨᠳᠡ ᠤᠯᠤᠰ ᠠᠴᠠ ᠨᠢᠭᠡᠳᠦᠯᠳᠡᠢ ᠨᠠᠶᠢᠷᠠᠭᠤᠯᠤᠭᠰᠠᠨ ᠵᠢᠭᠠᠬᠤ | ᠮᠠᠲ᠋ᠧᠷᠢᠶᠠᠯ ᠢ ᠬᠡᠷᠡᠭᠯᠡᠪᠡ᠂ ᠮᠠᠨ ᠤ ᠤᠷᠤᠨ ᠢ ᠪᠠᠭᠳᠠᠭᠠᠭᠰᠠᠨ 6 ᠮᠤᠵᠢ ᠤᠷᠤᠨ ᠳᠤ ᠡᠨᠡ ᠵᠢᠯ ᠭᠤᠷᠪᠠᠨ | ᠲᠦᠷᠦᠯ ᠤᠨ ᠬᠢᠴᠢᠶᠡᠯ ᠤᠨ ᠨᠢᠭᠡᠳᠦᠯᠳᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠨ᠎ᠡ᠃ ᠡᠶᠢᠮᠦ ᠠᠴᠠ | ᠭᠤᠷᠪᠠᠨ ᠲᠦᠷᠦᠯ ᠤᠨ ᠬᠢᠴᠢᠶᠡᠯ ᠤᠨ ᠨᠢᠭᠡᠳᠦᠯᠳᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠶᠠᠪᠤᠳᠠᠯ | ᠪᠣᠯ ᠤᠯᠤᠰ ᠤᠨ ᠪᠦᠬᠦ ᠤᠯᠤᠰ ᠤᠨ ᠬᠡᠪᠴᠢᠶᠡᠨ ᠳᠠᠬᠢ ᠨᠢᠭᠡᠳᠦᠯᠳᠡᠢ ᠪᠠᠶᠢᠷᠢᠯᠠᠭᠤᠯᠤᠯᠳᠠ ᠪᠤᠯᠤᠨ᠎ᠠ᠂ ᠦᠪᠦᠷ | ᠮᠤᠩᠭᠤᠯ ᠳᠤ ᠯᠠ ᠴᠢᠭᠯᠡᠭᠦᠯᠦᠭᠰᠡᠨ ᠤᠨᠴᠠᠭᠠᠢ ᠱᠠᠭᠠᠷᠳᠠᠯᠭ᠎ᠠ ᠪᠢᠰᠢ ᠶᠤᠮ᠃ | 4. ᠠᠰᠠᠭᠤᠯᠲᠠ᠄ ᠭᠤᠷᠪᠠᠨ ᠲᠦᠷᠦᠯ ᠤᠨ ᠵᠢᠭᠠᠬᠤ ᠮᠠᠲ᠋ᠧᠷᠢᠶᠠᠯ ᠤᠨ ᠥᠭᠡᠷᠡᠴᠢᠯᠡᠯᠳᠡ ᠨᠢ ᠦᠨᠳᠦᠰᠦᠲᠡᠨ ᠤ | ᠦᠪᠡᠷᠲᠡᠭᠡᠨ ᠵᠠᠰᠠᠬᠤ ᠬᠠᠤᠯᠢ ᠵᠡᠷᠭᠡ ᠬᠠᠤᠯᠢ ᠴᠠᠭᠠᠵᠠ ᠬᠠᠤᠯᠢ ᠲᠦᠷᠢᠮ ᠯᠦᠭᠡ ᠵᠦᠷᠢᠴᠡᠯ ᠲᠠᠢ ᠤᠤ︖ | ᠬᠠᠷᠢᠭᠤᠯᠲᠠ᠄ ᠤᠯᠤᠰ ᠠᠴᠠ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠵᠢᠭᠦᠯᠬᠦ ᠪᠤᠯ | ᠲᠦᠷᠤ ᠶᠢᠨ ᠠᠵᠢᠯ ᠡᠷᠬᠡ ᠪᠤᠯᠤᠨ᠎ᠠ᠂ ᠲᠦᠪ ᠬᠤᠷᠢᠶ᠎ᠠ ᠠᠴᠠ ᠤᠯᠤᠰ ᠤᠨ ᠬᠠᠤᠯᠢ ᠴᠠᠭᠠᠵᠠ ᠬᠠᠤᠯᠢ ᠲᠦᠷᠢᠮ ᠢ | ᠦᠨᠳᠦᠰᠦᠯᠡᠵᠦ ᠲᠤᠭᠲᠠᠭᠠᠭᠰᠠᠨ ᠲᠤᠬᠳᠠᠭᠠᠯ ᠪᠤᠯᠤᠨ᠎ᠠ᠃ ᠲᠦᠪ ᠬᠤᠷᠢᠶ᠎ᠡ ᠠᠴᠠ ᠲᠤᠬᠳᠠᠭᠠᠬᠰᠠᠨ ᠵᠦᠢᠯᠡᠰ ᠢ | ᠦᠪᠡᠷᠲᠡᠭᠡᠨ ᠵᠠᠰᠠᠬᠤ ᠤᠷᠤᠨ ᠬᠡᠷᠡᠭᠵᠢᠭᠦᠯᠪᠡᠯ ᠵᠤᠬᠢᠨ᠎ᠠ᠂ ᠡᠨᠡ ᠨᠢ ᠦᠨᠳᠦᠰᠦᠲᠡᠨ ᠤ ᠤᠷᠤᠨ ᠤ ᠦᠪᠡᠷᠲᠡᠭᠡᠨ | ᠵᠠᠰᠠᠬᠤ ᠬᠠᠤᠯᠢ ᠲᠠᠢ ᠵᠦᠷᠢᠴᠡᠯᠳᠦᠬᠦ ᠦᠭᠡᠢ ᠶᠤᠮ᠃ | ︽ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠦᠨᠳᠦᠰᠦᠳᠡᠨ ᠤ ᠤᠷᠤᠨ ᠤ ᠦᠪᠡᠷᠳᠡᠭᠡᠨ | ᠵᠠᠰᠠᠬᠤ ᠬᠠᠤᠯᠢ︾ ᠶᠢᠨ ᠠᠷᠪᠠᠨ ᠲᠠᠪᠤᠳᠤᠭᠠᠷ ᠵᠦᠢᠯ ᠳᠤ ︽ᠦᠨᠳᠦᠰᠦᠳᠡᠨ ᠤ ᠦᠪᠡᠷᠳᠡᠭᠡᠨ ᠵᠠᠰᠠᠬᠤ ᠭᠠᠵᠠᠷ | ᠤᠷᠤᠨ ᠤ ᠦᠪᠡᠷᠳᠡᠭᠡᠨ ᠵᠠᠰᠠᠬᠤ ᠪᠠᠶᠢᠭᠤᠯᠭ᠎ᠠ ᠪᠣᠯ ᠦᠪᠡᠷᠳᠡᠭᠡᠨ ᠵᠠᠰᠠᠬᠤ ᠤᠷᠤᠨ᠂ ᠦᠪᠡᠷᠳᠡᠭᠡᠨ ᠵᠠᠰᠠᠬᠤ ᠵᠸᠦ᠂ | ᠦᠪᠡᠷᠳᠡᠭᠡᠨ ᠵᠠᠰᠠᠬᠤ ᠰᠢᠶᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠪᠤᠯᠤᠨ ᠠᠷᠠᠳ ᠤᠨ ᠵᠠᠰᠠᠭ ᠤᠨ | ᠤᠷᠳᠤᠨ ᠪᠤᠯᠤᠨ᠎ᠠ︾ ᠭᠡᠵᠤ ᠲᠤᠭᠳᠠᠭᠠᠪᠠ᠃ ᠭᠤᠴᠢᠨ ᠵᠢᠷᠭᠤᠳᠤᠭᠠᠷ ᠵᠦᠢᠯ ᠳᠤ ︽ᠦᠨᠳᠦᠰᠦᠳᠡᠨ ᠤ ᠦᠪᠡᠷᠳᠡᠭᠡᠨ | ᠵᠠᠰᠠᠬᠤ ᠭᠠᠵᠠᠷ ᠤᠷᠤᠨ ᠤ ᠦᠪᠡᠷᠳᠡᠭᠡᠨ ᠵᠠᠰᠠᠬᠤ ᠪᠠᠶᠢᠭᠤᠯᠭ᠎ᠠ ᠨᠢ ᠤᠯᠤᠰ ᠤᠨ ᠰᠤᠷᠭᠠᠨ ᠬᠦᠮᠦᠵᠢᠯ ᠤᠨ | ᠴᠢᠭᠯᠡᠯᠳᠡ ᠶᠢ ᠦᠨᠳᠦᠰᠦᠯᠡᠵᠦ᠂ ᠬᠠᠤᠯᠢ ᠲᠦᠷᠢᠮ ᠶᠤᠰᠤᠭᠠᠷ ᠲᠤᠬᠠᠢ ᠶᠢᠨ ᠭᠠᠵᠠᠷ ᠤᠨ ᠢᠶᠠᠨ ᠰᠤᠷᠭᠠᠨ | ᠬᠦᠮᠦᠵᠢᠯ ᠤᠨ ᠲᠦᠯᠦᠪᠵᠢᠭᠦᠯᠭᠡ᠂ ᠡᠯ᠎ᠡ ᠱᠠᠳᠤᠨ ᠤ ᠡᠯ᠎ᠡ ᠲᠦᠷᠦᠯ ᠤᠨ ᠰᠤᠷᠭᠠᠭᠤᠯᠢ ᠪᠠᠶᠢᠭᠤᠯᠬᠤ᠂ | ᠰᠤᠷᠭᠠᠭᠤᠯᠢ ᠶᠢᠨ ᠲᠦᠷᠢᠮ᠂ ᠰᠤᠷᠭᠠᠭᠤᠯᠢ ᠡᠷᠬᠢᠯᠡᠬᠦ ᠬᠡᠯᠪᠡᠷᠢ᠂ ᠵᠢᠭᠠᠨ ᠰᠤᠷᠭᠠᠬᠤ ᠠᠭᠤᠯᠭ᠎ᠠ᠂ ᠵᠢᠭᠠᠨ | ᠰᠤᠷᠭᠠᠬᠤ ᠳᠤ ᠬᠡᠷᠡᠭᠯᠡᠬᠦ ᠬᠡᠯᠡ ᠪᠠ ᠰᠤᠷᠤᠭᠴᠢ ᠡᠯᠰᠡᠬᠦ ᠠᠷᠭ᠎ᠠ ᠶᠢ ᠲᠤᠭᠳᠠᠭᠠᠨ᠎ᠠ︾ ᠭᠡᠵᠤ ᠲᠤᠭᠳᠠᠭᠠᠪᠠ᠃ | 5. ᠠᠰᠠᠭᠤᠯᠲᠠ᠄ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ︽ᠶᠤᠰᠤ ᠮᠤᠷᠠᠯ | ᠬᠢᠭᠡᠳ ᠬᠠᠣᠯᠢ ᠪᠠᠷ ᠵᠠᠰᠠᠬᠤ︾ ᠪᠤᠯᠤᠨ ︽ᠲᠡᠤᠬᠡ︾ ᠶᠢᠨ ᠬᠢᠴᠢᠶᠡᠯ ᠢ ᠰᠤᠷᠤᠭᠰᠠᠨ ᠤ ᠲᠠᠷᠠᠭ᠎ᠠ᠂ ᠤᠯᠤᠰ ᠤᠨ | ᠨᠢᠭᠡᠳᠦᠯᠳᠠᠢ ᠨᠠᠶᠢᠷᠠᠭᠤᠯᠤᠬᠰᠠᠨ ᠵᠢᠭᠠᠬᠤ ᠮᠠᠲ᠋ᠧᠷᠢᠶᠠᠯ ᠢ ᠬᠡᠷᠡᠭᠯᠡᠪᠡᠯ᠂ ᠬᠢᠲᠠᠳ ᠢᠶᠠᠷ ᠬᠢᠴᠢᠶᠡᠯᠯᠡᠬᠦ ᠰᠣᠷᠣᠭᠴᠢ ᠯᠤᠭ᠎ᠠ | ᠨᠢᠭᠡᠲᠦᠯᠲᠡᠢ ᠰᠢᠯᠭᠠᠯᠳᠠ ᠶᠢᠨ ᠬᠠᠭᠤᠳᠠᠰᠤ ᠬᠡᠷᠡᠭᠯᠡᠬᠦ ᠤᠤ︖ ᠬᠡᠷᠪᠡ ᠲᠡᠶᠢᠮᠦ ᠪᠤᠯ ᠰᠤᠷᠤᠯᠴᠠᠯᠭ᠎ᠠ ᠶᠢᠨ | ᠬᠦᠴᠢᠷᠳᠡᠯ ᠢ ᠨᠡᠮᠡᠭᠳᠡᠭᠦᠯᠵᠦ᠂ ᠰᠢᠯᠭᠠᠯᠲᠠ ᠶᠢᠨ ᠬᠢᠷᠢ ᠪᠦᠲᠦᠮᠵᠢ ᠶᠢ ᠳᠤᠷᠤᠭᠰᠢᠯᠠᠭᠤᠯᠵᠤ᠂ ᠰᠤᠷᠭᠠᠭᠤᠯᠢ | ᠲᠠᠪᠰᠢᠬᠤ ᠶᠢ ᠨᠦᠯᠦᠭᠡᠯᠡᠬᠦ ᠤᠤ︖ | ᠬᠠᠷᠢᠭᠤᠯᠲᠠ᠄ ᠤᠳᠤᠬᠠᠨ ᠳᠤ᠂ ᠤᠯᠤᠰ ᠠᠴᠠ ᠠᠬᠢᠭᠤᠯᠵᠦ ᠪᠠᠶᠢᠭ᠎ᠠ ᠰᠢᠨ᠎ᠡ ᠤᠯᠤᠰ ᠤᠨ ᠰᠢᠯᠭᠠᠯᠳᠠ ᠶᠢᠨ | ᠥᠭᠡᠷᠡᠴᠢᠯᠡᠯᠳᠡ ᠳᠤ᠂ ᠨᠡᠶᠢᠭᠡᠮ ᠤᠨ ᠰᠢᠨᠵᠢᠯᠡᠬᠦ ᠤᠬᠠᠭᠠᠨ ᠪᠠ ᠪᠠᠶᠢᠭᠠᠯᠢ ᠶᠢᠨ ᠰᠢᠨᠵᠢᠯᠡᠬᠦ ᠤᠬᠠᠭᠠᠨ ᠤ ᠬᠢᠴᠢᠶᠡᠯ | ᠲᠦᠷᠦᠯ ᠢ ᠳᠠᠬᠢᠵᠤ ᠰᠠᠯᠭᠠᠬᠤ ᠦᠭᠡᠢ ᠪᠤᠯᠵᠤ ᠤᠯᠤᠰ ᠤᠨ ᠰᠢᠯᠭᠠᠯᠳᠠ ᠳᠤ ︽3+3︾ ᠶᠢᠨ ᠰᠢᠯᠭᠠᠯᠲᠠ ᠶᠢᠨ | ᠬᠡᠯᠪᠡᠷᠢ ᠶᠢ ᠬᠡᠷᠡᠭᠵᠢᠭᠦᠯᠬᠦ ᠪᠤᠯᠤᠨ᠎ᠠ᠂ ᠲᠤᠬᠠᠶᠢᠯᠠᠪᠠᠯ᠄ ᠬᠡᠯᠡ ᠪᠢᠴᠢᠭ ︵ᠤᠯᠤᠰ ᠤᠨ ᠨᠢᠭᠡᠲᠦᠯᠲᠡᠢ ᠨᠠᠶᠢᠷᠠᠭᠤᠯᠤᠭᠰᠠᠨ | ᠬᠡᠯᠡ ᠪᠢᠴᠢᠭ ᠪᠤᠯᠤᠨ ᠮᠤᠩᠭᠤᠯ ᠬᠡᠯᠡ ᠪᠢᠴᠢᠭ︶᠂ ᠲᠤᠭᠠᠨ ᠤ ᠤᠬᠠᠭᠠᠨ᠂ ᠭᠠᠳᠠᠭᠠᠲᠣ ᠬᠡᠯᠡ ᠶᠢ ᠡᠷᠬᠡᠪᠰᠢ | ᠰᠢᠯᠭᠠᠬᠤ ᠬᠢᠴᠢᠶᠠᠯ ᠲᠦᠷᠦᠯ ᠪᠤᠯᠭᠠᠵᠤ᠂ ᠪᠤᠰᠤᠳ 3 ᠬᠢᠴᠢᠶᠠᠯ ᠲᠦᠷᠦᠯ ᠢ ᠰᠢᠯᠭᠠᠭᠤᠯᠤᠭᠰᠠᠳ ᠮᠡᠳᠡᠭᠦᠯᠦᠭᠰᠡᠨ | ᠳᠡᠭᠡᠲᠦ ᠰᠤᠷᠭᠠᠭᠤᠯᠢ ᠶᠢᠨ ᠱᠠᠭᠠᠷᠳᠠᠯᠭ᠎ᠠ ᠪᠠ ᠲᠤᠰ ᠪᠡᠶ᠎ᠡ ᠶᠢᠨ ᠤᠨᠴᠠᠯᠢᠭ ᠢᠶᠠᠨ ᠦᠨᠳᠦᠰᠦᠯᠡᠵᠦ᠂ ᠦᠵᠡᠯ ᠰᠠᠨᠠᠭ᠎ᠠ | ᠤᠯᠤᠰ ᠲᠦᠷᠦ᠂ ᠲᠡᠤᠬᠡ᠂ ᠭᠠᠵᠠᠷ ᠵᠦᠢ᠂ ᠹᠢᠽᠢᠺ᠂ ᠬᠢᠮᠢ᠂ ᠠᠮᠢᠲᠤ ᠪᠤᠳᠠᠰ ᠵᠡᠷᠭᠡ ᠬᠢᠴᠢᠶᠡᠯ ᠲᠦᠷᠦᠯ ᠤᠨ | ᠲᠤᠲᠤᠷ᠎ᠠ ᠠᠴᠠ ᠦᠪᠡᠷᠲᠡᠭᠡᠨ 3 ᠲᠦᠷᠦᠯ ᠢ ᠰᠤᠩᠭᠤᠵᠤ ᠤᠯᠤᠰ ᠤᠨ ᠰᠢᠯᠭᠠᠯᠲᠠ ᠶᠢᠨ ᠶᠡᠷᠦᠩᠬᠡᠢ ᠬᠢᠷᠢ | ᠪᠦᠲᠦᠮᠵᠢ ᠳᠤ ᠤᠷᠤᠭᠤᠯᠤᠨ᠎ᠠ᠂ ᠡᠭᠦᠨ ᠳᠤ᠂ ᠦᠵᠡᠯ ᠰᠠᠨᠠᠭ᠎ᠠ ᠤᠯᠤᠰ ᠲᠦᠷᠦ᠂ ᠲᠡᠤᠬᠡ ᠶᠢᠨ ᠬᠢᠴᠢᠶᠠᠯ ᠳᠤ ︽ | ᠶᠠᠭᠤ ᠶᠢ ᠰᠤᠷᠪᠠᠯ ᠲᠡᠭᠦᠨ ᠢ ᠰᠢᠯᠭᠠᠬᠤ︾ ᠵᠠᠷᠴᠢᠮ ᠶᠤᠰᠤᠭᠠᠷ᠂ ᠬᠢᠲᠠᠳ ᠢᠶᠠᠷ ᠬᠢᠴᠢᠶᠡᠯᠯᠡᠬᠦ | ᠰᠢᠯᠭᠠᠭᠤᠯᠤᠭᠰᠠᠳ ᠤᠨ ᠨᠢᠭᠡᠲᠦᠯᠲᠡᠢ ᠰᠢᠯᠭᠠᠯᠲᠠ ᠶᠢᠨ ᠬᠠᠭᠤᠳᠠᠰᠤ ᠶᠢ ᠬᠡᠷᠡᠭᠯᠡᠬᠦ ᠪᠤᠯᠤᠨ᠎ᠠ᠃ ᠤᠳᠤᠬᠢ ᠬᠠᠮᠢᠶ᠎ᠠ | ᠪᠦᠬᠦᠢ ᠰᠤᠷᠤᠭᠴᠢ ᠡᠯᠰᠡᠬᠦ ᠲᠦᠷᠦ ᠶᠢᠨ ᠪᠤᠳᠤᠯᠭ᠎ᠠ ᠶᠤᠰᠤᠭᠠᠷ᠂ ᠦᠨᠳᠦᠰᠦᠲᠡᠨ ᠤ ᠰᠤᠷᠭᠠᠭᠤᠯᠢ ᠶᠢᠨ ᠬᠤᠪᠢ ᠶᠢ | ᠲᠤᠰᠠᠭᠠᠷ ᠲᠤᠭᠲᠠᠭᠠᠵᠤ᠂ ᠰᠤᠷᠤᠭᠴᠢ ᠶᠢ ᠲᠤᠰᠠᠭᠠᠷ ᠡᠯᠰᠡᠵᠦ᠂ ᠬᠢᠲᠠᠳ ᠢᠶᠠᠷ ᠰᠢᠯᠭᠠᠭᠤᠯᠬᠤ ᠰᠤᠷᠤᠭᠴᠢ ᠲᠠᠢ | ᠥᠷᠢᠰᠦᠯᠳᠤᠭᠦᠯᠬᠦ ᠦᠭᠡᠢ ᠮᠦᠷᠲᠡᠭᠡᠨ ᠰᠤᠷᠤᠭᠴᠢ ᠡᠯᠰᠡᠬᠦ ᠬᠠᠷᠢᠴᠠᠯ ᠢ ᠲᠤᠭᠳᠠᠭᠤᠨ ᠪᠠᠶᠢᠯᠭᠠᠬᠤ ᠶᠢ ᠪᠠᠳᠤᠯᠠᠬᠤ | ᠲᠤᠯᠠ᠂ ᠰᠤᠷᠭᠠᠭᠤᠯᠢ ᠳᠠᠪᠰᠢᠬᠤ ᠨᠤᠷᠮ᠎ᠠ ᠶᠢ ᠨᠦᠯᠦᠭᠡᠯᠡᠬᠦ ᠦᠭᠡᠢ ᠶᠤᠮ᠃ | 6. ᠠᠰᠠᠭᠤᠯᠲᠠ᠄ ᠤᠯᠤᠰ ᠤᠨ ᠨᠢᠭᠡᠲᠦᠯᠲᠡᠢ ᠨᠠᠶᠢᠷᠠᠭᠤᠯᠤᠭᠰᠠᠨ ︽ᠬᠡᠯᠡ ᠪᠢᠴᠢᠭ︾ ᠤᠨ ᠵᠢᠭᠠᠬᠤ | ᠮᠠᠲ᠋ᠧᠷᠢᠶᠠᠯ ᠢ ᠬᠡᠷᠡᠭᠯᠡᠪᠡᠯ᠂ ᠮᠤᠩᠭᠤᠯ ᠬᠡᠯᠡᠨ ᠤ ᠵᠢᠭᠠᠨ ᠰᠤᠷᠭᠠᠯᠲᠠ ᠶᠢ ᠦᠭᠡᠶᠢᠰᠭᠡᠨ᠎ᠡ ᠤᠤ︖ | ᠬᠠᠷᠢᠭᠤᠯᠲᠠ᠄ ᠦᠭᠡᠶᠢᠰᠭᠡᠬᠦ ᠦᠭᠡᠢ᠃ ᠮᠠᠨ ᠤ ᠤᠷᠤᠨ ᠤ ᠮᠤᠩᠭᠤᠯ ᠢᠶᠠᠷ ᠬᠢᠴᠢᠶᠡᠯᠯᠡᠬᠦ ᠪᠠᠭ᠎ᠠ | ᠰᠤᠷᠭᠠᠭᠤᠯᠢ ᠶᠢᠨ ᠨᠢᠭᠡᠳᠦᠭᠡᠷ ᠤᠨ ᠪᠠ ᠠᠩᠬ᠎ᠠ ᠵᠡᠷᠭᠡ ᠶᠢᠨ ᠲᠤᠮᠳᠠᠲᠤ ᠰᠤᠷᠭᠠᠭᠤᠯᠢ ᠶᠢᠨ ᠨᠢᠭᠡᠳᠦᠭᠡᠷ ᠤᠨ ᠳᠤ | ᠤᠯᠤᠰ ᠤᠨ ᠨᠢᠭᠡᠲᠦᠯᠲᠡᠢ ᠨᠠᠶᠢᠷᠠᠭᠤᠯᠤᠭᠰᠠᠨ ︽ᠬᠡᠯᠡ ᠪᠢᠴᠢᠭ︾ ᠤᠨ ᠵᠢᠭᠠᠬᠤ ᠮᠠᠲ᠋ᠧᠷᠢᠶᠠᠯ ᠢ ᠬᠡᠷᠡᠭᠯᠡᠵᠦ᠂ ᠪᠤᠰᠤᠳ | ᠬᠢᠴᠢᠶᠠᠯ ᠲᠦᠷᠦᠯ ᠢ ᠦᠷᠭᠦᠯᠵᠢᠯᠡᠨ ᠮᠤᠩᠭᠤᠯ ᠬᠡᠯᠡ ᠪᠠᠷ ᠵᠢᠭᠠᠨ ᠰᠤᠷᠭᠠᠨ᠎ᠠ᠂ ᠬᠤᠤᠰ ᠬᠡᠯᠡᠨ ᠤ ᠰᠤᠷᠭᠠᠨ | ᠬᠦᠮᠦᠵᠢᠯ ᠢ ᠦᠭᠡᠶᠢᠰᠭᠡᠭᠰᠡᠨ ᠦᠭᠡᠢ ᠶᠤᠮ᠂ ᠲᠦᠪ ᠬᠤᠷᠢᠶ᠎ᠠ ᠪᠠ ᠦᠪᠡᠷᠲᠡᠭᠡᠨ ᠵᠠᠰᠠᠬᠤ ᠤᠷᠤᠨ ᠠᠴᠠ ᠴᠦ | ᠮᠤᠩᠭᠤᠯ ᠬᠡᠯᠡᠨ ᠤ ᠵᠢᠭᠠᠨ ᠰᠤᠷᠭᠠᠯᠲᠠ ᠶᠢ ᠦᠭᠡᠶᠢᠰᠭᠡᠨ᠎ᠡ ᠭᠡᠵᠦ ᠶᠡᠷᠦ ᠶᠠᠷᠢᠵᠤ ᠦᠩᠭᠡᠷᠡᠭᠡ ᠦᠭᠡᠢ᠃ | 7. ᠠᠰᠠᠭᠤᠯᠲᠠ᠄ ᠤᠳᠤᠬᠢ ᠲᠦᠷᠦ ᠶᠢᠨ ᠪᠤᠳᠤᠯᠭ᠎ᠠ ᠶᠢ ᠭᠤᠷᠪᠠᠨ ᠵᠢᠯ ᠬᠤᠪᠢᠶᠠᠵᠤ ᠬᠢᠴᠢᠶᠠᠯ ᠲᠦᠷᠦᠯ ᠢ | ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠵᠢᠭᠠᠨ ᠰᠤᠷᠭᠠᠭᠰᠠᠨ ᠤ ᠳᠠᠷᠠᠭ᠎ᠠ᠂ ᠳᠠᠬᠢᠵᠤ | ᠪᠤᠰᠤᠳ ᠲᠦᠷᠦᠯ ᠤᠨ ᠬᠢᠴᠢᠶᠡᠯ ᠢ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠵᠢᠭᠠᠨ | ᠰᠤᠷᠭᠠᠵᠤ᠂ ᠮᠤᠩᠭᠤᠯ ᠬᠡᠯᠡᠨ ᠤ ᠵᠢᠭᠠᠨ ᠰᠤᠷᠭᠠᠯᠳᠠ ᠶᠢ ᠪᠠᠭᠠᠰᠬᠠᠨ᠎ᠠ ᠤᠤ︖ | ᠬᠠᠷᠢᠭᠤᠯᠲᠠ᠄ ᠵᠢᠭᠠᠬᠤ ᠮᠠᠲ᠋ᠧᠷᠢᠶᠠᠯ ᠨᠢ ᠢᠷᠡᠭᠡᠳᠦᠢ ᠶᠢ ᠲᠤᠭᠳᠠᠭᠠᠬᠤ ᠴᠢᠳᠠᠪᠬᠢ ᠲᠠᠢ ᠪᠠᠶᠢᠵᠤ᠂ ᠰᠤᠷᠭᠠᠨ | ᠬᠦᠮᠦᠵᠢᠯ ᠤᠨ ᠠᠵᠢᠯ ᠤᠨ ᠬᠠᠮᠤᠭ ᠤᠨ ᠦᠨᠳᠦᠰᠦᠨ ᠵᠢᠷᠤᠮᠯᠠᠯ ᠪᠤᠯᠬᠤ ᠲᠤᠯᠠ᠂ ᠡᠷᠬᠡᠪᠰᠢ ᠤᠯᠤᠰ ᠤᠨ | ᠵᠤᠷᠢᠯᠲᠠ ᠶᠢ ᠢᠯᠡᠷᠡᠭᠦᠯᠬᠦ ᠬᠡᠷᠡᠭᠲᠡᠢ᠃ ︽ᠬᠡᠯᠡ ᠪᠢᠴᠢᠭ︾᠂ ︽ᠶᠤᠰᠤ ᠮᠤᠷᠠᠯ ᠬᠢᠭᠡᠳ ᠬᠠᠤᠯᠢ ᠪᠠᠷ ᠵᠠᠰᠠᠬᠤ︾᠂ | ︽ᠲᠡᠤᠬᠡ︾ ᠭᠤᠷᠪᠠᠨ ᠬᠢᠴᠢᠶᠡᠯ ᠲᠦᠷᠦᠯ ᠤᠨ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠨᠢ ᠦᠵᠡᠯ | ᠤᠬᠠᠮᠰᠠᠷ ᠤᠨ ᠬᠡᠯᠪᠡᠷᠢ ᠪᠠ ᠰᠤᠶᠤᠯ ᠤᠨ ᠤᠯᠠᠮᠵᠢᠯᠠᠯ ᠲᠠᠢ ᠨᠢᠭᠲᠠ ᠬᠤᠯᠪᠤᠭᠳᠠᠵᠦ ᠪᠠᠶᠢᠨ᠎ᠠ᠂ ᠤᠯᠤᠰ ᠤᠨ ᠭᠤᠤᠯ | ᠵᠢᠭᠠᠬᠤ ᠮᠠᠲ᠋ᠧᠷᠢᠶᠠᠯ ᠪᠤᠯᠤᠨ᠎ᠠ᠂ ᠡᠨᠡ ᠨᠢ ᠤᠯᠤᠰ ᠠᠴᠠ ᠶᠠᠮᠠᠷ ᠬᠦᠮᠦᠨ ᠢ ᠬᠦᠮᠦᠵᠢᠭᠦᠯᠬᠦ ᠪᠠ ᠶᠠᠮᠠᠷ ᠬᠦᠮᠦᠨ ᠢ | ᠬᠦᠮᠦᠵᠢᠭᠦᠯᠵᠦ ᠲᠡᠶᠢᠯᠬᠦ ᠲᠠᠢ ᠰᠢᠭᠤᠳ ᠬᠤᠯᠪᠤᠬᠳᠠᠵᠦ ᠪᠠᠶᠢᠨ᠎ᠠ᠂ ᠡᠶᠢᠮᠦ ᠠᠴᠠ ᠡᠷᠬᠡᠪᠰᠢ ᠨᠢᠭᠡᠲᠦᠯᠲᠡᠢ ᠴᠢᠨᠠᠷ ᠪᠠ | ᠵᠤᠭᠰᠤᠯᠲᠠ ᠶᠢᠨ ᠦᠨᠳᠦᠰᠦᠨ ᠴᠢᠨᠠᠷ ᠢ ᠪᠠᠳᠤᠯᠠᠬᠤ ᠬᠡᠷᠡᠭᠲᠡᠢ᠃ ᠤᠯᠤᠰ ᠠᠴᠠ ︽ᠬᠡᠯᠡ ᠪᠢᠴᠢᠭ︾᠂ ︽ᠶᠤᠰᠤ | ᠮᠤᠷᠠᠯ ᠬᠢᠭᠡᠳ ᠬᠠᠤᠯᠢ ᠪᠠᠷ ᠵᠠᠰᠠᠬᠤ︾᠂ ︽ᠲᠡᠤᠬᠡ︾ ᠭᠤᠷᠪᠠᠨ ᠬᠢᠴᠢᠶᠡᠯ ᠲᠦᠷᠦᠯ ᠤᠨ ᠵᠢᠭᠠᠬᠤ ᠮᠠᠲ᠋ᠧᠷᠢᠶᠠᠯ ᠢ | ᠨᠢᠭᠡᠲᠦᠯᠲᠡᠢ ᠨᠠᠶᠢᠷᠠᠭᠤᠯᠤᠨ᠂ ᠨᠢᠭᠡᠲᠦᠯᠲᠡᠢ ᠬᠢᠨᠡᠨ ᠲᠤᠭᠲᠠᠭᠠᠵᠤ᠂ ᠨᠢᠭᠡᠲᠦᠯᠲᠡᠢ ᠬᠡᠷᠡᠭᠯᠡᠬᠦ ᠶᠢᠨ ᠬᠠᠮᠲᠤ ᠪᠦᠬᠦ | ᠤᠯᠤᠰ ᠤᠨ ᠬᠡᠪᠴᠢᠶᠠᠨ ᠳᠤ ᠨᠢᠭᠡᠲᠦᠯᠲᠡᠢ ᠪᠠᠶᠢᠷᠢᠯᠠᠭᠤᠯᠤᠭᠰᠠᠨ ᠨᠢ ᠨᠠᠮ ᠪᠠ ᠤᠯᠤᠰ ᠤᠨ ᠴᠢᠬᠤᠯᠠ | ᠪᠠᠶᠢᠷᠢᠯᠠᠭᠤᠯᠤᠯᠲᠠ ᠪᠤᠯᠤᠨ᠎ᠠ᠂ ᠪᠢᠳᠡ ᠡᠷᠬᠡᠪᠰᠢ ᠡᠷᠡᠰ ᠭᠤᠶᠢᠪᠢᠰᠢ ᠦᠭᠡᠢ ᠪᠠᠷ ᠠᠬᠢᠭᠤᠯᠤᠨ ᠨᠡᠶᠢᠳᠡᠪᠦᠷᠢᠵᠢᠭᠤᠯᠬᠤ | ᠬᠡᠷᠡᠭᠲᠡᠢ᠃ ᠦᠨᠳᠦᠰᠦᠲᠡᠨ ᠤ ᠬᠡᠯᠡ ᠪᠠᠷ ᠬᠢᠴᠢᠶᠡᠯᠯᠡᠬᠦ ᠰᠤᠷᠭᠠᠭᠤᠯᠢ ᠳᠤ ᠤᠯᠤᠰ ᠠᠴᠠ ᠭᠤᠷᠪᠠᠨ ᠬᠢᠴᠢᠶᠡᠯ | ᠲᠦᠷᠦᠯ ᠤᠨ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠪᠠᠶᠢᠷᠢᠯᠠᠭᠤᠯᠤᠯᠲᠠ ᠬᠢᠭᠰᠡᠨ ᠠᠴᠠ | ᠭᠠᠳᠠᠨ᠎ᠠ᠂ ᠪᠣᠰᠣᠳ ᠬᠢᠴᠢᠶᠡᠯ ᠲᠦᠷᠦᠯ ᠳᠤ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ | ᠬᠢᠴᠢᠶᠡᠯᠯᠡᠬᠦ ᠪᠠᠶᠢᠷᠢᠯᠠᠭᠤᠯᠤᠯᠲᠠ ᠬᠢᠭᠰᠡᠨ ᠦᠭᠡᠢ ᠪᠦᠭᠡᠳ ᠤᠯᠤᠰ ᠠᠴᠠ ᠶᠡᠷᠦ ᠠᠴᠠ ᠡᠶᠢᠮᠦᠷᠬᠦᠦ ᠲᠦᠷᠦ ᠶᠢᠨ | ᠪᠤᠳᠤᠯᠭ᠎ᠠ ᠶᠢᠨ ᠱᠠᠭᠠᠷᠳᠠᠯᠭ᠎ᠠ ᠪᠠᠶᠢᠬᠤ ᠦᠭᠡᠢ ᠶᠤᠮ᠃ ᠪᠤᠰᠤᠳ ᠬᠢᠴᠢᠶᠡᠯ ᠲᠦᠷᠦᠯ ᠢ ᠮᠦᠨ ᠬᠦ ᠦᠨᠳᠦᠰᠦᠲᠡᠨ ᠤ | ᠬᠡᠯᠡ ᠪᠠᠷ ᠬᠢᠴᠢᠶᠡᠯᠯᠡᠵᠦ᠂ ᠦᠨᠳᠦᠰᠦᠲᠡᠨ ᠤ ᠬᠡᠯᠡ ᠪᠠᠷ ᠬᠢᠴᠢᠶᠡᠯᠯᠡᠬᠦ ᠪᠠᠷ ᠭᠤᠤᠯ ᠪᠤᠯᠭᠠᠭᠰᠠᠨ ᠬᠤᠤᠰ ᠬᠡᠯᠡᠨ ᠤ | ᠰᠤᠷᠭᠠᠨ ᠬᠦᠮᠦᠵᠢᠯ ᠤᠨ ᠰᠢᠰᠲ᠋ᠧᠮ ᠢ ᠬᠤᠪᠢᠷᠠᠭᠤᠯᠬᠤ ᠦᠭᠡᠢ᠃ | ᠦᠪᠦᠷ ᠮᠤᠩᠭᠤᠯ ᠨᠢ ᠵᠢᠱᠢᠶᠡᠴᠢ ᠦᠪᠡᠷᠲᠡᠭᠡᠨ ᠵᠠᠰᠠᠬᠤ ᠤᠷᠤᠨ ᠪᠤᠯᠤᠭᠰᠠᠨ ᠤ ᠬᠤᠪᠢ ᠳᠤ᠂ ᠤᠯᠤᠰ ᠤᠨ | ᠵᠢᠭᠠᠬᠤ ᠮᠠᠲ᠋ᠧᠷᠢᠶᠠᠯ ᠤᠨ ᠵᠦᠪᠯᠡᠯ ᠤᠨ ᠠᠵᠢᠯ ᠤᠨ ᠪᠠᠶᠢᠷᠢᠯᠠᠭᠤᠯᠤᠯᠲᠠ ᠶᠢ ᠦᠨᠳᠦᠰᠦᠯᠡᠵᠦ᠂ ᠦᠪᠡᠷᠲᠡᠭᠡᠨ ᠵᠠᠰᠠᠬᠤ | ᠤᠷᠤᠨ ᠤ ᠨᠠᠮ ᠤᠨ ᠬᠤᠷᠢᠶ᠎ᠠ᠂ ᠵᠠᠰᠠᠭ ᠤ ᠤᠷᠳᠤᠨ ᠡᠷᠬᠡ ᠲᠡᠭᠰᠢ ᠪᠦᠭᠡᠳ ᠴᠢᠨᠠᠷ ᠰᠠᠶᠢᠲᠠᠢ ᠦᠨᠳᠦᠰᠦᠲᠡᠨ ᠤ | ᠰᠤᠷᠭᠠᠨ ᠬᠦᠮᠦᠵᠢᠯ ᠢ ᠡᠷᠬᠢᠯᠡᠬᠦ ᠶᠠᠪᠤᠳᠠᠯ ᠳᠤ ᠳᠡᠭᠡᠲᠦ ᠬᠡᠮᠵᠢᠶ᠎ᠡ ᠪᠠᠷ ᠬᠠᠷᠢᠭᠤᠴᠠᠬᠤ ᠵᠤᠷᠢᠭ ᠰᠠᠨᠠᠭ᠎ᠠ ᠪᠠᠷ᠂ | ᠤᠳᠤᠬᠠᠨ ᠤ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ ᠰᠤᠷᠭᠠᠨ ᠬᠦᠮᠦᠵᠢᠯ ᠤᠨ ᠬᠢᠷᠢ | ᠲᠦᠪᠰᠢᠨ ᠪᠠ ᠦᠨᠳᠦᠰᠦᠲᠡᠨ ᠤ ᠬᠡᠯᠡ ᠪᠠᠷ ᠬᠢᠴᠢᠶᠡᠯᠯᠡᠬᠦ ᠰᠤᠷᠭᠠᠭᠤᠯᠢ ᠶᠢᠨ ᠪᠤᠳᠠᠳᠠᠢ ᠪᠠᠶᠢᠳᠠᠯ ᠢ ᠭᠦᠢᠴᠡᠳ | ᠪᠤᠳᠤᠯᠬᠢᠯᠠᠵᠤ᠂ ᠰᠤᠷᠭᠠᠨ ᠬᠦᠮᠦᠵᠢᠯ ᠤᠨ ᠶᠠᠮᠤᠨ ᠤ ᠵᠦᠪᠰᠢᠶᠡᠷᠡᠯ ᠢᠶᠠᠷ ᠮᠠᠨ ᠤ ᠤᠷᠤᠨ ᠳᠤ ︽ᠬᠡᠯᠡ ᠪᠢᠴᠢᠭ︾᠂ | ︽ᠶᠤᠰᠤ ᠮᠤᠷᠠᠯ ᠬᠢᠭᠡᠳ ᠬᠠᠤᠯᠢ ᠪᠠᠷ ᠵᠠᠰᠠᠬᠤ︾᠂ ︽ᠲᠡᠣᠭᠡ︾ ᠭᠤᠷᠪᠠᠨ ᠬᠢᠴᠢᠶᠡᠯ ᠲᠦᠷᠦᠯ ᠤᠨ ᠨᠢᠭᠡᠲᠦᠯᠲᠡᠢ | ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠭᠤᠷᠪᠠᠨ ᠵᠢᠯ ᠬᠤᠪᠢᠶᠠᠵᠤ ᠠᠯᠬᠤᠮ ᠠᠯᠬᠤᠮ ᠢᠶᠠᠷ ᠬᠡᠷᠡᠭᠵᠢᠭᠦᠯᠬᠦ ᠪᠠᠷ | ᠪᠠᠶᠢᠷᠢᠯᠠᠭᠤᠯᠤᠬᠰᠠᠨ ᠨᠢ ᠦᠪᠡᠷᠲᠡᠭᠡᠨ ᠵᠠᠰᠠᠬᠤ ᠤᠷᠤᠨ ᠤ ᠪᠤᠲᠠᠳᠤ ᠪᠠᠶᠢᠳᠠᠯ ᠲᠠᠢ ᠨᠡᠶᠢᠴᠡᠵᠦ ᠪᠠᠶᠢᠨ᠎ᠠ᠂ ᠡᠨᠡ ᠨᠢ | ᠨᠠᠮ ᠪᠠ ᠤᠯᠤᠰ ᠠᠴᠠ ᠮᠠᠨ ᠤ ᠤᠷᠤᠨ ᠢ ᠬᠠᠯᠠᠮᠵᠢᠯᠠᠵᠤ ᠪᠠᠶᠢᠭ᠎ᠠ ᠶᠢ ᠬᠠᠷᠠᠭᠤᠯᠵᠤ ᠪᠠᠶᠢᠨ᠎ᠠ᠃ | 8. ᠠᠰᠠᠭᠤᠯᠲᠠ᠄ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ ᠠᠴᠠ ᠤᠯᠤᠰ ᠤᠨ ᠨᠢᠭᠡᠲᠦᠯᠲᠡᠢ | ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ︽ᠬᠡᠯᠡ ᠪᠢᠴᠢᠭ︾ ᠢ ᠡᠬᠢᠯᠡᠨ ᠰᠤᠷᠤᠯᠴᠠᠪᠠᠯ᠂ ︽ᠮᠤᠩᠭᠤᠯ ᠬᠡᠯᠡ | ᠪᠢᠴᠢᠭ︾ ᠤᠨ ᠬᠢᠴᠢᠶᠡᠯ ᠲᠦᠷᠦᠯ ᠲᠠᠢ ᠬᠤᠳᠬᠤᠯᠲᠠᠵᠤ᠂ ᠰᠤᠷᠤᠭᠴᠢᠳ ᠤᠨ ᠰᠤᠷᠤᠯᠭ᠎ᠠ ᠶᠢᠨ ᠳᠠᠷᠤᠭᠠᠰᠤ ᠶᠢ | ᠬᠦᠨᠳᠦᠷᠡᠭᠦᠯᠵᠦ᠂ ᠰᠤᠷᠤᠯᠭ᠎ᠠ ᠶᠢᠨ ᠦᠷ᠎ᠡ ᠪᠦᠲᠦᠮᠵᠢ ᠶᠢ ᠨᠦᠯᠦᠭᠡᠯᠡᠬᠦ ᠤᠤ︖ | ᠬᠠᠷᠢᠭᠤᠯᠲᠠ᠄ ᠦᠪᠡᠷᠳᠡᠭᠡᠨ ᠵᠠᠰᠠᠬᠤ ᠤᠷᠤᠨ ᠤ ᠵᠢᠭᠠᠬᠤ ᠶᠢ ᠰᠤᠳᠤᠯᠬᠤ ᠲᠠᠰᠤᠬ ᠠᠴᠠ ᠨᠢᠭᠡᠨᠳᠡ ᠲᠤᠰᠬᠠᠢ | ᠮᠡᠷᠭᠡᠵᠢᠯᠳᠡᠨ ᠤ ᠪᠦᠯᠬᠦᠮ ᠢ ᠵᠤᠬᠢᠶᠠᠨ ᠪᠠᠶᠢᠭᠤᠯᠵᠦ᠂ ᠤᠯᠤᠰ ᠤᠨ ᠨᠢᠭᠡᠲᠦᠯᠲᠡᠢ ᠨᠠᠶᠢᠷᠠᠭᠤᠯᠤᠭᠰᠠᠨ ︽ᠬᠡᠯᠡ ᠪᠢᠴᠢᠭ | ︾ ᠤᠨ ᠵᠢᠭᠠᠬᠤ ᠮᠠᠲ᠋ᠧᠷᠢᠶᠠᠯ ᠤᠨ ᠠᠭᠤᠯᠭ᠎ᠠ ᠪᠠ ᠦᠨᠳᠦᠰᠦᠲᠡᠨ ᠤ ᠬᠡᠯᠡ ᠪᠠᠷ ᠬᠢᠴᠢᠶᠡᠯᠯᠡᠬᠦ ᠰᠤᠷᠤᠭᠴᠢᠳ ᠤᠨ | ᠰᠤᠷᠤᠯᠭ᠎ᠠ ᠶᠢᠨ ᠪᠠᠶᠢᠳᠠᠯ ᠢ ᠭᠦᠨᠵᠡᠭᠡᠢ ᠵᠠᠳᠠᠯᠣᠨ ᠰᠤᠳᠤᠯᠵᠤ᠂ ︽ᠤᠯᠤᠰ ᠤᠨ ᠨᠢᠭᠡᠲᠦᠯᠲᠡᠢ ᠨᠠᠶᠢᠷᠠᠭᠤᠯᠤᠭᠰᠠᠨ | ᠬᠡᠯᠡ ᠪᠢᠴᠢᠭ ᠤᠨ ᠵᠢᠭᠠᠬᠤ ᠮᠠᠲ᠋ᠧᠷᠢᠶᠠᠯ ᠤᠨ ᠵᠢᠭᠠᠨ ᠰᠣᠷᠭᠠᠯᠲᠠ ᠶᠢ ᠵᠢᠯᠤᠭᠤᠳᠬᠤ ᠰᠠᠨᠠᠭᠤᠯᠭ᠎ᠠ︾ ᠶᠢ | ᠨᠠᠶᠢᠷᠠᠭᠤᠯᠤᠨ ᠵᠤᠬᠢᠶᠠᠵᠤ᠂ ᠪᠠᠭ᠎ᠠ ᠰᠣᠷᠭᠠᠭᠠᠤᠯᠢ ᠶᠢᠨ ᠵᠢᠷᠭᠤᠭᠠᠨ ᠵᠢᠯ ᠤᠨ ᠬᠢᠴᠢᠶᠡᠯ ᠢ ᠲᠡᠩᠴᠡᠭᠦᠷᠢᠳᠠᠢ | ᠲᠤᠬᠢᠷᠠᠭᠤᠯᠬᠤ ᠶᠤᠰᠤᠭᠠᠷ᠂ ᠬᠠᠷᠢᠴᠠᠯ ᠢᠶᠠᠷ ᠬᠢᠴᠢᠶᠡᠯ ᠤᠨ ᠴᠠᠭ ᠢ ᠬᠤᠪᠢᠶᠠᠷᠢᠯᠠᠬᠤ ᠰᠡᠳᠬᠢᠴᠡ ᠪᠠᠷ ᠵᠢᠭᠠᠨ | ᠰᠤᠷᠭᠠᠬᠤ ᠠᠬᠢᠴᠠ ᠪᠤᠯᠤᠨ ᠴᠠᠭ ᠤᠨ ᠳᠠᠷᠠᠭᠠᠯᠠᠯ ᠳᠤ ᠲᠤᠬᠢᠷᠠᠭᠤᠯᠤᠯᠲᠠ ᠬᠢᠵᠦ ᠪᠠᠶᠢᠨ᠎ᠠ᠃ ᠵᠢᠱᠢᠶᠡᠯᠡᠪᠡᠯ᠂ ᠴᠠᠭ | ᠵᠦᠷᠢᠭᠦᠯᠦᠨ ᠵᠢᠭᠠᠨ ᠰᠤᠷᠭᠠᠬᠤ ᠠᠷᠭ᠎ᠠ ᠪᠤᠳᠤᠯᠭ᠎ᠠ ᠶᠢ ᠬᠡᠷᠡᠭᠵᠢᠭᠦᠯᠦᠨ᠎ᠡ᠂ ᠲᠤᠬᠠᠶᠢᠯᠠᠪᠠᠯ᠄ ᠮᠤᠩᠭᠤᠯ ᠢᠶᠠᠷ | ᠬᠢᠴᠢᠶᠡᠯᠯᠡᠬᠦ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ ᠤ ᠳᠡᠭᠡᠷ᠎ᠡ ᠬᠤᠭᠤᠴᠠᠭᠠᠨ ᠤ ᠲᠦᠷᠦᠭᠦᠤ ᠬᠠᠭᠠᠰ | ᠰᠤᠷᠤᠯᠭ᠎ᠠ ᠶᠢᠨ ᠬᠤᠭᠤᠴᠠᠭᠠᠨ ᠳᠤ ᠮᠤᠩᠭᠤᠯ ᠬᠡᠯᠡᠨ ᠤ ᠴᠠᠭᠠᠨ ᠲᠤᠯᠤᠭᠠᠢ ᠶᠢ ᠵᠢᠭᠠᠨ ᠰᠤᠷᠭᠠᠵᠤ᠂ ᠲᠤᠤᠷ᠎ᠠ ᠬᠠᠭᠠᠰ | ᠰᠤᠷᠤᠯᠭ᠎ᠠ ᠶᠢᠨ ᠬᠤᠭᠤᠴᠠᠭᠠᠨ ᠳᠤ ᠨᠢᠭᠡᠲᠦᠯᠲᠡᠢ ᠨᠠᠶᠢᠷᠠᠭᠤᠯᠤᠭᠰᠠᠨ ᠬᠡᠯᠡ ᠪᠢᠴᠢᠭ ᠤᠨ ᠠᠪᠢᠶᠠᠨ ᠤ ᠦᠰᠦᠭ ᠢ | ᠵᠢᠭᠠᠨ ᠰᠤᠷᠭᠠᠵᠦ᠂ ᠬᠢᠲᠠᠳ ᠬᠡᠯᠡᠨ ᠤ ᠠᠪᠢᠶ᠎ᠠ ᠪᠠ ᠮᠤᠩᠭᠤᠯ ᠬᠡᠯᠡᠨ ᠤ ᠴᠠᠭᠠᠨ ᠲᠤᠯᠤᠭᠠᠢ ᠠᠮᠠᠷᠬᠠᠨ | ᠬᠤᠳᠬᠤᠯᠳᠠᠬᠤ ᠠᠰᠠᠭᠤᠳᠠᠯ ᠢ ᠰᠢᠢᠳᠪᠦᠷᠢᠯᠡᠨ᠎ᠡ᠃ | 9. ᠠᠰᠠᠭᠤᠯᠲᠠ᠄ ᠦᠨᠳᠦᠰᠦᠲᠡᠨ ᠤ ᠬᠡᠯᠡ ᠪᠠᠷ ᠬᠢᠴᠢᠶᠡᠯᠯᠡᠵᠦ ᠪᠠᠶᠢᠭ᠎ᠠ ᠰᠤᠷᠭᠠᠭᠠᠤᠯᠢ ᠳᠤ ︽ᠶᠤᠰᠤ ᠮᠤᠷᠠᠯ | ᠬᠢᠭᠡᠳ ᠬᠠᠤᠯᠢ ᠪᠠᠷ ᠵᠠᠰᠠᠬᠤ︾ ᠪᠠ ︽ᠲᠡᠤᠬᠡ︾ ᠶᠢᠨ ᠬᠢᠴᠢᠶᠡᠯ ᠢ ᠶᠠᠭᠤᠨ ᠤ ᠤᠴᠢᠷ ᠠᠴᠠ ᠨᠡᠶᠢᠳᠡᠮ ᠬᠡᠷᠡᠭᠯᠡᠬᠦ | ᠦᠭᠡ ᠬᠡᠯᠡ ᠪᠠᠷ ᠵᠢᠭᠠᠨ ᠰᠤᠷᠭᠠᠬᠤ ᠪᠤᠢ︖ ᠦᠨᠳᠦᠰᠦᠲᠡᠨ ᠤ ᠬᠡᠯᠡ ᠪᠠᠷ ᠤᠷᠴᠢᠭᠤᠯᠤᠨ ᠵᠢᠭᠠᠨ ᠰᠤᠷᠭᠠᠬᠤ ᠪᠠ | ᠨᠡᠶᠢᠳᠡᠮ ᠬᠡᠷᠡᠭᠯᠡᠬᠦ ᠦᠭᠡ ᠬᠡᠯᠡ ᠪᠠᠷ ᠵᠢᠭᠠᠨ ᠰᠤᠷᠭᠠᠬᠤ ᠶᠢᠨ ᠢᠯᠭᠠᠭ᠎ᠠ ᠨᠢ ᠶᠠᠭᠤ ᠪᠤᠢ︖ | ᠬᠠᠷᠢᠭᠤᠯᠲᠠ᠄ ᠶᠡᠷᠦᠩᠭᠡᠢ ᠱᠦᠵᠢ ᠰᠢ ᠶᠢᠨ ᠫᠢᠩ᠂ ᠦᠭᠡ ᠬᠡᠯᠡ ᠬᠠᠷᠢᠯᠴᠠᠨ ᠨᠡᠪᠲᠡᠷᠡᠯᠴᠡᠬᠦ ᠪᠤᠯ ᠬᠦᠮᠦᠨ | ᠬᠦᠮᠦᠨ ᠤ ᠬᠤᠭᠤᠷᠤᠨᠳᠤᠬᠢ ᠬᠠᠷᠢᠯᠴᠠᠭᠠᠨ ᠤ ᠴᠢᠬᠤᠯᠠ ᠭᠤᠭᠴᠤᠭ᠎ᠠ ᠮᠦᠨ᠂ ᠦᠭᠡ ᠬᠡᠯᠡ ᠨᠡᠪᠳᠡᠷᠡᠯᠴᠡᠬᠦ ᠦᠬᠡᠢ | ᠪᠤᠯ ᠬᠠᠷᠢᠯᠴᠠᠬᠤ ᠳᠤ ᠬᠦᠴᠢᠷᠳᠡᠨ᠎ᠡ᠂ ᠬᠠᠷᠢᠯᠴᠠᠨ ᠤᠶᠢᠯᠠᠭᠠᠯᠴᠠᠵᠤ ᠴᠢᠳᠠᠬᠤ ᠦᠭᠡᠢ ᠪᠤᠯ ᠡᠨᠡᠭᠰᠢᠵᠦ ᠴᠢᠳᠠᠬᠤ | ᠦᠭᠡᠢ ᠶᠤᠮ ᠭᠡᠵᠦ ᠴᠢᠬᠤᠯᠠᠴᠢᠯᠠᠪᠠ᠃ ︽ᠶᠤᠰᠤ ᠮᠤᠷᠠᠯ ᠬᠢᠭᠡᠳ ᠬᠠᠤᠯᠢ ᠪᠠᠷ ᠵᠠᠰᠠᠬᠤ︾ ᠪᠠ ︽ᠲᠡᠤᠬᠡ︾ ᠪᠤᠯ | ︽ᠬᠡᠯᠡ ᠪᠢᠴᠢᠭ︾ ᠤᠨ ᠬᠢᠴᠢᠶᠡᠯ ᠤᠨ ᠦᠷᠭᠦᠯᠵᠢᠯᠡᠯ ᠪᠠ ᠦᠷᠭᠡᠳᠭᠡᠯ ᠪᠤᠯᠤᠨ᠎ᠠ᠃ ᠭᠤᠷᠪᠠᠨ ᠲᠦᠷᠦᠯ ᠤᠨ | ᠬᠢᠴᠢᠶᠡᠯ ᠢ ᠢᠵᠢᠯ ᠠᠯᠬᠤᠮ ᠢᠶᠠᠷ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠵᠢᠭᠠᠨ | ᠰᠤᠷᠭᠠᠬᠤ ᠪᠤᠯ ᠲᠦᠪ ᠤᠨ ᠨᠢᠭᠡᠲᠦᠯᠲᠡᠢ ᠪᠠᠶᠢᠷᠢᠯᠠᠭᠤᠯᠤᠯᠲᠠ ᠪᠠ ᠱᠠᠭᠠᠷᠳᠠᠯᠭ᠎ᠠ ᠪᠤᠯᠤᠨ᠎ᠠ᠂ ᠵᠦᠪᠬᠡᠨ ᠦᠪᠦᠷ | ᠮᠤᠩᠭᠤᠯ ᠳᠤ ᠲᠠᠯᠪᠢᠬᠰᠠᠨ ᠤᠨᠴᠠᠭᠠᠢ ᠱᠠᠭᠠᠷᠳᠠᠯᠭ᠎ᠠ ᠪᠢᠰᠢ᠃ ᠡᠨᠡ ᠨᠢ ᠦᠭᠡ ᠬᠡᠯᠡ ᠦᠰᠦᠭ ᠪᠢᠴᠢᠭ ᠤᠨ | ᠬᠡᠷᠡᠭᠯᠡᠯᠳᠡ ᠶᠢ ᠤᠯᠠᠮ ᠴᠢᠩᠭᠠᠳᠬᠠᠬᠤ ᠳᠤ ᠠᠰᠢᠬᠳᠠᠢ᠂ ᠦᠨᠳᠦᠰᠦᠳᠡᠨ ᠤ ᠬᠡᠯᠡ ᠪᠠᠷ ᠬᠢᠴᠢᠶᠡᠯᠯᠡᠬᠦ ᠰᠤᠷᠤᠬᠴᠢ | ᠪᠤᠯᠤᠨ ᠪᠤᠰᠤᠳ ᠦᠨᠳᠦᠰᠦᠲᠡᠨ ᠤ ᠰᠤᠷᠤᠭᠴᠢ ᠶᠢᠨ ᠬᠤᠭᠤᠷᠤᠨᠳᠤᠬᠢ ᠬᠠᠷᠢᠯᠴᠠᠭ᠎ᠠ ᠶᠠᠪᠤᠯᠴᠠᠭ᠎ᠠ ᠶᠢ | ᠠᠬᠢᠭᠤᠯᠬᠤ ᠳᠤ ᠠᠰᠢᠭᠲᠠᠢ ᠪᠠᠶᠢᠵᠤ᠂ ᠰᠤᠷᠤᠭᠴᠢ ᠶᠢᠨ ᠬᠤᠶᠢᠰᠢᠲᠠ ᠶᠢᠨ ᠰᠤᠷᠭᠠᠭᠤᠯᠢ ᠲᠠᠪᠰᠢᠵᠤ ᠠᠵᠢᠯ ᠤᠯᠬᠤ | ᠪᠠ ᠦᠰᠦᠨ ᠪᠤᠶᠢᠵᠢᠵᠤ ᠠᠯᠬᠤᠮ ᠲᠠᠪᠰᠢᠬᠤ ᠠᠷᠭ᠎ᠠ ᠵᠠᠮ ᠢ ᠦᠷᠭᠡᠳᠭᠡᠬᠦ ᠪᠤᠯᠤᠨ᠎ᠠ᠃ | ᠣᠯᠣᠰ ᠢᠶᠠᠨ ᠬᠦᠴᠦᠷᠬᠡᠭᠵᠢᠭᠦᠯᠬᠦ ᠳᠤ ᠡᠷᠬᠡᠪᠰᠢ ᠣᠷᠢᠳᠠᠪᠡᠷ ᠦᠭᠡ ᠬᠡᠯᠡ ᠪᠠᠨ ᠬᠦᠴᠦᠷᠬᠡᠭᠵᠢᠭᠦᠯᠬᠦ ᠬᠡᠷᠡᠭᠳᠠᠢ | ᠂ ᠦᠭᠡ ᠬᠡᠯᠡ ᠬᠦᠴᠦᠷᠬᠡᠭᠵᠢᠪᠡᠯ ᠰᠠᠶ᠋ᠢ ᠣᠯᠣᠰ ᠢᠶᠠᠨ ᠬᠦᠴᠦᠷᠬᠡᠭᠵᠢᠭᠦᠯᠬᠦ ᠳᠤ ᠬᠦᠴᠦᠨ ᠨᠡᠮᠡᠷᠢᠯᠡᠵᠦ ᠴᠢᠳᠠᠨ᠎ᠡ᠃ | ᠦᠭᠡᠷᠡᠴᠢᠯᠡᠯᠲᠡ ᠨᠡᠭᠡᠭᠡᠯᠲᠡ ᠠᠴᠠ ᠨᠠᠰᠢ᠂ ᠬᠡᠳᠦ᠋ᠢᠪᠡᠷ ᠣᠯᠣᠰ ᠠᠴᠠ ᠬᠢᠯᠢ ᠬᠢᠵᠠᠭᠠᠷ ᠤᠨ ᠴᠦᠬᠡᠨ ᠲᠣᠭᠠᠲᠣ | ᠦᠨᠳᠦᠰᠦᠲᠡᠨ ᠤ ᠭᠠᠵᠠᠷ ᠣᠷᠣᠨ ᠤ ᠠᠯᠪᠠᠨ ᠵᠢᠷᠦᠮ ᠤᠨ ᠰᠣᠷᠭᠠᠨ ᠬᠦᠮᠦᠵᠢᠯ ᠢ ᠬᠦᠴᠦᠯᠡᠨ ᠠᠬᠢᠭᠤᠯᠵᠣ᠂ | ᠦᠨᠳᠦᠰᠦᠲᠡᠨ ᠨᠦᠭᠦᠳ ᠤᠨ ᠠᠷᠠᠳ ᠣᠯᠠᠨ ᠤ ᠰᠢᠨᠵᠢᠯᠡᠬᠦ ᠣᠬᠠᠭᠠᠨ ᠰᠣᠶᠣᠯ ᠮᠡᠳᠡᠯᠭᠡ ᠶᠢᠨ ᠬᠢᠷᠢ ᠲᠦᠪᠰᠢᠨ | ᠢᠯᠡᠳᠲᠡ ᠳᠡᠭᠡᠭᠰᠢᠯᠡᠭᠰᠡᠨ ᠪᠠᠶᠢᠨ᠎ᠠ᠃ ᠭᠡᠪᠡᠴᠦ ᠪᠣᠰᠣᠳᠴᠢ ᠪᠠᠷ ᠬᠡᠯᠡᠪᠡᠯ᠂ ᠦᠪᠦᠷ ᠮᠣᠩᠭᠤᠯ ᠤᠨ ᠦᠪᠡᠷᠲᠡᠭᠡᠨ | ᠵᠠᠰᠠᠬᠤ ᠣᠷᠣᠨ ᠢ ᠪᠠᠭᠲᠠᠭᠠᠭᠰᠠᠨ ᠳᠣᠮᠳᠠ ᠪᠠᠷᠠᠭᠤᠨ ᠬᠡᠰᠡᠭ ᠤᠨ ᠭᠠᠵᠠᠷ ᠣᠷᠣᠨ ᠳᠤ ᠪᠠᠰᠠ ᠮᠠᠰᠢ ᠣᠯᠠᠨ ᠢᠳᠡᠷ | ᠵᠠᠯᠠᠭᠤᠴᠣᠳ ᠪᠠ ᠮᠠᠯᠴᠢᠳ ᠣᠯᠣᠰ ᠤᠨ ᠨᠡᠶᠢᠳᠡᠮ ᠬᠡᠷᠡᠭᠯᠡᠬᠦ ᠬᠡᠯᠡ ᠪᠠᠷ ᠦᠨᠳᠦᠰᠦᠨ ᠬᠠᠷᠢᠯᠴᠠᠭ᠎ᠠ ᠬᠢᠵᠦ ᠲᠡᠶᠢᠯᠬᠦ | ᠦᠭᠡᠢ ᠪᠠᠶᠢᠨ᠎ᠠ᠂ ᠡᠨᠡᠬᠦ ᠠᠰᠠᠭᠤᠳᠠᠯ ᠨᠢ ᠨᠢᠭᠡᠨᠲᠡ ᠬᠤᠪᠢ ᠬᠦᠮᠦᠨ ᠤ ᠶᠠᠳᠠᠭᠤ ᠠᠴᠠ ᠠᠩᠬᠢᠵᠢᠷᠠᠨ ᠪᠠᠶᠠᠵᠢᠬᠤ ᠶᠢ | ᠬᠠᠷᠰᠢᠯᠠᠵᠦ᠂ ᠭᠠᠵᠠᠷ ᠣᠷᠣᠨ ᠤ ᠠᠵᠦ ᠠᠬᠤᠢ ᠨᠡᠶᠢᠭᠡᠮ ᠤᠨ ᠬᠦᠭᠵᠢᠯᠲᠡ ᠶᠢ ᠨᠦᠯᠦᠭᠡᠯᠡᠵᠦ᠂ ᠦᠨᠳᠦᠰᠦᠲᠡᠨ ᠤ | ᠭᠠᠵᠠᠷ ᠣᠷᠣᠨ ᠤ ᠪᠦᠯᠬᠦᠮᠳᠡᠯ ᠲᠠᠢ ᠡᠶ᠎ᠡ ᠵᠤᠬᠢᠴᠠᠩᠭᠤᠢ ᠪᠠᠷ ᠲᠠᠪᠰᠢᠬᠤ ᠶᠢ ᠬᠢᠵᠠᠭᠠᠷᠯᠠᠵᠦ ᠪᠦᠬᠦᠢ ᠴᠢᠬᠤᠯᠠ | ᠡᠯᠧᠮᠧᠨ᠋ᠲ ᠪᠤᠯᠤᠭᠰᠠᠨ ᠪᠠᠶᠢᠨ᠎ᠠ᠃ ︽ᠶᠣᠰᠦ ᠮᠤᠷᠠᠯ ᠬᠢᠭᠡᠳ ᠬᠠᠤᠯᠢ ᠪᠠᠷ ᠵᠠᠰᠠᠬᠤ︾ ᠪᠤᠯᠤᠨ ︽ᠲᠡᠥᠬᠡ︾ ᠶᠢ | ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠵᠢᠭᠠᠨ ᠰᠣᠷᠭᠠᠬᠤ ᠠᠷᠭ᠎ᠠ ᠶᠢ ᠬᠡᠷᠡᠭᠵᠢᠭᠦᠯᠬᠦ ᠨᠢ | ᠦᠨᠳᠦᠰᠦᠲᠡᠨ ᠤ ᠬᠡᠯᠡ ᠪᠠᠷ ᠤᠷᠴᠢᠭᠤᠯᠤᠨ ᠵᠢᠭᠠᠨ ᠰᠣᠷᠭᠠᠬᠤ ᠠᠷᠭ᠎ᠠ ᠶᠢ ᠪᠤᠳᠤᠪᠠᠯ ᠪᠠᠭᠰᠢ᠂ ᠵᠢᠭᠠᠨ ᠰᠣᠷᠭᠠᠬᠤ | ᠮᠠᠲ᠋ᠧᠷᠢᠶᠠᠯ᠂ ᠮᠡᠳᠡᠭᠡ ᠵᠠᠩᠬᠢ ᠵᠡᠷᠭᠡ ᠲᠠᠯ᠎ᠠ ᠪᠠᠷ ᠬᠢ ᠡᠬᠢ ᠪᠠᠶᠠᠯᠢᠭ ᠢ ᠨᠡᠩ ᠪᠠᠶᠠᠯᠢᠬᠵᠢᠭᠤᠯᠵᠦ᠂ ᠡᠯᠪᠡᠭ ᠪᠠᠶᠠᠯᠢᠭ | ᠵᠢᠭᠠᠨ ᠰᠣᠷᠭᠠᠯᠲᠠ ᠶᠢᠨ ᠡᠬᠢ ᠪᠠᠶᠠᠯᠢᠭ ᠨᠢ ᠰᠣᠷᠭᠠᠭᠤᠯᠢ ᠶᠢᠨ ᠵᠢᠭᠠᠨ ᠰᠣᠷᠭᠠᠬᠤ ᠶᠠᠰᠣ ᠴᠢᠨᠠᠷ ᠢᠶᠠᠨ | ᠳᠡᠭᠡᠭᠰᠢᠯᠡᠭᠦᠯᠬᠦ ᠳᠤ ᠠᠰᠢᠭᠲᠠᠢ ᠪᠦᠭᠡᠳ ᠴᠦᠬᠡᠨ ᠲᠣᠭᠠᠲᠣ ᠦᠨᠳᠦᠰᠦᠲᠡᠨ ᠤ ᠰᠣᠷᠣᠭᠴᠢ ᠶᠢᠨ ᠨᠡᠩ ᠡᠷᠬᠡ ᠲᠡᠭᠰᠢ᠂ | ᠨᠡᠩ ᠴᠢᠨᠠᠷ ᠰᠠᠶᠢᠲᠠᠢ ᠰᠣᠷᠭᠠᠨ ᠬᠦᠮᠦᠵᠢᠯ ᠬᠦᠷᠲᠡᠬᠦ ᠳᠤ ᠠᠰᠢᠭᠲᠠᠢ ᠶᠤᠮ᠃ | 10. ᠠᠰᠠᠭᠤᠯᠲᠠ᠄ ᠣᠯᠣᠰ ᠠᠴᠠ ᠪᠠᠭ᠎ᠠ ᠰᠣᠷᠭᠠᠭᠤᠯᠢ ᠶᠢᠨ ᠨᠢᠭᠡᠳᠦᠭᠡᠷ ᠣᠨ ᠤ ︽ᠬᠡᠯᠡ ᠪᠢᠴᠢᠭ︾ ᠢ | ᠣᠯᠣᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠵᠢᠭᠠᠬᠤ ᠬᠡᠷᠡᠭᠲᠡᠢ ᠭᠡᠵᠦ ᠱᠠᠭᠠᠷᠳᠠᠵᠦ ᠪᠠᠶᠢᠨ᠎ᠠ᠂ | ᠲᠡᠭᠡᠪᠡᠯ ᠮᠠᠯᠵᠢᠬᠤ ᠣᠷᠣᠨ ᠤ ᠬᠡᠥᠬᠡᠳ ᠪᠠᠭ᠎ᠠ ᠠᠴᠠ ᠪᠠᠨ ᠮᠣᠩᠭᠤᠯ ᠢᠶᠠᠷ ᠶᠠᠷᠢᠵᠦ ᠬᠢᠲᠠᠳ ᠬᠡᠯᠡᠨ ᠤ ᠰᠠᠭᠤᠷᠢ | ᠦᠭᠡᠢ ᠲᠤᠯᠠ᠂ ᠪᠠᠭ᠎ᠠ ᠰᠣᠷᠭᠠᠭᠤᠯᠢ ᠳᠤ ᠣᠷᠣᠮᠠᠭᠴᠠ ᠬᠢᠲᠠᠳ ᠰᠣᠷᠣᠭᠴᠢᠳ ᠲᠠᠢ ᠠᠳᠠᠯᠢ ᠪᠠᠷ ᠬᠢᠲᠠᠳ ᠬᠡᠯᠡ | ᠰᠣᠷᠴᠦ᠂ ᠰᠣᠷᠣᠯᠭ᠎ᠠ ᠳᠠᠭᠠᠨ ᠬᠦᠴᠢᠷᠳᠡᠵᠦ ᠬᠢᠴᠢᠶᠡᠯ ᠢᠶᠠᠨ ᠳᠠᠭᠠᠵᠤ ᠳᠡᠶᠢᠯᠬᠦ ᠦᠭᠡᠢ ᠪᠤᠯᠪᠠᠯ ᠶᠠᠭᠠᠬᠢᠬᠤ ᠪᠤᠢ︖ | ᠬᠠᠷᠢᠭᠤᠯᠲᠠ᠄ ᠣᠳᠣᠬᠠᠨ ᠳᠤ᠂ ᠪᠠᠭ᠎ᠠ ᠰᠣᠷᠭᠠᠭᠤᠯᠢ ᠶᠢᠨ ᠨᠢᠭᠡᠳᠦᠭᠡᠷ ᠤᠨ ᠤ ︽ᠬᠡᠯᠡ ᠪᠢᠴᠢᠭ︾ ᠤᠨ | ᠪᠠᠭᠰᠢ ᠶᠢ ᠪᠦᠷ ᠮᠣᠩᠭᠤᠯ ᠬᠢᠲᠠᠳ ᠬᠤᠥᠰ ᠬᠡᠯᠡ ᠶᠢ ᠵᠡᠷᠭᠡᠪᠡᠷ ᠡᠵᠡᠮᠰᠢᠭᠰᠡᠨ ᠪᠠᠭᠰᠢ ᠶᠢ ᠲᠣᠬᠢᠷᠠᠭᠤᠯᠵᠤ᠂ | ᠬᠢᠲᠠᠳ ᠢᠶᠠᠷ ᠵᠢᠭᠠᠬᠰᠠᠨ ᠰᠠᠭᠤᠷᠢᠨ ᠳᠡᠭᠡᠷ᠎ᠡ ᠮᠣᠩᠭᠤᠯ ᠢᠶᠠᠷ ᠲᠠᠶᠢᠯᠪᠦᠷᠢᠯᠠᠬᠤ ᠪᠤᠯᠤᠨ᠎ᠠ᠃ ᠡᠭᠦᠨ ᠤ ᠬᠠᠮᠲᠦ ᠪᠠᠭᠰᠢ | ᠰᠣᠷᠣᠭᠴᠢ ᠪᠣᠯᠣᠨ ᠭᠡᠷ ᠤᠨ ᠠᠬᠠᠮᠠᠳ ᠤᠨ ᠳᠤᠰᠬᠠᠯ ᠢ ᠦᠨᠳᠦᠰᠦᠯᠡᠨ᠂ ᠡᠯ᠎ᠡ ᠭᠠᠵᠠᠷ ᠤᠷᠤᠨ ᠡᠯ᠎ᠡ | ᠰᠤᠷᠭᠠᠭᠤᠯᠢ ᠶᠢᠨ ᠬᠢᠨ ᠣᠳᠣ ᠪᠠᠶᠢᠭ᠎ᠠ ᠬᠤᠥᠰ ᠬᠡᠯᠡᠨ ᠤ ᠪᠠᠭᠰᠢ ᠶᠢ ᠬᠠᠪᠰᠣᠷᠣᠨ ᠵᠢᠯᠤᠭᠤᠳᠤᠭᠴᠢ ᠪᠠᠷ | ᠲᠣᠬᠢᠷᠠᠭᠤᠯᠵᠤ᠂ ᠰᠣᠷᠣᠯᠭ᠎ᠠ ᠳᠠᠭᠠᠨ ᠬᠦᠴᠢᠷᠳᠡᠵᠦ ᠪᠠᠶᠢᠭ᠎ᠠ ᠰᠣᠷᠣᠭᠴᠢᠳ ᠢ ᠲᠣᠰᠬᠠᠢ ᠬᠠᠪᠰᠣᠷᠣᠨ ᠳᠠᠮᠵᠢᠵᠦ᠂ | ᠰᠣᠷᠣᠭᠴᠢ ᠨᠢᠭᠡᠪᠦᠷᠢ ᠴᠦᠮ ᠰᠣᠷᠣᠯᠭ᠎ᠠ ᠪᠠᠨ ᠳᠠᠭᠠᠵᠤ ᠳᠡᠶᠢᠯᠬᠦ ᠶᠢ ᠪᠠᠲᠣᠯᠠᠨ᠎ᠠ᠃ ᠬᠠᠪᠰᠣᠷᠣᠨ ᠵᠢᠯᠣᠭᠤᠳᠣᠭᠰᠠᠨ | ᠬᠢᠴᠢᠶᠡᠯ ᠤᠨ ᠴᠠᠭ ᠢ ᠪᠠᠭᠰᠢ ᠶᠢᠨ ᠵᠢᠭᠠᠨ ᠰᠣᠷᠭᠠᠯᠲᠠ ᠶᠢᠨ ᠬᠢᠨᠠᠨ ᠰᠢᠯᠭᠠᠯᠲᠠ ᠳᠤ ᠪᠤᠳᠤᠵᠦ ᠣᠷᠣᠭᠤᠯᠤᠨ᠎ᠠ᠃ | ᠡᠭᠦᠨ ᠤ ᠵᠡᠷᠭᠡ ᠪᠠᠷ᠂ ᠦᠪᠡᠷᠲᠡᠭᠡᠨ ᠵᠠᠰᠠᠬᠤ ᠣᠷᠣᠨ ᠠᠴᠠ ︽ᠮᠣᠩᠭᠤᠯ ᠬᠢᠲᠠᠳ ᠬᠦᠨᠳᠤ ᠦᠭᠡᠰ ᠪᠣᠯᠣᠨ ᠬᠡᠪᠰᠢᠮᠡᠯ | ᠬᠡᠯᠡᠯᠭᠡ ᠶᠢᠨ ᠬᠠᠪᠰᠤᠷᠭᠠᠭᠰᠠᠨ ᠬᠦᠰᠦᠨᠦᠭ︾ ᠢ ᠳᠠᠷᠣᠮᠠᠯᠯᠠᠨ ᠲᠠᠷᠬᠠᠭᠠᠵᠤ᠂ ᠰᠣᠷᠣᠭᠴᠢᠳ ᠤᠨ ᠰᠣᠷᠣᠯᠴᠠᠨ | ᠤᠶᠢᠯᠠᠭᠠᠬᠤ ᠳᠤ ᠬᠡᠷᠡᠭᠯᠡᠭᠦᠯᠬᠦ ᠪᠠᠷ ᠪᠠᠶᠢᠨ᠎ᠠ᠃ | 11. ᠠᠰᠠᠭᠤᠯᠲᠠ᠄ ᠣᠳᠣᠬᠠᠨ ᠳᠤ ᠪᠠᠭ᠎ᠠ ᠰᠣᠷᠭᠠᠭᠤᠯᠢ ᠠᠴᠠ ᠠᠩᠬ᠎ᠠ ᠵᠡᠷᠭᠡ ᠶᠢᠨ ᠳᠣᠮᠳᠠᠲᠣ | ᠰᠣᠷᠭᠠᠭᠤᠯᠢ ᠳᠤ ᠳᠠᠪᠰᠢᠭᠰᠠᠨ ᠰᠣᠷᠣᠭᠴᠢᠳ ᠤᠨ ᠰᠢᠨ᠎ᠡ ᠰᠣᠷᠣᠯᠭ᠎ᠠ ᠶᠢᠨ ᠬᠤᠭᠤᠴᠠᠭᠠᠨ ᠳᠤ ᠣᠯᠣᠰ ᠠᠴᠠ | ᠨᠢᠭᠡᠳᠦᠯᠲᠡᠢ ᠨᠠᠶᠢᠷᠠᠭᠤᠯᠣᠭᠰᠠᠨ ︽ᠬᠡᠯᠡ ᠪᠢᠴᠢᠭ︾ ᠤᠨ ᠵᠢᠭᠠᠬᠤ ᠮᠠᠲ᠋ᠧᠷᠢᠶᠠᠯ ᠢ ᠬᠡᠷᠡᠭᠯᠡᠬᠦ ᠳᠤ᠂ ᠬᠡᠥᠬᠡᠳ ᠤᠳ ᠤᠨ | ᠪᠠᠭ᠎ᠠ ᠰᠣᠷᠭᠠᠭᠤᠯᠢ ᠶᠢᠨ ᠰᠠᠭᠤᠷᠢ ᠨᠢ ᠨᠡᠯᠢᠶᠡᠳ ᠪᠠᠭᠤᠷᠠᠢ ᠪᠠᠶᠢᠪᠠᠯ᠂ ᠪᠠᠭ᠎ᠠ ᠰᠣᠷᠭᠠᠭᠤᠯᠢ ᠪᠠ ᠠᠩᠬ᠎ᠠ | ᠳᠣᠮᠳᠠᠳᠣ ᠶᠢᠨ ᠵᠢᠭᠠᠨ ᠰᠣᠷᠭᠠᠯᠲᠠ ᠶᠢ ᠵᠤᠯᠭᠠᠭᠤᠯᠬᠤ ᠠᠰᠠᠭᠤᠳᠠᠯ ᠢ ᠬᠡᠷᠬᠢᠨ ᠰᠢᠢᠳᠪᠦᠷᠢᠯᠡᠬᠦ ᠪᠤᠢ︖ | ᠬᠠᠷᠢᠭᠤᠯᠲᠠ᠄ ᠣᠳᠣᠬᠠᠨ ᠳᠤ᠂ ᠠᠩᠬ᠎ᠠ ᠵᠡᠷᠭᠡ ᠶᠢᠨ ᠳᠣᠮᠳᠠᠳᠣ ᠰᠣᠷᠭᠠᠭᠤᠯᠢ ᠶᠢᠨ ᠨᠢᠭᠡᠳᠦᠭᠡᠷ ᠣᠨ ᠤ ︽ | ᠬᠡᠯᠡ ᠪᠢᠴᠢᠭ︾ ᠵᠢᠭᠠᠬᠤ ᠪᠠᠭᠰᠢ ᠶᠢ ᠪᠦᠷ ᠮᠣᠩᠭᠤᠯ ᠬᠢᠲᠠᠳ ᠬᠤᠥᠰ ᠬᠡᠯᠡ ᠶᠢ ᠵᠡᠷᠭᠡᠪᠡᠷ ᠡᠵᠡᠮᠰᠢᠭᠰᠡᠨ ᠪᠠᠭᠰᠢ | ᠲᠣᠬᠢᠷᠠᠭᠤᠯᠵᠦ ᠵᠢᠭᠠᠬᠤ ᠶᠢᠨ ᠬᠠᠮᠲᠦ᠂ ᠪᠠᠭᠰᠢ ᠰᠣᠷᠣᠭᠴᠢ ᠪᠣᠯᠣᠨ ᠭᠡᠷ ᠤᠨ ᠠᠬᠠᠮᠠᠳ ᠤᠨ ᠳᠣᠰᠬᠠᠯ ᠢ | ᠦᠨᠳᠦᠰᠦᠯᠡᠵᠦ᠂ ᠡᠯ᠎ᠡ ᠭᠠᠵᠠᠷ ᠤᠷᠤᠨ ᠡᠯ᠎ᠡ ᠰᠤᠷᠭᠠᠭᠤᠯᠢ ᠶᠢᠨ ᠬᠢᠨ ᠤᠳᠤ ᠪᠠᠶᠢᠭ᠎ᠠ ᠬᠤᠥᠰ ᠬᠡᠯᠡᠨ ᠤ ᠪᠠᠭᠰᠢ ᠶᠢ | ᠬᠠᠪᠰᠣᠷᠣᠨ ᠵᠢᠯᠤᠭᠤᠳᠤᠭᠴᠢ ᠪᠠᠷ ᠲᠣᠬᠢᠷᠠᠭᠤᠯᠵᠣ᠂ ᠰᠣᠷᠣᠯᠭ᠎ᠠ ᠳᠠᠭᠠᠨ ᠬᠦᠴᠢᠷᠳᠡᠵᠦ ᠪᠠᠶᠢᠭ᠎ᠠ ᠰᠣᠷᠣᠭᠴᠢᠳ ᠢ | ᠲᠣᠰᠬᠠᠢ ᠬᠠᠪᠰᠣᠷᠣᠨ ᠵᠢᠯᠣᠭᠤᠳᠴᠣ᠂ ᠰᠣᠷᠣᠭᠴᠢ ᠨᠢᠭᠡᠪᠦᠷᠢ ᠴᠦᠮ ᠰᠣᠷᠣᠯᠭ᠎ᠠ ᠪᠠᠨ ᠳᠠᠭᠠᠵᠤ ᠳᠡᠶᠢᠯᠬᠦ ᠶᠢ | ᠪᠠᠲᠣᠯᠠᠨ᠎ᠠ᠃ ᠬᠠᠪᠰᠣᠷᠣᠨ ᠵᠢᠯᠣᠭᠤᠳᠣᠭᠰᠠᠨ ᠬᠢᠴᠢᠶᠡᠯ ᠤᠨ ᠴᠠᠭ ᠢ ᠪᠠᠭᠰᠢ ᠶᠢᠨ ᠵᠢᠭᠠᠨ ᠰᠣᠷᠭᠠᠯᠲᠠ ᠶᠢᠨ ᠬᠢᠨᠠᠨ | ᠰᠢᠯᠭᠠᠯᠲᠠ ᠳᠤ ᠪᠣᠳᠣᠵᠣ ᠣᠷᠣᠭᠤᠯᠣᠨ᠎ᠠ᠃ ᠡᠭᠦᠨ ᠤ ᠬᠠᠮᠲᠦ᠂ ᠦᠪᠡᠷᠲᠡᠭᠡᠨ ᠵᠠᠰᠠᠬᠤ ᠤᠷᠤᠨ ᠤ ᠰᠣᠷᠭᠠᠨ | ᠬᠦᠮᠦᠵᠢᠯ ᠤᠨ ᠲᠢᠩᠬᠢᠮ ᠤᠨ ᠬᠢᠨ ᠵᠢᠭᠠᠨ ᠰᠣᠷᠭᠠᠬᠤ ᠶᠢ ᠵᠢᠯᠤᠭᠤᠳᠬᠤ ᠰᠠᠨᠠᠭᠤᠯᠭ᠎ᠠ ᠪᠠ ᠰᠣᠷᠣᠯᠭ᠎ᠠ ᠶᠢᠨ | ᠦᠨᠡᠯᠠᠯᠲᠡ ᠶᠢᠨ ᠭᠤᠥᠯᠳᠠᠯᠭ᠎ᠠ ᠶᠢ ᠰᠣᠳᠣᠯᠣᠨ ᠲᠣᠭᠳᠠᠭᠠᠵᠤ᠂ ᠵᠢᠭᠠᠨ ᠰᠣᠷᠭᠠᠬᠤ ᠠᠭᠤᠯᠭ᠎ᠠ ᠶᠢ ᠦᠨᠡᠯᠡᠬᠦ | ᠪᠠᠷᠢᠮᠵᠢᠶ᠎ᠠ ᠳᠤ ᠵᠤᠬᠢᠰᠲᠠᠢ ᠲᠣᠬᠢᠷᠠᠭᠤᠯᠤᠯᠲᠠ ᠬᠢᠬᠦ ᠲᠤᠯᠠ᠂ ᠬᠢᠲᠠᠳ ᠢᠶᠠᠷ ᠬᠢᠴᠢᠶᠡᠯᠯᠡᠬᠦ ᠰᠣᠷᠭᠠᠭᠤᠯᠢ ᠲᠠᠢ | ᠬᠠᠷᠢᠴᠠᠭᠤᠯᠪᠠᠯ ᠨᠡᠯᠢᠶᠡᠳ ᠬᠢᠯᠪᠠᠷ ᠪᠤᠯᠬᠤ ᠶᠤᠮ᠃ | 12. ᠠᠰᠠᠭᠤᠯᠲᠠ᠄ ᠪᠠᠭ᠎ᠠ ᠰᠣᠷᠭᠠᠭᠤᠯᠢ ᠶᠢᠨ ᠨᠢᠭᠡᠳᠦᠭᠡᠷ ᠣᠨ ᠳᠤ ᠣᠯᠣᠰ ᠤᠨ ᠨᠢᠭᠡᠳᠦᠯᠲᠡᠢ | ᠨᠠᠶᠢᠷᠠᠭᠤᠯᠣᠭᠰᠠᠨ ︽ᠬᠡᠯᠡ ᠪᠢᠴᠢᠭ︾ ᠤᠨ ᠬᠢᠴᠢᠶᠡᠯ ᠢ ᠰᠢᠨ᠎ᠡ ᠪᠠᠷ ᠨᠡᠮᠡᠭᠰᠡᠨ ᠤ ᠳᠠᠷᠠᠭ᠎ᠠ᠂ ᠵᠢᠭᠠᠨ | ᠰᠣᠷᠭᠠᠯᠲᠠ ᠶᠢᠨ ᠰᠢᠯᠭᠠᠨ ᠦᠨᠡᠯᠡᠯᠳᠡ ᠶᠢ ᠬᠡᠷᠬᠢᠨ ᠲᠣᠬᠢᠷᠠᠭᠤᠯᠣᠭᠰᠠᠨ ᠪᠤᠢ︖ ᠬᠢᠲᠠᠳ ᠢᠶᠠᠷ ᠬᠢᠴᠢᠶᠡᠯᠯᠡᠬᠦ | ᠰᠣᠷᠭᠠᠭᠤᠯᠢ ᠪᠠᠷ ᠯᠠᠪᠯᠠᠯᠲᠠ ᠪᠣᠯᠭᠠᠬᠤ ᠦᠦ︖ | ᠬᠠᠷᠢᠭᠤᠯᠲᠠ᠄ ᠣᠯᠣᠰ ᠠᠴᠠ ᠬᠢᠲᠠᠳ ᠢᠶᠠᠷ ᠬᠢᠴᠢᠶᠡᠯᠯᠡᠬᠦ ᠡᠩ ᠤᠨ ᠰᠣᠷᠭᠠᠭᠤᠯᠢ ᠶᠢᠨ ︽ᠬᠡᠯᠡ ᠪᠢᠴᠢᠭ︾ | ᠤᠨ ᠬᠢᠴᠢᠶᠡᠯ ᠢ ᠨᠢᠭᠡᠳᠦᠭᠡᠷ ᠣᠨ ᠳᠤ ᠭᠠᠷᠠᠭ ᠪᠦᠷᠢ 8 ᠬᠢᠴᠢᠶᠡᠯ ᠲᠣᠬᠢᠷᠠᠭᠤᠯᠬᠤ ᠪᠠᠷ ᠲᠣᠭᠲᠠᠵᠠᠢ᠃ | ᠦᠨᠳᠦᠰᠦᠲᠡᠨ ᠤ ᠬᠡᠯᠡ ᠪᠠᠷ ᠬᠢᠴᠢᠶᠡᠯᠯᠡᠬᠦ ᠰᠣᠷᠣᠭᠴᠢ ᠶᠢᠨ ᠳᠠᠷᠣᠭᠠᠰᠣ ᠶᠢ ᠬᠦᠩᠭᠡᠯᠡᠬᠦ ᠶᠢᠨ ᠲᠣᠰᠠᠳᠠ᠂ | ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠢᠮ ᠠᠴᠠ ᠳᠠᠷᠣᠮᠠᠯᠯᠠᠨ ᠲᠠᠷᠬᠠᠭᠠᠭᠰᠠᠨ ︽ᠦᠪᠦᠷ | ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠦᠨᠳᠦᠰᠦᠲᠡᠨ ᠤ ᠦᠭᠡ ᠬᠡᠯᠡ ᠪᠠᠷ ᠬᠢᠴᠢᠶᠡᠯᠯᠡᠬᠦ ᠰᠣᠷᠭᠠᠭᠤᠯᠢ ᠶᠢᠨ | ᠠᠯᠪᠠᠨ ᠵᠢᠷᠦᠮ ᠤᠨ ᠰᠣᠷᠭᠠᠨ ᠬᠦᠮᠦᠵᠢᠯ ᠤᠨ ᠬᠢᠴᠢᠶᠡᠯ ᠤᠨ ᠲᠦᠯᠦᠪᠯᠡᠭᠡ ︾ ᠳᠤ᠂ ᠣᠯᠣᠰ ᠠᠴᠠ ᠲᠣᠭᠲᠠᠭᠠᠭᠰᠠᠨ | ᠶᠡᠷᠦᠩᠬᠡᠢ ᠬᠢᠴᠢᠶᠡᠯ ᠤᠨ ᠴᠠᠭ ᠤᠨ ᠬᠡᠪᠴᠢᠶᠡᠨ ᠳᠣᠲᠣᠷ᠎ᠠ ᠂ ᠦᠨᠳᠦᠰᠦᠲᠡᠨ ᠤ ᠦᠭᠡ ᠬᠡᠯᠡ ᠪᠠᠷ ᠬᠢᠴᠢᠶᠡᠯᠯᠡᠬᠦ | ᠰᠣᠷᠭᠠᠭᠤᠯᠢ ᠶᠢᠨ ᠨᠢᠭᠡᠳᠦᠯᠲᠡᠢ ᠨᠠᠶᠢᠷᠠᠭᠤᠯᠣᠭᠰᠠᠨ ︽ᠬᠡᠯᠡ ᠪᠢᠴᠢᠭ︾ ᠤᠨ ᠬᠢᠴᠢᠶᠡᠯ ᠢ ᠨᠢᠭᠡᠳᠦᠭᠡᠷ ᠣᠨ ᠳᠤ | ᠭᠠᠷᠠᠭ ᠪᠦᠷᠢ ᠳᠤ 5 ᠬᠢᠴᠢᠶᠡᠯ ᠤᠨ ᠴᠠᠭ ᠲᠣᠬᠢᠷᠠᠭᠤᠯᠣᠨ᠎ᠠ ᠭᠡᠵᠦ ᠲᠣᠲᠣᠷᠬᠠᠶᠢᠯᠠᠪᠠ᠃ ᠮᠠᠨ ᠤ ᠣᠷᠣᠨ ᠤ ᠠᠶᠢᠮᠠᠭ | ᠬᠤᠲᠠ ᠶᠢᠨ ᠬᠤᠭᠤᠷᠣᠨᠳᠣᠬᠢ᠂ ᠬᠤᠲᠠ ᠬᠦᠳᠡᠭᠡ ᠶᠢᠨ ᠬᠤᠭᠤᠷᠣᠨᠳᠣᠬᠢ᠂ ᠰᠣᠷᠭᠠᠭᠤᠯᠢ ᠨᠤᠭᠤᠳ ᠤᠨ | ᠬᠤᠭᠤᠷᠣᠨᠳᠣᠬᠢ ᠪᠠᠭᠰᠢ ᠪᠠ ᠰᠣᠷᠣᠭᠴᠢ ᠶᠢᠨ ᠦᠭᠡ ᠬᠡᠯᠡᠨ ᠤ ᠰᠠᠭᠤᠷᠢ ᠲᠡᠩᠴᠡᠭᠦᠷᠢ ᠦᠭᠡᠢ ᠵᠡᠷᠭᠡ ᠬᠦᠴᠦᠨ | ᠵᠦᠢᠯ ᠢ ᠪᠤᠳᠤᠯᠬᠢᠯᠠᠵᠤ᠂ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠢᠮ ᠠᠴᠠ ᠣᠳᠠᠯ ᠦᠭᠡᠢ | ︽ᠦᠨᠳᠦᠰᠦᠲᠡᠨ ᠤ ᠦᠭᠡ ᠬᠡᠯᠡ ᠪᠠᠷ ᠬᠢᠴᠢᠶᠡᠯᠯᠡᠬᠦ ᠰᠣᠷᠭᠠᠭᠤᠯᠢ ᠶᠢᠨ ᠨᠢᠭᠡᠳᠦᠯᠲᠡᠢ ᠨᠠᠶᠢᠷᠠᠭᠤᠯᠣᠭᠰᠠᠨ ︿ᠬᠡᠯᠡ | ᠪᠢᠴᠢᠭ﹀ ᠢ ᠵᠢᠭᠠᠨ ᠰᠣᠷᠭᠠᠬᠤ ᠵᠢᠴᠢ ᠦᠨᠡᠯᠡᠬᠦ ᠭᠤᠥᠯᠳᠠᠯᠭ᠎ᠠ︾ ᠶᠢ ᠳᠠᠷᠣᠮᠠᠯᠯᠠᠨ ᠳᠠᠷᠬᠠᠭᠠᠵᠣ᠂ ᠡᠯ᠎ᠡ ᠭᠠᠵᠡᠷ ᠤᠨ | ᠡᠯ᠎ᠡ ᠰᠣᠷᠭᠠᠭᠤᠯᠢ ᠵᠢᠭᠠᠨ ᠰᠣᠷᠭᠠᠯᠲᠠ ᠶᠢ ᠵᠤᠬᠢᠶᠠᠨ ᠪᠠᠶᠢᠭᠤᠯᠬᠤ ᠪᠠ ᠰᠣᠷᠣᠭᠴᠢ ᠶᠢᠨ ᠬᠢᠴᠢᠶᠡᠯ ᠢ ᠦᠨᠡᠯᠡᠬᠦ | ᠦᠨᠳᠦᠰᠦᠨ ᠵᠢᠷᠦᠮᠯᠡᠯ ᠪᠣᠯᠭᠠᠬᠤ ᠪᠠᠷ ᠪᠣᠢ᠃ ᠡᠯ᠎ᠡ ᠭᠠᠵᠠᠷ ᠤᠨ ᠡᠯ᠎ᠡ ᠰᠣᠷᠭᠠᠭᠤᠯᠢ ᠴᠦ ᠲᠣᠰ ᠭᠠᠵᠠᠷ ᠲᠣᠰ | ᠰᠣᠷᠭᠠᠭᠤᠯᠢ ᠶᠢᠨ ᠢᠶᠠᠨ ᠪᠣᠲᠠᠲᠣ ᠪᠠᠶᠢᠳᠠᠯ ᠢᠶᠠᠨ ᠦᠨᠳᠦᠰᠦᠯᠡᠵᠦ ᠠᠮᠢᠳᠣᠯᠢᠭ ᠢᠶᠠᠷ ᠲᠣᠬᠢᠷᠠᠭᠤᠯᠵᠣ ᠪᠣᠯᠣᠨ᠎ᠠ᠃ | ᠶᠡᠷᠦᠩᠬᠡᠶ ᠳᠤ ᠨᠢ ᠬᠡᠯᠡᠪᠡᠯ᠂ ᠰᠣᠷᠣᠭᠴᠢ ᠶᠢᠨ ᠬᠢᠴᠢᠶᠡᠯ ᠰᠣᠷᠣᠯᠭ᠎ᠠ ᠶᠢᠨ ᠬᠢᠷᠢ ᠲᠦᠪᠰᠢᠨ ᠤ ᠦᠨᠡᠯᠡᠯᠲᠡ ᠶᠢ | ᠬᠢᠲᠠᠳ ᠢᠶᠠᠷ ᠬᠢᠴᠢᠶᠡᠯᠯᠡᠬᠦ ᠡᠩ ᠤᠨ ᠰᠣᠷᠭᠠᠭᠤᠯᠢ ᠲᠠᠢ ᠬᠠᠷᠢᠴᠠᠭᠤᠯᠪᠠᠯ᠂ ᠮᠡᠳᠡᠯᠭᠡ ᠶᠢᠨ ᠠᠭᠤᠯᠭ᠎ᠠ ᠶᠢ | ᠪᠦᠲᠦᠮᠵᠢᠲᠡᠢ ᠵᠤᠯᠭᠠᠭᠤᠯᠬᠤ ᠶᠢ ᠪᠣᠳᠣᠯᠬᠢᠯᠠᠬᠤ ᠶᠢᠨ ᠬᠠᠮᠲᠦ᠂ ᠦᠨᠳᠦᠰᠦᠲᠡᠨ ᠤ ᠰᠣᠷᠭᠠᠭᠤᠯᠢ ᠶᠢᠨ ᠪᠠᠭᠰᠢ | ᠰᠣᠷᠣᠭᠴᠢ ᠶᠢᠨ ᠪᠤᠳᠠᠲᠣ ᠪᠠᠶᠢᠳᠠᠯ ᠢ ᠪᠣᠳᠣᠯᠬᠢᠯᠠᠭᠰᠠᠨ ᠣᠷᠢᠳᠠᠯ ᠲᠣᠥᠷ᠎ᠠ᠂ ᠵᠢᠭᠠᠨ ᠰᠣᠷᠭᠠᠬᠤ ᠱᠠᠭᠠᠷᠳᠠᠯᠭ᠎ᠠ᠂ | ᠠᠭᠤᠯᠭ᠎ᠠ ᠬᠠᠷᠠᠯᠲᠠ ᠪᠠ ᠵᠢᠭᠠᠨ ᠰᠣᠷᠭᠠᠬᠤ ᠬᠦᠴᠢᠷᠳᠡᠯ ᠵᠡᠷᠭᠡ ᠳᠠᠯ᠎ᠠ ᠪᠠᠷ ᠬᠠᠷᠢᠴᠠᠩᠭᠤᠢ ᠪᠠᠷ ᠬᠥᠩᠭᠡᠷᠡᠭᠦᠯᠦᠭᠰᠡᠨ | ᠲᠤᠯᠠ᠂ ᠬᠢᠲᠠᠳ ᠢᠶᠠᠷ ᠬᠢᠴᠢᠶᠡᠯᠯᠡᠬᠦ ᠰᠣᠷᠭᠠᠭᠤᠯᠢ ᠲᠠᠢ ᠠᠳᠠᠯᠢ ᠦᠭᠡᠢ᠃ | 13. ᠠᠰᠠᠭᠤᠯᠲᠠ᠄ ᠡᠨᠡ ᠵᠢᠯ ᠤᠨ ᠰᠢᠨ᠎ᠡ ᠢᠷᠡᠭᠰᠡᠨ ᠮᠣᠩᠭᠤᠯ ᠬᠡᠯᠡ ᠪᠢᠴᠢᠭ ᠤᠨ ᠵᠢᠭᠠᠬᠤ ᠮᠠᠲ᠋ᠧᠷᠢᠶᠠᠯ ᠢ | ᠦᠩᠭᠡᠷᠡᠭᠰᠡᠨ ᠵᠢᠯ ᠤᠨ ᠵᠢᠭᠠᠬᠤ ᠮᠠᠲ᠋ᠧᠷᠢᠶᠠᠯ ᠲᠠᠢ ᠬᠠᠷᠢᠴᠠᠭᠤᠯᠪᠠᠯ᠂ ᠵᠤᠬᠢᠬᠤ ᠬᠤᠪᠢᠷᠠᠯᠲᠠ ᠲᠠᠢ ᠪᠣᠯᠵᠣ᠂ | ᠮᠣᠩᠭᠤᠯ ᠤᠨ ᠲᠡᠥᠬᠡ᠂ ᠵᠠᠩ ᠦᠢᠯᠡ᠂ ᠰᠢᠯᠦᠭ ᠳᠠᠭᠤᠯᠠᠯ᠂ ᠣᠯᠠᠮᠵᠢᠯᠠᠯᠲᠤ ᠰᠣᠶᠣᠯ ᠢ ᠳᠣᠰᠬᠠᠭᠰᠠᠨ ᠬᠢᠴᠢᠶᠡᠯ᠂ | ᠵᠢᠭᠠᠬᠤ ᠮᠠᠲ᠋ᠧᠷᠢᠶᠠᠯ᠂ ᠭᠡᠷᠡᠯ ᠵᠢᠷᠤᠭ ᠤᠨ ᠬᠡᠰᠡᠭ ᠠᠭᠤᠯᠭ᠎ᠠ ᠶᠢ ᠬᠠᠰᠣᠭᠰᠠᠨ ᠭᠡᠵᠦ ᠳᠣᠰᠬᠠᠵᠤ ᠪᠤᠢ᠂ ᠡᠨᠡ ᠨᠢ | ᠣᠯᠣᠰ ᠤᠨ ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠭᠰᠡᠨ ᠲᠠᠢ ᠬᠤᠯᠪᠤᠭ᠎ᠠ ᠲᠠᠢ ᠦᠦ︖ ︽ | ᠦᠨᠳᠦᠰᠦᠲᠡᠨ ᠤ ᠦᠭᠡ ᠬᠡᠯᠡ ᠪᠠᠷ ᠬᠢᠴᠢᠶᠡᠯᠯᠡᠬᠦ ᠳᠣᠮᠳᠠᠳᠣ ᠪᠠᠭ᠎ᠠ ᠰᠣᠷᠭᠠᠭᠤᠯᠢ ᠶᠢᠨ ᠪᠣᠰᠣᠳ ᠬᠢᠴᠢᠶᠡᠯ | ᠲᠦᠷᠦᠯ ᠤᠨ ᠲᠣᠬᠢᠷᠠᠭᠤᠯᠤᠯᠲᠠ ᠶᠢ ᠬᠤᠪᠢᠷᠠᠭᠤᠯᠬᠤ ᠦᠭᠡᠢ︾ ᠭᠡᠰᠡᠨ ᠲᠠᠶᠢᠯᠤᠮᠵᠢ ᠲᠠᠢ ᠵᠦᠷᠢᠴᠡᠯ ᠲᠠᠢ ᠦᠦ︖ | ᠬᠠᠷᠢᠭᠤᠯᠲᠠ᠄ ᠣᠯᠣᠰ ᠤᠨ ᠵᠢᠭᠠᠬᠤ ᠮᠠᠲ᠋ᠧᠷᠢᠶᠠᠯ ᠤᠨ ᠵᠦᠪᠯᠠᠯ ᠤᠨ 2019 ᠣᠨ ᠳᠤ ᠳᠠᠷᠣᠮᠠᠯᠯᠠᠨ | ᠲᠠᠷᠬᠠᠭᠠᠭᠰᠠᠨ ︽ᠪᠦᠬᠦ ᠣᠯᠣᠰ ᠤᠨ ᠶᠡᠭᠡ ᠳᠡᠭᠡᠳᠦ ᠰᠣᠷᠭᠠᠭᠤᠯᠢ ᠳᠣᠮᠳᠠᠲᠣ ᠪᠠᠭ᠎ᠠ ᠰᠣᠷᠭᠠᠭᠤᠯᠢ ᠶᠢᠨ ᠵᠢᠭᠠᠬᠤ | ᠮᠠᠲ᠋ᠧᠷᠢᠶᠠᠯ ᠤᠨ ᠪᠠᠶᠢᠭᠤᠯᠣᠯᠲᠠ ᠶᠢᠨ ᠲᠦᠯᠦᠪᠵᠢᠭᠦᠯᠭᠡ ︵2019 — 2022︶︾ ᠪᠣᠯᠣᠨ ︽ᠲᠣᠮᠳᠠᠲᠣ | ᠪᠠᠭ᠎ᠠ ᠰᠣᠷᠭᠠᠭᠤᠯᠢ ᠶᠢᠨ ᠵᠢᠭᠠᠬᠤ ᠮᠠᠲ᠋ᠧᠷᠢᠶᠠᠯ ᠤᠨ ᠬᠠᠮᠢᠶᠠᠷᠣᠯᠲᠠ ᠶᠢᠨ ᠠᠷᠭ᠎ᠠ︾ ᠶᠢ ᠦᠨᠳᠦᠰᠦᠯᠡᠵᠦ᠂ ᠮᠠᠨ ᠤ | ᠣᠷᠣᠨ ᠡᠨᠡ ᠵᠢᠯ ᠤᠨ 4 ᠰᠠᠷ᠎ᠠ ᠳᠤ ᠲᠣᠰᠬᠠᠢ ᠮᠡᠷᠭᠡᠵᠢᠯᠲᠡᠨ ᠢ ᠵᠤᠬᠢᠶᠠᠨ ᠪᠠᠶᠢᠭᠤᠯᠵᠤ ᠮᠣᠩᠭᠤᠯ ᠬᠡᠯᠡ ᠪᠢᠴᠢᠭ ᠲᠤ | ᠵᠠᠰᠠᠪᠣᠷᠢ ᠣᠷᠣᠭᠤᠯᠵᠣ᠂ ᠱᠠᠭᠠᠷᠳᠠᠯᠭ᠎ᠠ ᠶᠣᠰᠣᠭᠠᠷ ᠣᠯᠣᠰ ᠢᠶᠠᠨ ᠬᠠᠶᠢᠷᠠᠯᠠᠬᠤ ᠦᠵᠡᠯ᠂ ᠨᠡᠶᠢᠭᠡᠮ ᠵᠢᠷᠦᠮ ᠤᠨ | ᠭᠤᠥᠯᠯᠠᠭᠴᠢ ᠦᠷᠳᠡᠭ ᠤᠨ ᠦᠵᠡᠯᠲᠡ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠦᠮᠦᠵᠢᠯ᠂ | ᠬᠤᠪᠢᠰᠬᠠᠯ ᠤᠨ ᠣᠯᠠᠮᠵᠢᠯᠠᠯ ᠤᠨ ᠬᠦᠮᠦᠵᠢᠯ ᠵᠡᠷᠭᠡ ᠠᠭᠤᠯᠭ᠎ᠠ ᠪᠠ ᠵᠤᠬᠢᠶᠠᠯ ᠤᠨ ᠬᠠᠷᠢᠴᠠᠯ ᠢ ᠨᠡᠮᠡᠭᠳᠡᠭᠦᠯᠵᠦ᠂ | ᠬᠡᠰᠡᠭ ᠵᠤᠬᠢᠶᠠᠯ ᠢ ᠬᠠᠰᠣᠭᠰᠠᠨ ᠪᠠᠶᠢᠨ᠎ᠠ᠃ ᠡᠨᠡᠬᠦ ᠠᠵᠢᠯ ᠪᠣᠯ ᠬᠡᠪ ᠤᠨ ᠲᠣᠬᠠᠶᠢᠯᠠᠭᠰᠠᠨ ᠠᠵᠢᠯ ᠳᠤ | ᠲᠣᠭᠠᠴᠠᠭᠳᠠᠬᠤ ᠪᠦᠭᠡᠳ ᠵᠤᠷᠰᠢᠯ ᠶᠣᠰᠣᠭᠠᠷ ᠰᠣᠷᠣᠯᠭ᠎ᠠ ᠶᠢᠨ ᠬᠤᠭᠤᠴᠠᠭ᠎ᠠ ᠪᠦᠷᠢ ᠵᠢᠭᠠᠬᠤ ᠮᠠᠲ᠋ᠧᠷᠢᠶᠠᠯ ᠳᠤ | ᠵᠠᠰᠠᠪᠣᠷᠢ ᠣᠷᠣᠭᠤᠯᠵᠣ᠂ ᠴᠠᠭ ᠦᠶ᠎ᠡ ᠲᠠᠢ ᠵᠡᠷᠭᠡᠪᠡᠷ ᠣᠷᠣᠭᠰᠢᠯᠠᠨ ᠨᠠᠷᠢᠨ ᠵᠦᠢᠯᠡᠰ ᠤᠨ ᠲᠠᠯ᠎ᠠ ᠪᠠᠷ | ᠰᠢᠯᠢᠳᠡᠭᠵᠢᠭᠦᠯᠦᠭᠰᠡᠨ ᠶᠠᠪᠣᠳᠠᠯ ᠪᠣᠯᠣᠨ᠎ᠠ᠃ ᠡᠨᠡ ᠵᠢᠯ ᠤᠨ ᠵᠢᠭᠠᠬᠤ ᠮᠠᠲ᠋ᠧᠷᠢᠶᠠᠯ ᠳᠤ ᠵᠠᠰᠠᠪᠣᠷᠢ ᠣᠷᠣᠭᠤᠯᠣᠭᠰᠠᠨ ᠨᠢ | ᠨᠢᠭᠡᠳᠣᠯᠲᠠᠢ ᠨᠠᠶᠢᠷᠠᠭᠤᠯᠣᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠪᠤᠯᠤᠨ ︽ᠲᠠᠪᠤ ᠶᠢ ᠬᠤᠪᠢᠷᠠᠭᠤᠯᠬᠤ ᠦᠭᠡᠢ︾ | ᠪᠠᠶᠢᠬᠤ ᠲᠠᠢ ᠬᠤᠯᠪᠣᠭ᠎ᠠ ᠦᠭᠡᠢ᠃ | 14. ᠠᠰᠠᠭᠤᠯᠲᠠ᠄ ᠤᠯᠤᠰ ᠤᠨ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠳᠡᠯᠭᠡᠷᠡᠭᠦᠯᠦᠨ | ᠬᠡᠷᠡᠭᠯᠡᠭᠰᠡᠨ ᠤ ᠳᠠᠷᠠᠭ᠎ᠠ᠂ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ ᠪᠣᠯᠣᠨ ᠠᠩᠬ᠎ᠠ ᠵᠡᠷᠭᠡ ᠶᠢᠨ ᠲᠤᠮᠳᠠᠳᠤ | ᠰᠤᠷᠭᠠᠭᠤᠯᠢ ᠶᠢᠨ ᠨᠢᠭᠡᠲᠦᠭᠡᠷ ᠣᠨ ᠤ ᠵᠢᠭᠠᠬᠤ ᠮᠠᠲ᠋ᠧᠷᠢᠶᠠᠯ ᠤᠨ ᠬᠡᠷᠡᠭᠯᠡᠯᠲᠡ ᠶᠢᠨ ᠲᠠᠯ᠎ᠠ ᠪᠠᠷ ᠶᠠᠮᠠᠷ ᠬᠤᠪᠢᠷᠠᠯᠲᠠ | ᠪᠠᠶᠢᠬᠤ ᠪᠤᠢ︖ | ᠬᠠᠷᠢᠭᠤᠯᠲᠠ᠄ ᠡᠨᠡ ᠵᠢᠯ ᠤᠨ ᠨᠠᠮᠤᠷ ᠤᠨ ᠤᠯᠠᠷᠢᠯ ᠤᠨ ᠰᠤᠷᠤᠯᠭ᠎ᠠ ᠶᠢᠨ ᠬᠤᠭᠤᠴᠠᠭᠠᠨ ᠳᠤ᠂ | ᠦᠨᠳᠦᠰᠦᠲᠡᠨ ᠤ ᠬᠡᠯᠡ ᠪᠠᠷ ᠬᠢᠴᠢᠶᠡᠯᠯᠡᠬᠦ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ ᠪᠣᠯᠣᠨ ᠠᠩᠬ᠎ᠠ ᠵᠡᠷᠭᠡ ᠶᠢᠨ | ᠲᠤᠮᠳᠠᠳᠤ ᠰᠤᠷᠭᠠᠭᠤᠯᠢ ᠶᠢᠨ ᠨᠢᠭᠡᠳᠦᠭᠡᠷ ᠣᠨ ᠳᠤ ᠨᠢᠭᠡᠲᠦᠯᠲᠡᠢ ᠨᠠᠶᠢᠷᠠᠭᠤᠯᠤᠭᠰᠠᠨ ︽ᠬᠡᠯᠡ ᠪᠢᠴᠢᠭ︾ ᠤᠨ | ᠵᠢᠭᠠᠬᠤ ᠮᠠᠲ᠋ᠧᠷᠢᠶᠠᠯ ᠢ ᠬᠡᠷᠡᠭᠯᠡᠬᠦ ᠠᠴᠠ ᠭᠠᠳᠠᠨ᠎ᠠ᠂ ᠪᠤᠰᠤᠳ ᠬᠢᠴᠢᠶᠡᠯ ᠲᠦᠷᠦᠯ ᠤᠨ ᠲᠤᠬᠢᠷᠠᠭᠤᠯᠤᠯᠲᠠ᠂ ᠬᠡᠷᠡᠭᠯᠡᠬᠦ | ᠵᠢᠭᠠᠬᠤ ᠮᠠᠲ᠋ᠧᠷᠢᠶᠠᠯ ᠪᠤᠯᠤᠨ ᠦᠭᠡ ᠬᠡᠯᠡ ᠦᠰᠦᠭ ᠪᠢᠴᠢᠭ ᠨᠢ ᠴᠦᠮ ᠬᠤᠪᠢᠷᠠᠬᠤ ᠦᠭᠡᠢ᠃ | 15. ᠠᠰᠠᠭᠤᠯᠲᠠ᠄ ᠤᠯᠤᠰ ᠤᠨ ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ︽ᠲᠠᠤᠬᠡ︾ | ᠪᠠ ︽ᠶᠤᠰᠤ ᠰᠤᠷᠲᠠᠬᠤᠨ ᠬᠢᠭᠡᠳ ᠬᠠᠤᠯᠢ ᠪᠠᠷ ᠵᠠᠰᠠᠬᠤ︾ ᠳᠤ ᠴᠦᠬᠡᠨ ᠲᠤᠭᠠᠲᠤ ᠦᠨᠳᠦᠰᠦᠲᠡᠨ ᠤ ᠦᠰᠦᠭ | ᠪᠢᠴᠢᠭ ᠤᠨ ᠬᠡᠪᠯᠡᠯ ᠤᠨ ᠵᠢᠭᠠᠬᠤ ᠮᠠᠲ᠋ᠧᠷᠢᠶᠠᠯ ᠢ ᠬᠡᠷᠡᠭᠯᠡᠵᠦ ᠪᠤᠯᠤᠨ᠎ᠠ ︵ᠳᠠᠷᠤᠢ ᠮᠤᠩᠭᠤᠯ ᠬᠡᠯᠡᠨ ᠤ | ᠤᠷᠴᠢᠭᠤᠯᠭ᠎ᠠ ᠶᠢᠨ ᠬᠡᠪᠯᠡᠯ︶ ᠤᠤ︖ | ᠬᠠᠷᠢᠭᠤᠯᠲᠠ᠄ ᠪᠤᠯᠬᠤ ᠦᠭᠡᠢ᠃ ᠭᠤᠷᠪᠠᠨ ᠬᠢᠴᠢᠶᠡᠯ ᠲᠦᠷᠦᠯ ᠤᠨ ᠨᠢᠭᠡᠲᠦᠯᠲᠡᠢ ᠨᠠᠶᠢᠷᠠᠭᠤᠯᠤᠭᠰᠠᠨ | ᠵᠢᠭᠠᠬᠤ ᠮᠠᠲ᠋ᠧᠷᠢᠶᠠᠯ ᠢ ᠴᠦᠮ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠬᠡᠪᠯᠡᠵᠦ᠂ | ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠬᠢᠴᠢᠶᠡᠯᠯᠡᠨ᠎ᠡ᠃ ᠮᠠᠨ ᠤ ᠤᠷᠤᠨ ᠪᠣᠯ ︽ | ᠵᠢᠱᠢᠶᠡᠴᠢ ᠦᠪᠡᠷᠲᠡᠭᠡᠨ ᠵᠠᠰᠠᠬᠤ ᠤᠷᠤᠨ︾ ᠪᠤᠯᠬᠤᠷ᠂ ᠤᠯᠤᠰ ᠤᠨ ᠨᠢᠭᠡᠲᠦᠯᠲᠡᠢ ᠪᠠᠶᠢᠷᠢᠯᠠᠭᠤᠯᠤᠯᠲᠠ ᠶᠢ ᠲᠡᠷᠡ | ᠬᠡᠪ ᠢᠶᠠᠷ ᠨᠢ ᠨᠡᠶᠢᠳᠠᠪᠤᠷᠢᠵᠢᠭᠤᠯᠬᠤ ᠪᠦᠭᠡᠳ ᠬᠤᠪᠢᠷᠠᠭᠤᠯᠬᠤ ᠦᠭᠡᠢ᠃ | 16. ᠠᠰᠠᠭᠤᠯᠲᠠ᠄ ᠣᠯᠣᠰ ᠤᠨ ᠨᠢᠭᠡᠳᠦᠯᠲᠡᠢ ᠨᠠᠶᠢᠷᠠᠭᠤᠯᠣᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠭᠰᠡᠨ ᠤ | ᠳᠠᠷᠠᠭ᠎ᠠ᠂ ᠰᠣᠷᠭᠠᠨ ᠬᠦᠮᠦᠵᠢᠯ ᠢ ᠱᠠᠯᠠᠪᠳᠠᠭᠤᠯᠣᠨ ᠵᠢᠯᠤᠭᠤᠳᠴᠣ ᠦᠨᠡᠯᠡᠨ ᠵᠢᠱᠢᠬᠦ ᠶᠠᠪᠣᠴᠠ ᠳᠤ ᠪᠠᠭᠰᠢ ᠨᠠᠷ | ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠭᠰᠡᠨ ᠠᠴᠠ ᠪᠣᠯᠵᠣ ᠵᠢᠭᠠᠨ ᠰᠣᠷᠭᠠᠬᠤ ᠶᠠᠰᠣ | ᠴᠢᠨᠠᠷ ᠲᠤ ᠨᠢ ᠬᠡᠯᠪᠡᠯᠵᠡᠯ ᠭᠠᠷᠬᠤ ᠠᠰᠠᠭᠤᠳᠠᠯ ᠢ ᠬᠡᠷᠬᠢᠨ ᠰᠢᠢᠳᠪᠦᠷᠢᠯᠡᠬᠦ ᠪᠣᠢ︖ | ᠬᠠᠷᠢᠭᠤᠯᠲᠠ᠄ ᠣᠯᠣᠰ ᠤᠨ ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢᠶᠠᠷ ᠵᠢᠭᠠᠨ ᠰᠣᠷᠭᠠᠵᠤ᠂ | ᠲᠣᠰ ᠬᠢᠴᠢᠶᠡᠯ ᠲᠦᠷᠦᠯ ᠪᠣᠶᠣ ᠲᠣᠰ ᠣᠨ ᠤ ᠠᠶᠢᠮᠠᠭ ᠪᠣᠶᠣ ᠬᠤᠰᠢᠭᠤᠨ ︵ᠬᠤᠲᠠ᠂ ᠰᠢᠶᠠᠨ︶ ᠤ ᠱᠠᠲᠤᠨ ᠤ | ᠨᠢᠭᠡᠳᠦᠯᠲᠡᠢ ᠰᠢᠯᠭᠠᠯᠲᠠ ᠳᠤ᠂ ᠳᠣᠮᠳᠠᠴᠢ ᠬᠤᠪᠢ ᠨᠢ ᠬᠢᠷᠢ ᠲᠡᠩᠴᠡᠭᠰᠡᠨ ︵ᠰᠢᠯᠭᠠᠯᠲᠠ ᠶᠢᠨ ᠬᠠᠭᠤᠳᠠᠰᠣᠨ | ᠬᠤᠪᠢ ᠶᠢᠨ 60%︶ ᠪᠣᠯ᠂ ᠳᠠᠷᠣᠢ ᠪᠠᠷᠢᠮᠵᠢᠶ᠎ᠠ ᠳᠤ ᠬᠦᠷᠦᠭᠰᠡᠨ ᠢᠶᠠᠷ ᠲᠣᠭᠲᠠᠭᠠᠨ᠎ᠠ᠃ ᠳᠣᠮᠳᠠᠴᠢ ᠬᠤᠪᠢ ᠨᠢ | ᠪᠠᠷᠢᠮᠵᠢᠶ᠎ᠠ ᠳᠤ ᠬᠦᠷᠦᠭᠰᠡᠨ ᠦᠭᠡᠢ ᠪᠣᠯ᠂ ᠲᠣᠰ ᠳᠣᠮᠳᠠᠴᠢ ᠬᠤᠪᠢ ᠶᠢ ᠪᠠᠷᠢᠮᠵᠢᠶ᠎ᠠ ᠬᠤᠪᠢ ᠪᠣᠯᠭᠠᠨ᠎ᠠ᠃ | ᠬᠤᠰᠢᠭᠤᠨ ︵ᠬᠤᠲᠠ᠂ ᠰᠢᠶᠠᠨ︶ ᠤ ᠱᠠᠳᠣᠨ ᠤ ᠦᠨᠳᠦᠰᠦᠲᠡᠨ ᠤ ᠰᠣᠷᠭᠠᠭᠤᠯᠢ ᠳᠤ ᠬᠤᠭᠤᠴᠠᠭᠠᠨ ᠡᠴᠦᠰ ᠤᠨ | ᠨᠢᠭᠡᠳᠦᠯᠲᠡᠢ ᠰᠢᠯᠭᠠᠯᠲᠠ ᠬᠢᠬᠦ ᠦᠭᠡᠢ᠂ ᠰᠣᠷᠣᠭᠴᠢ ᠶᠢᠨ ᠳᠣᠮᠳᠠᠴᠢ ᠬᠢᠷᠢ ᠪᠦᠲᠦᠮᠵᠢ ᠨᠢ ᠬᠢᠷᠢ ᠲᠡᠩᠴᠡᠭᠰᠡᠨ ︵ | ᠰᠢᠯᠭᠠᠯᠲᠠ ᠶᠢᠨ ᠬᠠᠭᠤᠳᠠᠰᠣ ᠶᠢᠨ 60 %︶ ᠦᠭᠡᠢ ᠪᠣᠯ᠂ ᠲᠣᠰ ᠰᠣᠷᠭᠠᠭᠤᠯᠢ ᠶᠢᠨ ᠲᠣᠰ ᠬᠢᠴᠢᠶᠡᠯ | ᠲᠦᠷᠦᠯ ᠤᠨ ᠲᠤᠰ ᠣᠨ ᠤ ᠲᠡᠭᠰᠢᠳᠭᠡᠭᠰᠡᠨ ᠬᠤᠪᠢ ᠶᠢ ᠪᠠᠷᠢᠮᠵᠢᠶ᠎ᠠ ᠬᠤᠪᠢ ᠪᠣᠯᠭᠠᠨ᠎ᠠ᠃ ᠰᠣᠷᠭᠠᠭᠤᠯᠢ ᠳᠤ | ᠵᠦᠪᠬᠡᠨ 1 ᠯᠠ ᠠᠩᠭᠢ ᠲᠠᠢ ᠪᠣᠯ ᠰᠣᠷᠭᠠᠭᠤᠯᠢ ᠶᠢᠨ ᠣᠳᠣᠷᠢᠳᠣᠯᠭ᠎ᠠ ᠪᠠ ᠪᠠᠭᠰᠢ ᠶᠢᠨ ᠲᠦᠯᠦᠭᠡᠯᠡᠭᠴᠢ ᠪᠠᠷ | ᠪᠦᠷᠢᠯᠳᠦᠭᠰᠡᠨ ᠦᠨᠡᠯᠡᠬᠦ ᠳᠣᠭᠤᠶᠢᠯᠠᠩ ᠨᠢ ᠰᠢᠯᠭᠠᠯᠲᠠ ᠶᠢᠨ ᠰᠡᠳᠦᠪ ᠤᠨ ᠬᠦᠴᠢᠷ ᠤᠨ ᠬᠡᠮᠵᠢᠶ᠎ᠡ ᠵᠡᠷᠭᠡ ᠶᠢ | ᠦᠨᠳᠦᠰᠦᠯᠡᠵᠦ ᠶᠡᠷᠦᠩᠬᠡᠶᠢᠯᠡᠨ ᠦᠨᠡᠯᠡᠵᠦ ᠲᠣᠭᠲᠠᠭᠠᠨ᠎ᠠ᠃ | 17. ᠠᠰᠠᠭᠤᠯᠲᠠ᠄ ᠰᠣᠷᠭᠠᠨ ᠬᠦᠮᠦᠵᠢᠯ ᠤᠨ ᠲᠢᠩᠬᠢᠮ ᠠᠴᠠ ᠪᠠᠭᠤᠯᠭᠠᠭᠰᠠᠨ ᠪᠠᠭ᠎ᠠ ᠰᠣᠷᠭᠠᠭᠤᠯᠢ ᠶᠢᠨ | ᠨᠢᠭᠡᠳᠦᠭᠡᠷ ᠣᠨ ᠤ ᠰᠢᠨ᠎ᠡ ᠰᠣᠷᠣᠭᠴᠢ ᠶᠢᠨ ᠬᠢᠴᠢᠶᠡᠯ ᠤᠨ ᠳᠣᠬᠢᠷᠠᠭᠤᠯᠣᠯᠳᠠ ᠶᠣᠰᠣᠭᠠᠷ᠂ ᠣᠥᠯ ᠤᠨ ᠪᠠᠭ᠎ᠠ | ᠰᠣᠷᠭᠠᠭᠤᠯᠢ ᠶᠢᠨ ᠨᠢᠭᠡᠳᠦᠭᠡᠷ ᠣᠨ ᠤ ᠬᠢᠴᠢᠶᠡᠯ ᠤᠨ ᠳᠣᠬᠢᠷᠠᠭᠤᠯᠣᠯᠳᠠ ᠳᠤ᠂ ᠣᠷᠣᠨ ᠨᠣᠲᠤᠭ ᠤᠨ ᠬᠢᠴᠢᠶᠡᠯ | ᠲᠦᠷᠦᠯ ᠪᠣᠯᠬᠤ ︽ᠰᠢᠨᠵᠢᠯᠡᠬᠦ ᠣᠬᠠᠭᠠᠨ︾ ᠤ ᠬᠢᠴᠢᠶᠡᠯ ᠢ ᠬᠠᠰᠣᠭᠰᠠᠨ ᠨᠢ᠂ ︽ᠪᠣᠰᠣᠳ ᠬᠢᠴᠢᠶᠡᠯ ᠲᠦᠷᠦᠯ ᠪᠠ | ᠪᠣᠰᠣᠳ ᠣᠨ ᠤ ᠬᠢᠴᠢᠶᠡᠯ ᠤᠨ ᠲᠣᠬᠢᠷᠠᠭᠤᠯᠣᠯᠲᠠ ᠶᠢ ᠬᠤᠪᠢᠷᠠᠭᠤᠯᠬᠤ ᠦᠭᠡᠢ︾ ᠭᠡᠰᠡᠨ ᠲᠠᠶᠢᠯᠣᠮᠵᠢ ᠲᠠᠢ | ᠵᠦᠷᠢᠴᠡᠯ ᠲᠠᠢ ᠦᠦ︖ | ᠬᠠᠷᠢᠭᠤᠯᠲᠠ᠄ 2020 ᠣᠨ ᠤ 8 ᠰᠠᠷ᠎ᠠ ᠶᠢᠨ 16 ᠤ ᠡᠳᠦᠷ᠂ ᠦᠪᠡᠷᠲᠡᠭᠡᠨ ᠵᠠᠰᠠᠬᠤ ᠣᠷᠣᠨ ᠤ | ᠰᠣᠷᠭᠠᠨ ᠬᠦᠮᠦᠵᠢᠯ ᠤᠨ ᠲᠢᠩᠬᠢᠮ ︽ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠦᠨᠳᠦᠰᠦᠲᠡᠨ ᠤ | ᠦᠭᠡ ᠬᠡᠯᠡ ᠦᠰᠦᠭ ᠪᠢᠴᠢᠭ ᠢᠶᠠᠷ ᠬᠢᠴᠢᠶᠡᠯᠯᠡᠬᠦ ᠰᠣᠷᠭᠠᠭᠤᠯᠢ ᠶᠢᠨ ᠠᠯᠪᠠᠨ ᠵᠢᠷᠦᠮ ᠤᠨ ᠰᠣᠷᠭᠠᠨ ᠬᠦᠮᠦᠵᠢᠯ ᠤᠨ | ᠬᠢᠴᠢᠶᠡᠯ ᠤᠨ ᠲᠦᠯᠦᠪᠯᠡᠭᠡ︾ ᠶᠢ ᠳᠠᠷᠣᠮᠠᠯᠯᠠᠨ ᠲᠠᠷᠬᠠᠭᠠᠪᠠ᠂ ᠡᠭᠦᠨ ᠳᠤ ︽ᠦᠪᠦᠷ ᠮᠣᠩᠭᠤᠯ ᠤᠨ ᠦᠪᠡᠷᠲᠡᠭᠡᠨ | ᠵᠠᠰᠠᠬᠤ ᠣᠷᠣᠨ ᠤ ᠦᠨᠳᠦᠰᠦᠲᠡᠨ ᠤ ᠦᠭᠡ ᠬᠡᠯᠡ ᠦᠰᠦᠭ ᠪᠢᠴᠢᠭ ᠢᠶᠠᠷ ᠬᠢᠴᠢᠶᠡᠯᠯᠡᠬᠦ ᠰᠣᠷᠭᠠᠭᠤᠯᠢ ᠶᠢᠨ ᠠᠯᠪᠠᠨ | ᠵᠢᠷᠦᠮ ᠤᠨ ᠰᠣᠷᠭᠠᠨ ᠬᠦᠮᠦᠵᠢᠯ ᠤᠨ ᠬᠢᠴᠢᠶᠡᠯ ᠤᠨ ᠳᠣᠬᠢᠷᠠᠭᠤᠯᠣᠯᠳᠠ ᠶᠢᠨ ᠬᠦᠰᠦᠨᠦᠭᠲᠦ︾ ᠳᠤ᠂ ᠪᠠᠭ᠎ᠠ | ᠰᠣᠷᠭᠠᠭᠤᠯᠢ ᠶᠢᠨ ︽ᠰᠢᠨᠵᠢᠯᠡᠬᠦ ᠣᠬᠠᠭᠠᠨ︾ ᠤ ᠬᠢᠴᠢᠶᠡᠯ ᠢ ᠭᠤᠷᠪᠠᠳᠣᠭᠠᠷ ᠣᠨ ᠠᠴᠠ ᠡᠬᠢᠯᠡᠨ ᠨᠡᠭᠡᠭᠡᠵᠦ᠂ ᠭᠠᠷᠠᠭ | ᠪᠦᠷᠢ 2 ᠬᠢᠴᠢᠶᠡᠯ ᠤᠨ ᠴᠠᠭ ᠲᠣᠬᠢᠷᠠᠭᠤᠯᠣᠨ᠎ᠠ ᠭᠡᠵᠦ ᠳᠣᠳᠣᠷᠬᠠᠢᠢᠯᠠᠪᠠ᠃ ᠡᠨᠡ ᠨᠢ 2009 ᠣᠨ ᠤ 9 | ᠰᠠᠷ᠎ᠠ ᠶᠢᠨ 3 ᠤ ᠡᠳᠦᠷ᠂ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠢᠮ ᠤᠨ ᠳᠠᠷᠣᠮᠠᠯᠯᠠᠨ | ᠲᠠᠷᠬᠠᠭᠠᠭᠰᠠᠨ ︽ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠠᠯᠪᠠᠨ ᠵᠢᠷᠦᠮ ᠤᠨ ᠰᠣᠷᠭᠠᠨ | ᠬᠦᠮᠦᠵᠢᠯ ᠤᠨ ᠬᠢᠴᠢᠶᠡᠯ ᠤᠨ ᠲᠦᠯᠦᠪᠯᠡᠭᠡ︾ ᠳᠣᠳᠣᠷᠠᠬᠢ ︽ᠦᠪᠦᠷ ᠮᠣᠩᠭᠤᠯ ᠤᠨ ᠦᠪᠡᠷᠲᠡᠭᠡᠨ ᠵᠠᠰᠠᠬᠤ | ᠣᠷᠣᠨ ᠤ ᠶᠢᠰᠦᠨ ᠵᠢᠯ ᠤᠨ ᠠᠯᠪᠠᠨ ᠵᠢᠷᠦᠮ ᠤᠨ ᠰᠣᠷᠭᠠᠨ ᠬᠦᠮᠦᠵᠢᠯ ᠤᠨ ᠰᠣᠷᠭᠠᠭᠤᠯᠢ ᠶᠢᠨ ᠬᠢᠴᠢᠶᠡᠯ ᠤᠨ | ᠳᠣᠬᠢᠷᠠᠭᠤᠯᠣᠯᠳᠠ ᠶᠢᠨ ᠬᠦᠰᠦᠨᠦᠭᠲᠦ︾ ᠲᠤᠳᠤᠷᠠᠬᠢ ᠪᠠᠭ᠎ᠠ ᠰᠣᠷᠭᠠᠭᠤᠯᠢ ᠶᠢᠨ ᠭᠤᠷᠪᠠᠳᠣᠭᠠᠷ ᠣᠨ ᠤ ︽ᠰᠢᠨᠵᠢᠯᠡᠬᠦ | ᠣᠬᠠᠭᠠᠨ︾ ᠤ ᠬᠢᠴᠢᠶᠡᠯ ᠤᠨ ᠲᠣᠬᠢᠷᠠᠭᠤᠯᠣᠯᠲᠠ ᠪᠠ ᠬᠢᠴᠢᠶᠡᠯ ᠤᠨ ᠴᠠᠭ ᠤᠨ ᠲᠤᠭ᠎ᠠ ᠲᠠᠢ ᠨᠢᠭᠡᠳᠦᠯᠲᠡᠢ ᠶᠤᠮ᠃ | 2017 ᠣᠨ ᠳᠤ᠂ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠢᠮ ︽ᠰᠣᠷᠭᠠᠨ | ᠬᠦᠮᠦᠵᠢᠯ ᠤᠨ ᠶᠠᠮᠤᠨ ᠤ ︿ᠠᠯᠪᠠᠨ ᠵᠢᠷᠦᠮ ᠤᠨ ᠰᠣᠷᠭᠠᠨ ᠬᠦᠮᠦᠵᠢᠯ ᠤᠨ ᠪᠠᠭ᠎ᠠ ᠰᠣᠷᠭᠠᠭᠤᠯᠢ ᠶᠢᠨ ᠰᠢᠨᠵᠢᠯᠡᠬᠦ | ᠣᠬᠠᠭᠠᠨ ᠤ ᠬᠢᠴᠢᠶᠡᠯ ᠤᠨ ᠪᠠᠷᠢᠮᠵᠢᠶ᠎ᠠ﹀ ᠶᠢ ᠳᠠᠷᠣᠮᠠᠯᠯᠠᠨ ᠲᠠᠷᠬᠠᠭᠠᠬᠤ ᠲᠣᠬᠠᠢ ᠮᠡᠳᠡᠭᠳᠡᠯ︾ ︵ᠦᠪᠦᠷ ᠰᠣᠷᠭᠠᠨ | ᠰᠠᠭᠤᠷᠢ ᠪᠢᠴᠢᠭ ︹2017︺27 ᠳ᠋ᠣᠭᠠᠷ ᠲᠣᠭᠠᠲᠣ︶ ᠢ ᠳᠠᠮᠵᠢᠭᠤᠯᠣᠨ ᠲᠠᠷᠬᠠᠭᠠᠭᠰᠠᠨ ᠤ ᠰᠠᠭᠤᠷᠢᠨ ᠳᠡᠭᠡᠷ᠎ᠡ᠂ | ᠪᠠᠰᠠ ︽ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠮᠣᠩᠭᠤᠯ ᠬᠡᠯᠡ ᠪᠠᠷ ᠬᠢᠴᠢᠶᠡᠯᠯᠡᠬᠦ ︵ᠮᠣᠩᠭᠤᠯ | ᠬᠡᠯᠡ ᠪᠢᠴᠢᠭ ᠨᠡᠮᠡᠵᠦ ᠵᠢᠭᠠᠬᠤ︶ ᠳᠣᠮᠳᠠᠳᠣ ᠪᠠᠭ᠎ᠠ ᠰᠣᠷᠭᠠᠭᠤᠯᠢ ᠶᠢᠨ ᠵᠢᠭᠠᠨ ᠰᠣᠷᠭᠠᠯᠲᠠ ᠳᠤ ᠬᠡᠷᠡᠭᠯᠡᠬᠦ ᠨᠣᠮ ᠤᠨ | ᠭᠠᠷᠴᠠᠭ︾ ᠢ ᠲᠣᠭᠲᠠᠭᠠᠵᠣ᠂ ᠪᠠᠭ᠎ᠠ ᠰᠣᠷᠭᠠᠭᠤᠯᠢ ᠶᠢᠨ ᠨᠢᠭᠡᠳᠦᠭᠡᠷ᠂ ᠬᠤᠶᠠᠳᠣᠭᠠᠷ ᠣᠨ ᠳᠤ ︽ᠰᠢᠨᠵᠢᠯᠡᠬᠦ | ᠣᠬᠠᠭᠠᠨ︾ ᠤ ᠬᠢᠴᠢᠶᠡᠯ ᠤᠨ ᠵᠢᠭᠠᠬᠤ ᠮᠠᠲ᠋ᠧᠷᠢᠶᠠᠯ ᠢ ᠰᠣᠩᠭᠤᠨ ᠵᠠᠬᠢᠶᠠᠯᠠᠵᠤ᠂ ᠰᠣᠷᠭᠠᠭᠤᠯᠢ ᠦᠪᠡᠷᠲᠡᠭᠡᠨ ᠬᠢᠴᠢᠶᠡᠯ | ᠲᠣᠬᠢᠷᠠᠭᠤᠯᠬᠤ ᠪᠣᠯᠣᠨ᠎ᠠ᠂ ᠭᠡᠪᠠᠴᠣ ᠬᠢᠴᠢᠶᠡᠯ ᠤᠨ ᠲᠦᠯᠦᠪᠯᠡᠭᠡ ᠳᠤ ᠣᠷᠣᠭᠤᠯᠬᠤ ᠬᠠᠳᠠᠭᠤ ᠱᠠᠭᠠᠷᠳᠠᠯᠭ᠎ᠠ ᠦᠭᠡᠢ᠃ | ᠣᠳᠣᠬᠠᠨ ᠳᠤ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠢᠮ ᠨᠢᠭᠡᠨᠲᠡ ᠡᠯ᠎ᠡ ᠭᠠᠵᠠᠷ ᠤᠨ | ᠡᠯ᠎ᠡ ᠰᠣᠷᠭᠠᠭᠤᠯᠢ ᠶᠢᠨ ᠵᠠᠬᠢᠶᠠᠯᠠᠭᠰᠠᠨ ᠲᠦᠯᠦᠪᠯᠡᠭᠡ ᠶᠣᠰᠣᠭᠠᠷ᠂ ᠬᠢᠴᠢᠶᠡᠯᠯᠡᠬᠦ ᠠᠴᠠ ᠡᠮᠦᠨ᠎ᠡ ᠬᠢᠴᠢᠶᠡᠯ ᠤᠨ | ᠪᠢᠴᠢᠭ ᠢ ᠬᠦᠷᠭᠡᠵᠦ ᠦᠭᠬᠦᠭᠰᠡᠨ ᠪᠦᠭᠡᠳ ︽ᠰᠢᠨᠵᠢᠯᠡᠬᠦ ᠣᠬᠠᠭᠠᠨ︾ ᠤ ᠵᠢᠭᠠᠬᠤ ᠮᠠᠲ᠋ᠧᠷᠢᠶᠠᠯ ᠳᠤ ᠬᠤᠪᠢᠷᠠᠯᠲᠠ | ᠦᠭᠡᠢ᠃ | 18. ᠠᠰᠠᠭᠤᠯᠲᠠ᠄ ᠰᠣᠷᠭᠠᠭᠤᠯᠢ ᠳᠤ ᠬᠤᠥᠰ ᠬᠡᠯᠡ ᠪᠠᠷ ᠬᠢᠴᠢᠶᠡᠯᠯᠡᠬᠦ ᠪᠠᠭᠰᠢ ᠳᠣᠲᠠᠭᠳᠠᠵᠤ ᠪᠠᠶᠢᠪᠠᠯ᠂ | ᠣᠷᠣᠨ ᠲᠣᠭᠠᠨ ᠤ ᠠᠰᠠᠭᠤᠳᠠᠯ ᠢ ᠨᠢ ᠬᠡᠷᠬᠢᠨ ᠲᠦᠷᠭᠡᠬᠡᠨ ᠰᠢᠢᠳᠪᠦᠷᠢᠯᠡᠬᠦ ᠪᠣᠢ︖ | ᠬᠠᠷᠢᠭᠤᠯᠲᠠ᠄ ᠰᠣᠷᠭᠠᠭᠤᠯᠢ ᠳᠤ ᠬᠤᠥᠰ ᠬᠡᠯᠡ ᠪᠠᠷ ᠬᠢᠴᠢᠶᠡᠯᠯᠡᠬᠦ ᠪᠠᠭᠰᠢ ᠳᠣᠲᠠᠭᠳᠠᠵᠣ ᠪᠠᠶᠢᠭ᠎ᠠ | ᠠᠰᠠᠭᠤᠳᠠᠯ ᠢ᠂ ᠡᠯ᠎ᠡ ᠠᠶᠢᠮᠠᠭ ᠬᠤᠳᠠ ᠠᠵᠢᠯ ᠦᠢᠯᠡᠰ ᠤᠨ ᠣᠷᠣᠨ ᠲᠤᠭ᠎ᠠ ᠶᠢ ᠨᠢᠭᠡᠳᠦᠯᠲᠡᠢ ᠲᠦᠯᠦᠪᠵᠢᠭᠦᠯᠵᠦ᠂ | ᠰᠢᠯᠭᠠᠵᠤ ᠡᠯᠰᠡᠬᠦ ᠬᠡᠯᠪᠡᠷᠢ ᠪᠠᠷ᠂ ᠬᠤᠥᠰ ᠬᠡᠯᠡ ᠪᠠᠷ ᠬᠢᠴᠢᠶᠡᠯᠯᠡᠬᠦ ᠪᠠᠭᠰᠢ ᠶᠢᠨ ᠣᠷᠣᠨ ᠲᠤᠭ᠎ᠠ ᠳᠣᠳᠠᠭᠳᠠᠵᠣ | ᠪᠠᠶᠢᠭ᠎ᠠ ᠠᠰᠠᠭᠤᠳᠠᠯ ᠢ ᠲᠦᠷᠭᠡᠬᠡᠨ ᠰᠢᠢᠳᠪᠦᠷᠢᠯᠡᠬᠦ ᠪᠣᠯᠣᠨ᠎ᠡ᠃ | 19. ᠠᠰᠠᠭᠤᠯᠲᠠ᠄ ᠣᠳᠣᠬᠠᠨ ᠳᠤ᠂ ᠮᠠᠨ ᠤ ᠤᠷᠤᠨ ᠤ ᠬᠤᠥᠰ ᠬᠡᠯᠡᠨ ᠤ ᠬᠡᠯᠡ ᠪᠢᠴᠢᠭ ᠤᠨ | ᠪᠠᠭᠰᠢ ᠶᠢᠨ ᠬᠢᠲᠠᠳ ᠬᠡᠯᠡᠨ ᠤ ᠬᠢᠷᠢ ᠬᠡᠮᠵᠢᠶ᠎ᠡ ᠨᠢ ᠨᠡᠶᠢᠳᠡᠮ ᠦᠨᠳᠦᠷ ᠪᠢᠰᠢ᠂ ᠬᠡᠳᠦ᠋ᠢᠪᠡᠷ ᠣᠬᠤᠷ ᠬᠤᠭᠤᠴᠠᠭᠠᠨ ᠤ | ᠪᠣᠯᠪᠠᠰᠣᠷᠠᠯ ᠳᠤ ᠣᠷᠣᠯᠴᠠᠭᠰᠠᠨ ᠴᠤ᠂ ᠮᠦᠨ ᠯᠠ ᠵᠢᠭᠠᠨ ᠰᠣᠷᠭᠠᠬᠤ ᠬᠦᠴᠢᠷᠳᠡᠯ ᠶᠡᠭᠡ ᠭᠡᠮᠡᠨ ᠦᠵᠡᠵᠦ ᠪᠣᠢ᠂ | ᠵᠢᠭᠠᠨ ᠰᠣᠷᠭᠠᠯᠲᠠ ᠶᠢᠨ ᠬᠢᠷᠢ ᠪᠦᠲᠦᠮᠵᠢ ᠨᠢ ᠰᠠᠶᠢᠨ ᠪᠣᠰᠣ ᠪᠣᠯ ᠴᠠᠯᠢᠩ ᠣᠯᠭᠤᠮᠵᠢ ᠶᠢ ᠨᠢ ᠨᠦᠯᠦᠭᠡᠯᠡᠬᠦ ᠦᠦ︖ | ᠬᠠᠷᠢᠭᠤᠯᠲᠠ᠄ ᠣᠳᠣᠬᠠᠨ ᠳᠤ᠂ ᠦᠪᠡᠷᠲᠡᠭᠡᠨ ᠵᠠᠰᠠᠬᠤ ᠣᠷᠣᠨ ᠠᠴᠠ ᠨᠢᠭᠡᠨᠲᠡ ᠲᠣᠰᠬᠠᠢ ᠮᠡᠷᠭᠡᠵᠢᠯᠲᠡᠨ ᠤ | ᠡᠩᠨᠡᠭᠡ ᠵᠣᠬᠢᠶᠠᠨ ᠪᠠᠶᠢᠭᠤᠯᠵᠣ ᠣᠯᠣᠰ ᠤᠨ ᠨᠢᠭᠡᠳᠦᠯᠲᠡᠢ ᠨᠠᠶᠢᠷᠠᠭᠤᠯᠣᠭᠰᠠᠨ ᠬᠡᠯᠡ ᠪᠢᠴᠢᠭ ᠤᠨ ᠵᠢᠭᠠᠬᠤ | ᠮᠠᠲ᠋ᠧᠷᠢᠶᠠᠯ ᠢ ᠵᠠᠳᠠᠯᠬᠤ ᠠᠵᠢᠯ ᠢ ᠦᠷᠨᠢᠭᠦᠯᠦᠭᠰᠡᠨ ᠪᠦᠭᠡᠳ ᠵᠢᠭᠠᠬᠤ ᠮᠠᠲ᠋ᠧᠷᠢᠶᠠᠯ ᠢ ᠨᠠᠶᠢᠷᠠᠭᠤᠯᠣᠨ ᠪᠢᠴᠢᠬᠦ | ᠰᠢᠰᠲ᠋ᠧᠮ ᠪᠣᠯᠣᠨ ᠪᠦᠲᠦᠴᠡ ᠠᠭᠤᠯᠭ᠎ᠠ ᠶᠢ ᠨᠢ ᠦᠨᠳᠦᠰᠦᠯᠡᠨ ᠬᠡᠰᠡᠭ ᠪᠦᠯᠦᠭ ᠬᠤᠪᠢᠶᠠᠵᠤ ᠵᠢᠭᠠᠨ | ᠰᠣᠷᠭᠠᠯᠲᠠ ᠶᠢᠨ ᠵᠢᠯᠤᠭᠤᠳᠬᠤ ᠰᠠᠨᠠᠯ ᠲᠣᠭᠲᠠᠭᠠᠵᠣ᠂ ᠵᠢᠭᠠᠨ ᠰᠣᠷᠭᠠᠬᠤ ᠬᠠᠷᠠᠯᠲᠠ ᠶᠢ ᠰᠢᠨᠵᠢᠯᠡᠬᠦ ᠣᠬᠠᠭᠠᠨᠴᠢ ᠪᠠᠷ | ᠲᠣᠭᠲᠠᠭᠠᠬᠤ ᠶᠢᠨ ᠬᠠᠮᠲᠣ᠂ ᠪᠠᠭᠰᠢ ᠶᠢᠨ ᠪᠣᠯᠪᠠᠰᠣᠷᠠᠯ ᠢ ᠪᠠᠶᠢᠩᠭᠤᠵᠢᠭᠤᠯᠣᠨ ᠴᠢᠩᠭᠠᠳᠬᠠᠵᠤ᠂ ᠵᠣᠩᠭᠢᠯᠠᠬᠤ | ᠣᠯᠠᠩᠬᠢ ᠪᠠᠭᠰᠢ ᠶᠢᠨ ᠵᠢᠭᠠᠨ ᠰᠣᠷᠭᠠᠬᠤ ᠠᠵᠢᠯ ᠢᠶᠠᠨ ᠡᠭᠦᠷᠭᠡᠯᠡᠵᠦ ᠳᠡᠶᠢᠯᠬᠦ ᠶᠢ ᠦᠨᠡᠨᠬᠦ ᠪᠠᠲᠣᠯᠠᠬᠤ ᠪᠠᠷ ᠪᠠᠶᠢᠨ᠎ᠠ᠃ | | ᠪᠣᠯᠪᠠᠰᠣᠷᠠᠭᠤᠯᠣᠭᠰᠠᠨ ᠤ ᠳᠠᠷᠠᠭ᠎ᠠ ᠴᠦ ᠵᠢᠭᠠᠨ ᠰᠣᠷᠭᠠᠬᠤ ᠳᠤ ᠬᠦᠴᠢᠷᠳᠡᠵᠦ᠂ ᠣᠯᠣᠰ ᠤᠨ ᠨᠢᠭᠡᠳᠦᠯᠲᠡᠢ | ᠨᠠᠶᠢᠷᠠᠭᠤᠯᠣᠭᠰᠠᠨ ︽ᠬᠡᠯᠡ ᠪᠢᠴᠢᠭ︾ ᠤᠨ ᠵᠢᠭᠠᠨ ᠰᠣᠷᠭᠠᠯᠲᠠ ᠶᠢᠨ ᠱᠠᠭᠠᠷᠳᠠᠯᠭ᠎ᠠ ᠶᠢ ᠲᠦᠷ ᠪᠡᠶᠡᠯᠡᠭᠦᠯᠬᠦ ᠳᠡᠶᠢᠯᠬᠦ | ᠦᠭᠡᠢ ᠪᠠᠭᠰᠢ ᠶᠢ ᠦᠪᠡᠷ ᠤᠨ ᠬᠢᠨᠢ ᠬᠦᠰᠡᠯ ᠰᠤᠩᠭᠤᠯᠳᠠ ᠶᠢ ᠬᠦ᠋ᠨᠳᠦᠳᠭᠡᠵᠦ᠂ ᠰᠣᠷᠣᠯᠴᠠᠯᠭ᠎ᠠ ᠪᠣᠯᠪᠠᠰᠣᠷᠠᠯ | ᠲᠣᠬᠢᠷᠠᠭᠤᠯᠣᠨ ᠦᠭᠴᠦ᠂ ᠪᠠᠭᠰᠢ ᠶᠢᠨ ᠠᠵᠢᠯᠲᠠᠨ ᠤ ᠶᠠᠪᠣᠳᠠᠯ ᠤᠨ ᠬᠢᠷᠢ ᠭᠡᠮ᠂ ᠲᠤᠰᠢᠶᠠᠯ ᠮᠡᠷᠭᠡᠵᠢᠯ ᠤᠨ ᠴᠣᠯᠠ᠂ | ᠴᠠᠯᠢᠩ ᠣᠯᠭᠤᠮᠵᠢ ᠵᠡᠷᠭᠡ ︽ᠭᠤᠷᠪᠠ ᠶᠢ ᠬᠤᠪᠢᠷᠠᠭᠤᠯᠬᠤ ᠦᠭᠡᠢ︾ ᠪᠠᠶᠢᠬᠤ ᠶᠢ ᠦᠨᠡᠨᠬᠦ ᠪᠠᠲᠣᠯᠠᠵᠣ᠂ | ᠦᠨᠳᠦᠰᠦᠲᠡᠨ ᠤ ᠦᠭᠡ ᠬᠡᠯᠡ ᠦᠰᠦᠭ ᠪᠢᠴᠢᠭ ᠢᠶᠠᠷ ᠬᠢᠴᠢᠶᠡᠯᠯᠡᠬᠦ ᠪᠠᠭᠰᠢ ᠶᠢᠨ ᠬᠠᠥᠯᠢ ᠶᠣᠰᠣᠨ ᠤ ᠡᠷᠬᠡ | ᠠᠰᠢᠭ ᠢ ᠦᠨᠡᠨᠬᠦ ᠪᠠᠲᠣᠯᠠᠨ᠎ᠠ᠃ | 20. ᠠᠰᠠᠭᠤᠯᠲᠠ᠄ ᠰᠣᠨᠣᠰᠣᠯᠳᠠ ᠪᠠᠷ᠂ ᠦᠪᠡᠷᠲᠡᠭᠡᠨ ᠵᠠᠰᠠᠬᠤ ᠣᠷᠤᠨ ᠤ ᠰᠣᠷᠭᠠᠨ ᠬᠦᠮᠦᠵᠢᠯ ᠤᠨ | ᠲᠢᠩᠬᠢᠮ ᠠᠴᠠ ᠮᠣᠩᠭᠤᠯ ᠬᠢᠲᠠᠳ ᠬᠤᠥᠰ ᠬᠡᠯᠡᠨ ᠤ ᠪᠠᠭᠰᠢ ᠶᠢ ᠬᠠᠪᠰᠣᠷᠣᠨ ᠵᠢᠯᠣᠭᠤᠳᠣᠭᠴᠢ ᠪᠤᠯᠭᠠᠬᠤ ᠭᠡᠵᠦ | ᠪᠠᠶᠢᠨ᠎ᠠ ᠭᠡᠨ᠎ᠡ᠂ ᠢᠩᠬᠢᠬᠦ ᠳᠤ ᠬᠦᠷᠪᠡᠯ ᠵᠢᠭᠠᠨ ᠰᠤᠷᠭᠠᠬᠤ ᠠᠭᠤᠯᠭ᠎ᠠ ᠶᠢ ᠨᠡᠮᠡᠭᠳᠡᠭᠦᠯᠬᠦ ᠪᠣᠯᠣᠨ᠎ᠠ᠂ ᠪᠠᠭᠰᠢ ᠨᠠᠷ ᠤᠨ | ᠤᠯᠭᠤᠮᠵᠢ ᠳᠤ ᠶᠠᠮᠠᠷ ᠬᠤᠪᠢᠷᠠᠯᠲᠠ ᠲᠠᠢ ᠪᠣᠢ︖ | ᠬᠠᠷᠢᠭᠤᠯᠲᠠ᠄ ᠦᠪᠡᠷᠲᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠠᠴᠠ ᠡᠯ᠎ᠡ ᠠᠶᠢᠮᠠᠭ | ᠬᠤᠲᠠ ᠶᠢᠨ ᠰᠣᠷᠭᠠᠨ ᠬᠦᠮᠦᠵᠢᠯ ᠤᠨ ᠰᠠᠯᠠᠭ᠎ᠠ ᠮᠦᠴᠢᠷ ᠢ ᠱᠠᠭᠠᠷᠳᠠᠭᠰᠠᠨ ᠨᠢ᠂ ᠲᠤᠰ ᠭᠠᠵᠠᠷ ᠤᠨ ᠢᠶᠠᠨ ᠪᠤᠳᠠᠳᠤ | ᠪᠠᠶᠢᠳᠠᠯ ᠲᠠᠢ ᠪᠠᠨ ᠤᠶᠠᠯᠳᠣᠭᠤᠯᠵᠤ᠂ ᠬᠤᠤᠰ ᠬᠡᠯᠡᠨ ᠤ ᠪᠠᠭᠰᠢ ᠶᠢ ᠰᠢᠯᠭᠠᠨ ᠦᠨᠡᠯᠡᠵᠦ᠂ ᠭᠡᠷᠡᠴᠢᠯᠡᠵᠦ᠂ | ᠮᠡᠷᠭᠡᠵᠢᠯ ᠤᠨ ᠴᠣᠯᠠ ᠬᠢᠨᠠᠨ ᠲᠤᠭᠳᠠᠭᠠᠬᠤ᠂ ᠠᠮᠵᠢᠯᠳᠠ ᠪᠦᠳᠦᠮᠵᠢ ᠶᠢᠨ ᠴᠠᠯᠢᠩ ᠬᠦᠯᠦᠰᠦ ᠶᠢ ᠲᠤᠭᠲᠠᠭᠠᠬᠤ ᠵᠡᠷᠭᠡ | ᠲᠠᠯ᠎ᠠ ᠪᠠᠷ ᠵᠤᠷᠢᠭᠵᠢᠭᠤᠯᠬᠤ ᠲᠦᠷᠦ ᠶᠢᠨ ᠪᠤᠳᠤᠯᠭ᠎ᠠ ᠶᠢ ᠲᠤᠭᠲᠠᠭᠠᠵᠣ ᠪᠣᠯᠣᠨ᠎ᠠ᠃ ᠬᠢᠴᠢᠶᠡᠯ ᠤᠨ ᠭᠠᠳᠠᠭᠤᠷ | ᠬᠠᠪᠰᠤᠷᠤᠨ ᠵᠢᠯᠤᠭᠤᠳᠬᠤ ᠠᠴᠠ ᠪᠤᠯᠵᠤ ᠨᠡᠮᠡᠭᠳᠡᠭᠰᠡᠨ ᠵᠢᠭᠠᠨ ᠰᠤᠷᠭᠠᠬᠤ ᠡᠭᠦᠷᠭᠡ ᠳᠤ᠂ ᠢᠯᠡᠭᠦᠦ ᠬᠦᠳᠡᠯᠮᠦᠷᠢᠯᠡᠪᠡᠯ | ᠢᠯᠡᠭᠦᠦ ᠤᠯᠭᠤᠬᠤ ᠵᠠᠷᠴᠢᠮ ᠢ ᠪᠠᠷᠢᠮᠲᠠᠯᠠᠵᠤ᠂ ᠬᠠᠪᠰᠤᠷᠤᠨ ᠵᠢᠯᠤᠭᠤᠳᠤᠭᠰᠠᠨ ᠬᠢᠴᠢᠶᠡᠯ ᠤᠨ ᠴᠠᠭ ᠢ ᠪᠠᠭᠰᠢ ᠶᠢᠨ | ᠵᠢᠭᠠᠨ ᠰᠤᠷᠭᠠᠬᠤ ᠠᠵᠢᠯ ᠤᠨ ᠠᠮᠵᠢᠯᠲᠠ ᠪᠦᠳᠦᠮᠵᠢ ᠶᠢ ᠬᠢᠨᠠᠨ ᠰᠢᠯᠭᠠᠬᠤ ᠬᠡᠮᠵᠢᠶ᠎ᠡ ᠳᠤ ᠪᠤᠳᠤᠵᠤ ᠤᠷᠤᠭᠤᠯᠤᠨ᠎ᠠ᠃ | ᠪᠠᠭᠰᠢ ᠶᠢᠨ ᠰᠢᠪᠬᠠᠭᠰᠠᠨ ᠬᠦᠴᠦ ᠬᠦᠳᠡᠯᠮᠦᠷᠢ ᠪᠠ ᠬᠠᠶᠢᠷ᠎ᠠ ᠰᠡᠳᠬᠢᠯᠭᠡ ᠨᠢ᠂ ᠰᠤᠷᠤᠭᠴᠢᠳ ᠤᠨ ᠨᠢᠭᠡ ᠨᠠᠰᠤᠨ ᠤ | ᠣᠷᠣᠭᠰᠢᠯᠠᠨ ᠲᠠᠪᠰᠢᠬᠤ ᠬᠦᠳᠡᠯᠭᠡᠭᠦ ᠬᠦᠴᠦᠨ ᠪᠤᠯᠳᠠᠭ ᠲᠤᠯᠠ᠂ ᠪᠢᠳᠡ ᠬᠠᠮᠳᠤᠪᠠᠷ ᠭᠠᠷ ᠭᠠᠷ ᠢᠶᠠᠨ ᠬᠤᠯᠪᠣᠯᠴᠠᠨ | ᠤᠯᠤᠰ ᠤᠨ ᠨᠡᠶᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ ᠵᠢᠭᠠᠨ ᠰᠤᠷᠭᠠᠯᠲᠠ ᠶᠢ ᠴᠢᠩᠭᠠᠳᠬᠠᠵᠤ᠂ | ᠴᠦᠭᠡᠨ ᠲᠤᠭᠠᠳᠤ ᠦᠨᠳᠦᠰᠦᠳᠡᠨ ᠤ ᠰᠤᠷᠤᠭᠴᠢᠳ ᠲᠤ ︽ᠭᠠᠷᠴᠦ ᠣᠴᠢᠨ︾᠂ ᠤᠳᠤ ᠦᠶ᠎ᠡ ᠶᠢᠨ ᠪᠤᠯᠪᠠᠰᠤᠨ ᠤ | ᠦᠷ᠎ᠡ ᠪᠦᠳᠦᠭᠡᠯ ᠢ ᠬᠠᠮᠳᠤᠪᠠᠷ ᠡᠳ᠋ᠯᠡᠬᠦ ᠳᠤᠬᠢᠶᠠᠯ ᠡᠭᠦᠳᠴᠦ ᠦᠭᠭᠦᠶ᠎ᠡ᠃ | 21. ᠠᠰᠠᠭᠤᠯᠲᠠ᠄ ᠦᠩᠭᠡᠷᠡᠭᠰᠡᠨ ᠤ ᠮᠠᠨ ᠤ ᠤᠷᠤᠨ ᠤ ᠦᠨᠳᠦᠰᠦᠳᠡᠨ ᠤ ᠬᠡᠯᠡ ᠪᠠᠷ ᠬᠢᠴᠢᠶᠡᠯᠯᠡᠵᠤ | ᠪᠠᠶᠢᠭᠰᠠᠨ ︽ᠶᠤᠰᠤ ᠰᠤᠷᠳᠠᠬᠤᠨ ᠬᠢᠭᠡᠳ ᠬᠠᠥᠯᠢ ᠪᠠᠷ ᠵᠠᠰᠠᠬᠤ︾᠂ ︽ᠲᠡᠥᠭᠡ︾ ᠶᠢᠨ ᠵᠢᠭᠠᠬᠤ ᠮᠠᠲ᠋ᠧᠷᠢᠶᠠᠯ ᠨᠢ | ᠤᠯᠤᠰ ᠤᠨ ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ᠮᠤᠩᠭᠤᠯ ᠬᠡᠯᠡᠨ ᠤ ᠤᠷᠴᠢᠭᠤᠯᠭ᠎ᠠ ᠶᠢᠨ | ᠬᠡᠪᠯᠡᠯ ᠪᠤᠯᠣᠨ᠎ᠠ᠂ ᠲᠠᠷᠠᠭᠠᠴᠢ ᠶᠢᠨ ᠠᠯᠬᠤᠮ ᠳᠤ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠪᠠᠷ ᠵᠢᠭᠠᠨ | ᠰᠤᠷᠭᠠᠬᠤ ᠪᠣᠯᠬᠤᠷ᠂ ᠤᠳᠤ ᠪᠠᠶᠢᠭ᠎ᠠ ᠪᠠᠭᠰᠢ ᠶᠢᠨ ᠡᠩᠨᠡᠭᠡ ᠨᠢ ᠵᠢᠭᠠᠨ ᠰᠤᠷᠭᠠᠬᠤ ᠬᠦᠴᠢᠷᠳᠡᠯ ᠶᠡᠭᠡ ᠪᠣᠯᠵᠣ᠂ | ᠵᠢᠭᠠᠨ ᠰᠤᠷᠭᠠᠬᠤ ᠶᠠᠰᠤ ᠴᠢᠨᠠᠷ ᠠᠨᠠᠢ ᠪᠣᠯᠵᠣ᠂ ᠠᠵᠢᠯ ᠤᠨ ᠪᠠᠶᠢᠷᠢ ᠶᠢᠨ ᠬᠡᠷᠡᠭᠴᠡᠭᠡ ᠳᠤ ᠪᠠᠨ ᠦᠯᠦ ᠨᠡᠶᠢᠴᠡᠵᠦ᠂ | ᠵᠢᠭᠠᠨ ᠰᠤᠷᠭᠠᠬᠤ ᠲᠤᠬᠢᠶᠠᠯ ᠢᠶᠠᠨ ᠠᠯᠳᠠᠬᠤ ᠠᠴᠠ ᠰᠠᠨᠠᠭᠠᠰᠢᠷᠠᠵᠤ ᠪᠠᠶᠢᠨ᠎ᠠ᠃ ᠡᠨᠡ ᠠᠰᠠᠭᠤᠳᠠᠯ ᠢ ᠶᠠᠭᠠᠬᠢᠵᠤ | ᠰᠢᠢᠳᠪᠦᠷᠢᠯᠡᠬᠦ ᠪᠤᠢ︖ | ᠬᠠᠷᠢᠭᠤᠯᠲᠠ᠄ ᠪᠠᠭᠰᠢ ᠪᠤᠯ ᠰᠤᠷᠭᠠᠭᠤᠯᠢ ᠶᠢᠨ ᠰᠤᠷᠭᠠᠨ ᠬᠦᠮᠦᠵᠢᠯ ᠵᠢᠭᠠᠨ ᠰᠤᠷᠭᠠᠯᠲᠠ ᠶᠢᠨ | ᠵᠠᠩᠬᠢᠯᠠᠭ᠎ᠠ ᠶᠢᠨ ᠪᠠᠲᠤᠯᠠᠭ᠎ᠠ ᠪᠣᠯᠣᠨ᠎ᠠ᠃ ᠤᠯᠤᠰ ᠤᠨ ᠨᠢᠭᠡᠳᠦᠯᠲᠡᠢ ᠨᠠᠶᠢᠷᠠᠭᠤᠯᠤᠭᠰᠠᠨ ︽ᠶᠤᠰᠤ ᠰᠤᠷᠳᠠᠬᠤᠨ | ᠬᠢᠭᠡᠳ ᠬᠠᠥᠯᠢ ᠪᠠᠷ ᠵᠠᠰᠠᠬᠤ︾ ᠪᠠ ︽ᠲᠡᠥᠭᠡ︾ ᠶᠢᠨ ᠵᠢᠭᠠᠬᠤ ᠮᠠᠲ᠋ᠧᠷᠢᠶᠠᠯ ᠢ ᠬᠡᠷᠡᠭᠯᠡᠬᠦ ᠶᠢᠨ ᠬᠠᠮᠳᠣ ᠤᠯᠤᠰ ᠤᠨ | ᠨᠡᠶᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠬᠢᠴᠢᠶᠡᠯᠯᠡᠭᠰᠡᠨ ᠤ ᠳᠠᠷᠠᠭ᠎ᠠ᠂ ᠨᠢᠭᠡ ᠪᠦᠯᠦᠭ ᠪᠠᠭᠰᠢ | ᠬᠢᠴᠢᠶᠡᠯᠯᠡᠬᠦ ᠬᠡᠯᠡ ᠪᠠᠨ ᠬᠤᠪᠢᠷᠠᠭᠤᠯᠣᠭᠰᠠᠨ ᠠᠴᠠ ᠪᠣᠯᠵᠣ᠂ ᠵᠢᠭᠠᠨ ᠰᠤᠷᠭᠠᠯᠲᠠ ᠶᠢᠨ ᠦᠷ᠎ᠡ ᠪᠦᠳᠦᠮᠵᠢ ᠶᠢ ᠨᠢ | ᠨᠦᠯᠦᠭᠡᠯᠡᠬᠦ ᠨᠢ ᠵᠠᠶᠢᠯᠠᠰᠢ ᠦᠭᠡᠢ᠂ ᠴᠢᠨᠠᠭᠰᠢᠯᠠᠪᠠᠯ ᠵᠠᠷᠢᠮ ᠪᠠᠭᠰᠢ ᠲᠦᠷ ᠴᠠᠭ ᠠᠵᠢᠯ ᠤᠨ ᠪᠠᠶᠢᠷᠢ ᠳᠤ ᠭᠠᠷᠴᠤ | ᠵᠢᠭᠠᠨ ᠰᠣᠷᠭᠠᠬᠤ ᠠᠵᠢᠯ ᠢ ᠬᠢᠵᠦ ᠲᠡᠶᠢᠯᠬᠦ ᠦᠭᠡᠢ ᠦᠵᠡᠭᠳᠡᠯ ᠭᠠᠷᠬᠤ ᠨᠢ ᠵᠠᠶᠢᠯᠠᠰᠢ ᠦᠭᠡᠢ ᠶᠤᠮ᠃ ᠡᠨᠡᠬᠦ | ᠠᠰᠠᠭᠤᠳᠠᠯ ᠢ ᠭᠤᠤᠯᠳᠠᠭᠤ ᠤᠳᠤ ᠪᠠᠶᠢᠭ᠎ᠠ ᠪᠠᠭᠰᠢ ᠨᠠᠷ ᠢ ᠪᠤᠯᠪᠠᠰᠤᠷᠠᠭᠤᠯᠵᠤ᠂ ᠰᠢᠨ᠎ᠡ ᠪᠠᠭᠰᠢ ᠨᠦᠬᠦᠪᠦᠷᠢᠯᠡᠬᠦ ᠪᠠ | ᠬᠤᠤᠰ ᠬᠡᠯᠡᠨ ᠤ ᠪᠠᠭᠰᠢ ᠶᠢ ᠬᠦᠮᠦᠵᠢᠭᠦᠯᠭᠦ ᠶᠢ ᠴᠢᠩᠭᠠᠳᠬᠠᠬᠤ ᠵᠡᠷᠭᠡ ᠠᠷᠭ᠎ᠠ ᠪᠠᠷ ᠰᠢᠢᠳᠪᠦᠷᠢᠯᠡᠨ᠎ᠡ᠃ | ᠦᠪᠡᠷᠳᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠶᠠᠭ ᠭᠤᠷᠪᠠᠨ ᠬᠢᠴᠢᠶᠡᠯ ᠲᠦᠷᠦᠯ ᠤᠨ | ᠨᠢᠭᠡᠲᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ᠪᠠᠭᠰᠢ ᠶᠢ ᠪᠤᠯᠪᠠᠰᠤᠷᠠᠭᠤᠯᠬᠤ ︽ᠭᠤᠷᠪᠠᠨ ᠵᠢᠯ ᠤᠨ | ᠲᠦᠯᠦᠪᠯᠡᠭᠡ︾ ᠶᠢ ᠲᠤᠭᠲᠠᠭᠠᠵᠤ ᠪᠤᠢ᠃ ᠨᠢᠭᠡ ᠨᠢ ᠡᠨᠡ ᠵᠢᠯ ᠠᠴᠠ ᠡᠬᠢᠯᠡᠨ᠂ ᠤᠳᠤ ᠪᠠᠶᠢᠭ᠎ᠠ ᠪᠠᠭᠰᠢ ᠨᠠᠷ ᠢ | ᠰᠤᠷᠭᠠᠭᠤᠯᠢ ᠳᠠᠭᠠᠨ ᠦᠪᠡᠷ ᠢᠶᠠᠨ ᠪᠤᠯᠪᠠᠰᠤᠷᠠᠭᠤᠯᠬᠤ᠂ ᠲᠦᠪᠯᠡᠷᠡᠭᠦᠯᠦᠨ ᠪᠤᠯᠪᠠᠰᠤᠷᠠᠭᠤᠯᠬᠤ᠂ ᠭᠤᠤᠯᠯᠠᠭᠴᠢ | ᠪᠠᠭᠰᠢ ᠶᠢ ᠪᠤᠯᠪᠠᠰᠤᠷᠠᠭᠤᠯᠬᠤ ᠵᠡᠷᠭᠡ ᠠᠷᠭ᠎ᠠ ᠬᠡᠯᠪᠡᠷᠢ ᠪᠠᠷ ᠲᠠᠮᠵᠢᠭᠤᠯᠤᠨ ᠵᠢᠭᠠᠬᠤ ᠮᠠᠲ᠋ᠧᠷᠢᠶᠠᠯ᠂ ᠬᠢᠴᠢᠶᠡᠯ ᠤᠨ | ᠪᠠᠷᠢᠮᠵᠢᠶ᠎ᠠ᠂ ᠵᠢᠭᠠᠨ ᠰᠤᠷᠭᠠᠬᠤ ᠠᠷᠭ᠎ᠠ ᠪᠠ ᠪᠠᠷᠢᠮᠵᠢᠶ᠎ᠠ ᠬᠡᠯᠡ ᠵᠡᠷᠭᠡ ᠪᠠᠷ ᠭᠤᠤᠯ ᠠᠭᠤᠯᠭ᠎ᠠ ᠪᠤᠯᠭᠠᠭᠰᠠᠨ ᠲᠤᠰᠬᠠᠢ | ᠪᠤᠯᠪᠠᠰᠤᠷᠠᠯ ᠬᠦ᠋ᠷᠳᠡᠭᠡᠵᠦ᠂ ᠤᠳᠤ ᠪᠠᠶᠢᠭ᠎ᠠ ᠪᠠᠭᠰᠢ ᠨᠠᠷ ᠤᠨ ᠤᠯᠤᠰ ᠤᠨ ᠨᠡᠶᠢᠲᠡᠮ ᠬᠡᠷᠡᠭᠯᠡᠬᠦ ᠦᠭᠡ ᠬᠡᠯᠡ ᠦᠰᠦᠭ | ᠪᠢᠴᠢᠭ ᠢᠶᠠᠷ ᠵᠢᠭᠠᠨ ᠰᠤᠷᠭᠠᠬᠤ ᠴᠢᠳᠠᠪᠤᠷᠢ ᠪᠠ ᠬᠢᠷᠢ ᠲᠦᠪᠰᠢᠨ ᠤ ᠲᠡᠭᠡᠭᠰᠢᠯᠡᠯᠲᠡ ᠶᠢ ᠠᠬᠢᠭᠤᠯᠵᠤ᠂ ᠨᠡᠩ ᠤᠯᠠᠨ | ᠪᠠᠭᠰᠢ ᠶᠢ ᠵᠢᠭᠠᠨ ᠰᠤᠷᠭᠠᠬᠤ ᠠᠵᠢᠯ ᠢᠶᠠᠨ ᠡᠭᠦᠷᠭᠡᠯᠡᠵᠤ ᠲᠡᠶᠢᠯᠭᠦ ᠪᠤᠯᠭᠠᠨ᠎ᠠ᠃ ᠬᠤᠶᠠᠷ ᠨᠢ ᠤᠨᠴᠠᠭᠠᠢ ᠠᠵᠢᠯ ᠤᠨ | ᠪᠠᠶᠢᠷᠢ ᠶᠢᠨ ᠪᠠᠭᠰᠢ ᠶᠢᠨ ᠲᠤᠰᠬᠠᠢ ᠲᠦᠯᠦᠪᠯᠡᠭᠡ ᠲᠤᠭᠲᠠᠭᠠᠬᠤ ᠪᠠ ᠭᠤᠷᠪᠠᠨ ᠬᠢᠴᠢᠶᠡᠯ ᠲᠦᠷᠦᠯ ᠤᠨ ᠨᠢᠭᠡᠳᠦᠯᠲᠡᠢ | ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ᠪᠠᠭᠰᠢ ᠶᠢᠨ ︽ᠬᠦᠳᠡᠯᠦᠩᠬᠦᠢ ᠤᠷᠤᠨ ᠲᠤᠭ᠎ᠠ︾ ᠨᠡᠮᠡᠵᠤ | ᠲᠤᠬᠢᠷᠠᠭᠤᠯᠬᠤ ᠵᠡᠷᠭᠡ ᠠᠷᠭ᠎ᠠ ᠬᠡᠯᠪᠡᠷᠢ ᠪᠠᠷ ᠲᠠᠮᠵᠢᠭᠤᠯᠤᠨ᠂ ᠭᠤᠷᠪᠠᠨ ᠬᠢᠴᠢᠶᠡᠯ ᠲᠦᠷᠦᠯ ᠤᠨ ᠬᠤᠤᠰ ᠬᠡᠯᠡᠨ ᠤ | ᠪᠠᠭᠰᠢ ᠶᠢ ᠢᠯᠡ ᠪᠠᠷ ᠤᠷᠢᠨ ᠡᠯᠰᠡᠵᠤ᠂ ᠤᠳᠤ ᠪᠠᠶᠢᠭ᠎ᠠ ᠪᠠᠭᠰᠢ ᠶᠢᠨ ᠶᠡᠷᠦᠩᠭᠡᠢ ᠲᠤᠭ᠎ᠠ ᠬᠦᠷᠦᠯᠴᠡᠬᠦ ᠦᠭᠡᠢ | ᠪᠠᠶᠢᠬᠤ ᠠᠰᠠᠭᠤᠳᠠᠯ ᠢ ᠰᠢᠢᠳᠪᠦᠷᠢᠯᠡᠨ᠎ᠡ᠃ ᠭᠤᠷᠪᠠ ᠨᠢ 2021 ᠤᠨ ᠠᠴᠠ ᠡᠬᠢᠯᠡᠨ ᠭᠤᠷᠪᠠᠨ ᠬᠢᠴᠢᠶᠡᠯ | ᠲᠦᠷᠦᠯ ᠤᠨ ᠪᠠᠭᠰᠢ ᠶᠢ ᠦᠪᠡᠷᠳᠡᠭᠡᠨ ᠵᠠᠰᠠᠬᠤ ᠤᠷᠤᠨ ᠤ ︽ᠠᠯᠪᠠᠨ ᠰᠦᠢᠳᠭᠡᠯ ᠤᠨ ᠪᠠᠭᠰᠢ ᠶᠢᠨ | ᠰᠤᠷᠭᠠᠭᠤᠯᠢ ᠶᠢᠨ ᠰᠤᠷᠤᠭᠴᠢ︾ ᠶᠢᠨ ᠲᠤᠰᠬᠠᠢ ᠲᠦᠯᠦᠪᠯᠡᠭᠡ ᠶᠢ ᠬᠡᠷᠡᠭᠵᠢᠭᠦᠯᠵᠦ᠂ ᠭᠤᠷᠪᠠᠨ ᠬᠢᠴᠢᠶᠡᠯ | ᠲᠦᠷᠦᠯ ᠤᠨ ᠬᠤᠤᠰ ᠬᠡᠯᠡᠨ ᠤ ᠪᠠᠭᠰᠢ ᠶᠢ ᠬᠦᠮᠦᠵᠢᠭᠦᠯᠭᠦ ᠡᠷᠴᠢᠮ ᠢᠶᠠᠨ ᠴᠢᠩᠭᠠᠷᠠᠭᠤᠯᠣᠨ᠎ᠠ᠃ ᠲᠦᠷᠪᠡ ᠨᠢ | ᠪᠤᠯᠪᠠᠰᠤᠷᠠᠯ ᠬᠦᠷᠳᠡᠭᠰᠡᠨ ᠤ ᠲᠠᠷᠠᠭ᠎ᠠ ᠮᠦᠨ ᠯᠡ ᠤᠯᠤᠰ ᠤᠨ ᠨᠡᠶᠢᠲᠡᠮ ᠬᠡᠷᠡᠭᠯᠡᠬᠦ ᠦᠭᠡ ᠬᠡᠯᠡ ᠦᠰᠦᠭ | ᠪᠢᠴᠢᠭ ᠢᠶᠠᠷ ᠵᠢᠭᠠᠨ ᠰᠤᠷᠭᠠᠬᠤ ᠠᠵᠢᠯ ᠢ ᠡᠭᠦᠷᠭᠡᠯᠡᠵᠤ ᠲᠡᠶᠢᠯᠬᠦ ᠦᠭᠡᠢ ᠪᠤᠯ ᠪᠠᠭᠰᠢ ᠶᠢᠨ ᠲᠤᠰ ᠬᠦᠮᠦᠨ ᠤ ᠬᠦᠰᠡᠯ | ᠰᠣᠩᠭᠤᠯᠳᠠ ᠶᠢ ᠨᠢ ᠬᠦᠨᠳᠦᠳᠭᠡᠵᠤ᠂ ᠲᠠᠬᠢᠨ ᠬᠤᠪᠢᠶᠠᠷᠢᠯᠠᠬᠤ ᠪᠤᠶᠤ ᠠᠵᠢᠯ ᠤᠨ ᠪᠠᠶᠢᠷᠢ ᠶᠢ ᠰᠤᠯᠢᠨ ᠦᠭᠴᠦ | ᠪᠣᠯᠣᠨ᠎ᠠ᠂ ᠪᠠᠰᠠ ᠲᠤᠰ ᠰᠤᠷᠭᠠᠭᠤᠯᠢ ᠪᠤᠶᠤ ᠠᠬ᠎ᠠ ᠲᠡᠭᠦᠦ ᠰᠤᠷᠭᠠᠭᠤᠯᠢ ᠶᠢᠨ ᠠᠵᠢᠯ ᠤᠨ ᠪᠠᠶᠢᠷᠢ ᠳᠤ ᠤᠯᠤᠰ ᠤᠨ | ᠨᠡᠶᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢᠶᠠᠷ ᠵᠢᠭᠠᠨ ᠰᠤᠷᠭᠠᠬᠤ ᠠᠵᠢᠯ ᠢ ᠡᠭᠦᠷᠭᠡᠯᠡᠵᠤ ᠲᠡᠶᠢᠯᠬᠦ ᠪᠤᠯᠲᠠᠯ᠎ᠠ | ᠪᠤᠯᠪᠠᠰᠤᠷᠠᠯ ᠬᠦᠷᠳᠡᠭᠡᠵᠤ ᠴᠦ ᠪᠣᠯᠣᠨ᠎ᠠ᠂ ᠡᠨᠡ ᠬᠤᠭᠤᠴᠠᠭᠠᠨ ᠳᠤ ᠬᠤᠪᠢ ᠬᠦᠮᠦᠨ ᠤ ᠬᠢᠷᠢ ᠬᠡᠮ᠂ ᠮᠡᠷᠭᠡᠵᠢᠯ ᠤᠨ | ᠴᠤᠯᠠ᠂ ᠠᠰᠠᠷᠠᠮᠵᠢ ᠤᠯᠭᠤᠮᠵᠢ ︽ᠭᠤᠷᠪᠠ ᠶᠢ ᠬᠤᠪᠢᠷᠠᠭᠤᠯᠬᠤ ᠦᠭᠡᠢ︾ ᠪᠠᠶᠢᠬᠤ ᠶᠢ ᠪᠠᠳᠤᠯᠠᠨ᠎ᠠ᠃ ᠡᠨᠡᠬᠦ ︽ | ᠭᠤᠷᠪᠠ ᠶᠢ ᠬᠤᠪᠢᠷᠠᠭᠤᠯᠬᠤ ᠦᠭᠡᠢ︾ ᠲᠦᠷᠦ ᠶᠢᠨ ᠪᠤᠳᠤᠯᠭ᠎ᠠ ᠨᠢ ᠤᠬᠤᠷ ᠬᠤᠭᠤᠴᠠᠭᠠᠨ ᠳᠤ ᠳᠣᠭᠳᠠᠭᠤᠨ ᠢ | ᠬᠠᠮᠠᠭᠠᠯᠠᠬᠤ ᠠᠵᠢᠯ ᠤᠨ ᠬᠡᠷᠡᠭᠴᠡᠭᠡ ᠪᠢᠰᠢ᠂ ᠬᠠᠷᠢᠨ ᠤᠯᠤᠰ ᠤᠨ ᠱᠠᠭᠠᠷᠳᠠᠯᠭ᠎ᠠ ᠪᠠ ᠳᠦᠷᠢᠮ ᠤᠨ | ᠳᠣᠬᠢᠷᠠᠭᠤᠯᠣᠯᠳᠠ ᠪᠤᠯᠬᠤ ᠪᠦᠭᠡᠳ ᠢᠷᠡᠭᠡᠳᠦᠢ ᠳᠤ ᠬᠠᠨᠳᠤᠭᠤᠯᠤᠭᠰᠠᠨ ᠦᠨᠳᠦᠰᠦᠳᠡᠨ ᠤ ᠰᠤᠷᠭᠠᠨ ᠬᠦᠮᠦᠵᠢᠯ ᠤᠨ | ᠴᠢᠨᠠᠷ ᠰᠠᠶᠢᠲᠡᠢ ᠬᠦᠭᠵᠢᠯᠲᠡ ᠶᠢ ᠠᠬᠢᠭᠤᠯᠬᠤ ᠪᠤᠳᠤᠯᠬᠢᠯᠠᠯ ᠪᠤᠯᠬᠤ ᠶᠤᠮ᠃ ᠮᠠᠨ ᠤ ᠤᠷᠤᠨ ᠡᠷᠭᠡᠪᠰᠢ ᠶᠡᠭᠡ | ᠬᠡᠮᠵᠢᠶᠡᠨ ᠤ᠂ ᠴᠢᠨᠠᠷ ᠰᠠᠶᠢᠳᠠᠢ ᠮᠤᠩᠭᠤᠯ ᠬᠢᠲᠡᠳ ᠬᠤᠤᠰ ᠬᠡᠯᠡ ᠳᠤ ᠴᠠᠭᠠᠷᠠᠭᠰᠠᠨ ᠬᠤᠣᠰ ᠬᠡᠯᠡᠨ ᠤ ᠪᠠᠭᠰᠢ ᠶᠢ | ᠬᠦᠮᠦᠵᠢᠭᠦᠯᠭᠦ ᠬᠡᠷᠡᠭᠲᠡᠢ᠃ ᠡᠷᠭᠡᠪᠰᠢ ᠦᠨᠡᠨ ᠠᠴᠠ ᠵᠦᠪ ᠢ ᠡᠷᠢᠵᠤ᠂ ᠪᠤᠯᠪᠠᠰᠤᠷᠠᠭᠤᠯᠣᠭᠰᠠᠨ ᠬᠡᠮᠵᠢᠶ᠎ᠡ ᠬᠦᠷᠬᠦ | ᠦᠭᠡᠢ ᠠᠴᠠ ᠪᠤᠯᠵᠤ᠂ ᠪᠠᠭᠰᠢ ᠶᠢᠨ ᠵᠢᠭᠠᠨ ᠰᠤᠷᠭᠠᠬᠤ ᠪᠠᠷᠢᠮᠵᠢᠶ᠎ᠠ ᠶᠢ ᠶᠡᠭᠡ ᠬᠡᠪᠴᠢᠶ᠎ᠡ ᠪᠠᠷ ᠪᠠᠭᠤᠷᠠᠭᠤᠯᠵᠤ ᠪᠤᠯᠬᠤ | ᠦᠭᠡᠢ᠃ ᠬᠡᠷᠪᠡ ᠮᠤᠩᠭᠤᠯ ᠢᠶᠠᠷ ᠬᠢᠴᠢᠶᠡᠯᠯᠡᠵᠤ ᠪᠠᠶᠢᠭ᠎ᠠ ᠪᠠᠭᠰᠢ ᠨᠠᠷ ᠨᠠᠰᠤ ᠠᠬᠢᠴᠢᠬᠠᠯ᠎ᠠ᠂ ᠤᠯᠤᠰ ᠤᠨ ᠨᠡᠶᠢᠲᠡᠮ | ᠬᠡᠷᠡᠭᠡᠯᠡᠬᠦ ᠦᠭᠡ ᠬᠡᠯᠡ ᠦᠰᠦᠭ ᠪᠢᠴᠢᠭ ᠢᠶᠠᠷ ᠬᠢᠴᠢᠶᠡᠯᠯᠡᠬᠦ ᠠᠵᠢᠯ ᠢ ᠡᠭᠦᠷᠭᠡᠯᠡᠵᠦ ᠲᠡᠶᠢᠯᠬᠦ ᠦᠭᠡᠢ ᠭᠡᠵᠦ | ᠰᠠᠨᠠᠭᠠᠰᠢᠷᠠᠵᠣ ᠪᠠᠶᠢᠪᠠᠯ᠂ ᠰᠤᠷᠭᠠᠭᠤᠯᠢ ᠶᠢᠨ ᠢᠶᠠᠨ ᠲᠤᠳᠤᠷ᠎ᠠ ᠢᠳᠡᠪᠬᠢᠲᠡᠢ ᠪᠠᠷ ᠰᠢᠩᠭᠡᠭᠡᠬᠦ ᠪᠣᠶᠣ ᠬᠤᠰᠢᠭᠤ | ᠰᠢᠶᠠᠨ ᠤ ᠬᠡᠪᠴᠢᠶᠡᠨ ᠳᠤ ᠪᠠᠨ ᠨᠢᠭᠡᠳᠦᠯᠲᠡᠢ ᠲᠦᠯᠦᠪᠵᠢᠭᠦᠯᠬᠦ᠂ ᠠᠶᠢᠮᠠᠭ ᠬᠤᠳᠠ ᠨᠢᠭᠡᠳᠦᠯᠲᠡᠢ ᠲᠦᠯᠦᠪᠵᠢᠭᠦᠯᠬᠦ | ᠠᠷᠭ᠎ᠠ ᠪᠠᠷ ᠡᠨᠡ ᠬᠡᠰᠡᠭ ᠪᠠᠭᠰᠢ ᠶᠢᠨ ᠬᠠᠥᠯᠢ ᠶᠤᠰᠤᠨ ᠤ ᠡᠷᠬᠡ ᠠᠰᠢᠭ ᠢ ᠪᠠᠳᠤᠯᠠᠨ᠎ᠠ᠃ | 22. ᠠᠰᠠᠭᠤᠯᠲᠠ᠄ ᠤᠳᠤᠬᠠᠨ ᠳᠤ ᠬᠦᠮᠦᠰ ᠤᠨ ᠠᠩᠬᠠᠷᠤᠯ ᠲᠡᠭᠡᠳᠦ ᠬᠡᠮᠵᠢᠶ᠎ᠡ ᠪᠠᠷ ᠪᠠᠭᠰᠢ ᠨᠠᠷ ᠲᠤ | ᠲᠦᠪᠯᠡᠷᠡᠵᠤ᠂ ᠪᠠᠭᠰᠢ ᠨᠠᠷ ᠤᠨ ᠠᠵᠢᠯ ᠪᠠ ᠰᠡᠳᠬᠢᠴᠡ ᠶᠢᠨ ᠲᠠᠷᠤᠯᠲᠠ ᠮᠠᠰᠢ ᠬᠦᠨᠳᠦᠷᠡᠵᠤ ᠪᠣᠢ᠂ ᠡᠨᠡᠬᠦ | ᠠᠰᠠᠭᠤᠳᠠᠯ ᠢ ᠬᠡᠷᠬᠢᠨ ᠰᠢᠢᠳᠪᠦᠷᠢᠯᠡᠬᠦ ᠪᠤᠢ︖ | ᠬᠠᠷᠢᠭᠤᠯᠲᠠ᠄ ᠪᠠᠭᠰᠢ ᠶᠢ ᠬᠦᠨᠳᠦᠯᠡᠵᠤ ᠰᠤᠷᠭᠠᠨ ᠬᠦᠮᠦᠵᠢᠯ ᠢ ᠴᠢᠬᠤᠯᠠᠴᠢᠯᠠᠬᠤ ᠪᠤᠯ ᠮᠠᠨ ᠤ ᠤᠯᠤᠰ ᠤᠨ | ᠤᠯᠠᠮᠵᠢᠯᠠᠯᠲᠤ ᠰᠠᠶᠢᠬᠠᠨ ᠰᠤᠷᠲᠠᠯ ᠪᠣᠯᠣᠨ᠎ᠠ᠃ ᠤᠳᠤᠬᠠᠨ ᠤ ᠵᠠᠷᠢᠮ ᠭᠠᠵᠠᠷ ᠤᠨ ᠦᠨᠳᠦᠰᠦᠳᠡᠨ ᠤ ᠦᠭᠡ ᠬᠡᠯᠡ ᠪᠠᠷ | ᠬᠢᠴᠢᠶᠡᠯᠯᠡᠵᠦ ᠪᠠᠶᠢᠭ᠎ᠠ ᠰᠤᠷᠭᠠᠭᠤᠯᠢ ᠶᠢᠨ ᠰᠤᠷᠤᠭᠴᠢᠳ ᠪᠦᠬᠦᠨ ᠢᠶᠠᠷ ᠢᠶᠠᠨ ᠰᠣᠷᠭᠠᠭᠤᠯᠢ ᠳᠤ ᠪᠠᠨ ᠣᠴᠢᠭᠠᠳᠣᠢ | ᠪᠠᠶᠢᠳᠠᠯ ᠳᠤ ᠴᠢᠭᠯᠡᠭᠦᠯᠦᠨ᠂ ᠦᠷᠭᠡᠨ ᠤᠯᠠᠨ ᠪᠠᠭᠰᠢ ᠨᠠᠷ ᠲᠦᠷᠦ ᠶᠢᠨ ᠪᠤᠳᠤᠯᠭ᠎ᠠ ᠶᠢ ᠤᠬᠠᠭᠤᠯᠤᠨ ᠲᠠᠶᠢᠯᠪᠤᠷᠢᠯᠠᠬᠤ | ᠪᠠ ᠦᠵᠡᠯ ᠰᠠᠨᠠᠭ᠎ᠠ ᠶᠢ ᠬᠦᠳᠦᠯᠦᠨ ᠵᠢᠯᠤᠭᠤᠳᠬᠤ ᠵᠡᠷᠭᠡ ᠶᠡᠭᠡ ᠬᠡᠮᠵᠢᠶᠡᠨ ᠤ ᠠᠵᠢᠯ ᠢ ᠭᠦᠨ ᠭᠦᠨᠵᠡᠭᠡᠢ ᠨᠠᠷᠢᠨ | ᠨᠢᠮᠪᠠᠢ ᠬᠢᠭᠰᠡᠨ ᠪᠠᠶᠢᠨ᠎ᠠ᠃ ᠨᠡᠶᠢᠭᠡᠮ ᠤᠨ ᠡᠯ᠎ᠡ ᠡᠲᠡᠭᠡᠳ᠂ ᠰᠤᠷᠭᠠᠨ ᠬᠦᠮᠦᠵᠢᠯ ᠤᠨ ᠰᠠᠯᠠᠭ᠎ᠠ ᠮᠦᠴᠢᠷ | ᠲᠡᠳᠡᠨᠠᠷ ᠤᠨ ᠠᠵᠢᠯ ᠢ ᠨᠡᠩ ᠰᠠᠶᠢᠳᠦᠷ ᠬᠠᠯᠠᠮᠵᠢᠯᠠᠵᠣ᠂ ᠣᠢᠢᠯᠠᠭᠠᠵᠣ᠂ ᠲᠡᠮᠵᠢᠵᠤ᠂ ᠪᠠᠭᠰᠢ ᠨᠠᠷ ᠤᠨ ᠰᠡᠳᠬᠢᠴᠡ ᠶᠢ | ᠰᠢᠯᠤᠭᠤᠳᠬᠠᠬᠤ ᠠᠵᠢᠯ ᠢ ᠴᠢᠨᠠᠭᠰᠢᠳᠠ ᠰᠠᠶᠢᠳᠣᠷ ᠬᠢᠵᠦ᠂ ᠲᠡᠳᠡᠨᠠᠷ ᠤᠨ ᠬᠦᠴᠢᠷᠳᠡᠯ ᠢ ᠰᠠᠨᠠᠭᠠᠴᠢᠯᠠᠭ᠎ᠠ ᠠᠴᠠ ᠪᠠᠨ | ᠰᠢᠢᠳᠪᠦᠷᠢᠯᠡᠨ ᠦᠭᠴᠦ᠂ ᠦᠷᠭᠡᠨ ᠤᠯᠠᠨ ᠪᠠᠭᠰᠢ ᠨᠠᠷ ᠢ ᠨᠡᠩ ᠰᠠᠨᠠᠭ᠎ᠠ ᠠᠮᠤᠷ ᠪᠦᠭᠡᠳ ᠤᠷᠮ᠎ᠠ ᠵᠤᠷᠢᠭ ᠲᠠᠢ ᠪᠠᠷ | ᠵᠢᠭᠠᠨ ᠰᠣᠷᠭᠠᠬᠤ ᠠᠵᠢᠯ ᠳᠠᠭᠠᠨ ᠣᠷᠣᠯᠴᠠᠬᠤ ᠪᠣᠯᠭᠠᠬᠤ ᠬᠡᠷᠡᠭᠳᠡᠢ᠃ | 23. ᠠᠰᠠᠭᠤᠯᠲᠠ᠄ ᠤᠳᠤ ᠶᠢᠨ ᠬᠡᠷᠡᠭᠵᠢᠬᠦᠯᠵᠦ ᠪᠠᠶᠢᠭ᠎ᠠ ᠲᠡᠭᠡᠳᠤ ᠲᠤᠮᠲᠠᠳᠤ ᠳᠤ ᠲᠠᠪᠰᠢᠬᠤ ᠰᠢᠯᠭᠠᠯᠲᠠ | ᠪᠠ ᠶᠡᠭᠡ ᠲᠡᠭᠡᠳᠦ ᠰᠤᠷᠭᠠᠭᠤᠯᠢ ᠳᠤ ᠲᠠᠪᠰᠢᠬᠤ ᠰᠢᠯᠭᠠᠯᠲᠠ ᠶᠢᠨ ᠲᠦᠷᠦ ᠶᠢᠨ ᠪᠤᠳᠤᠯᠭ᠎ᠠ ᠶᠢ ᠦᠷᠭᠦᠯᠵᠢᠯᠡᠭᠦᠯᠬᠦ ᠤᠤ︖ | ᠤᠳᠤ ᠶᠢᠨ ᠬᠡᠷᠡᠭᠵᠢᠭᠦᠯᠵᠦ ᠪᠠᠶᠢᠭ᠎ᠠ ︽ᠮᠤᠩᠭᠤᠯ ᠬᠡᠯᠡ ᠪᠢᠴᠢᠭ︾ ᠤᠨ ᠰᠢᠯᠭᠠᠯᠲᠠ ᠶᠢᠨ ᠬᠤᠪᠢ ᠨᠡᠮᠡᠬᠦ ᠬᠠᠷᠢᠴᠠᠯ | ᠶᠡᠭᠡ ᠪᠠᠶᠢᠳᠠᠯ ᠢ ᠳᠣᠬᠢᠷᠠᠭᠤᠯᠣᠭᠠᠳ ᠬᠢᠳᠡᠳ ᠬᠡᠯᠡᠨ ᠤ ᠬᠢᠴᠢᠶᠡᠯ ᠲᠦᠷᠦᠯ ᠤᠨ ᠬᠤᠪᠢ ᠶᠢᠨ ᠬᠠᠷᠢᠴᠠᠯ ᠪᠣᠯᠭᠠᠨ | ᠲᠡᠭᠡᠭᠰᠢᠯᠡᠭᠦᠯᠭᠦ ᠤᠤ︖ | ᠬᠠᠷᠢᠭᠤᠯᠲᠠ᠄ ᠮᠠᠨ ᠤ ᠤᠷᠤᠨ ᠤ ᠦᠨᠳᠦᠰᠦᠳᠡᠨ ᠤ ᠦᠭᠡ ᠬᠡᠯᠡ ᠪᠠᠷ ᠬᠢᠴᠢᠶᠡᠯᠯᠡᠵᠤ ᠪᠠᠶᠢᠭ᠎ᠠ | ᠰᠤᠷᠭᠠᠭᠤᠯᠢ ᠶᠢᠨ ᠰᠢᠯᠭᠠᠭᠤᠯᠤᠭᠰᠠᠳ ᠤᠨ ᠤᠳᠤ ᠶᠢᠨ ᠬᠡᠷᠡᠭᠵᠢᠭᠦᠯᠵᠦ ᠪᠠᠶᠢᠭ᠎ᠠ ᠶᠡᠭᠡ ᠰᠤᠷᠭᠠᠭᠤᠯᠢ ᠳᠤ ᠲᠠᠪᠰᠢᠬᠤ | ᠰᠢᠯᠭᠠᠯᠲᠠ ᠶᠢᠨ ᠬᠤᠪᠢ ᠪᠤᠳᠤᠬᠤ ᠠᠷᠭ᠎ᠠ ᠪᠤᠯ ᠦᠨᠳᠦᠰᠦᠳᠡᠨ ᠤ ᠰᠣᠷᠭᠠᠭᠤᠯᠢ ᠶᠢᠨ ᠬᠢᠲᠡᠳ ᠬᠡᠯᠡᠨ ᠤ | ᠰᠢᠯᠭᠠᠯᠲᠠ ᠶᠢᠨ ᠭᠤᠷᠪᠠᠳᠤᠭᠠᠷ ᠲᠡᠰ ︵ᠶᠡᠭᠡ ᠰᠤᠷᠭᠠᠭᠤᠯᠢ ᠳᠤ ᠲᠠᠪᠰᠢᠬᠤ ᠰᠢᠯᠭᠠᠯᠲᠠ ᠶᠢᠨ ᠬᠢᠲᠡᠳ ᠬᠡᠯᠡᠨ ᠤ | ᠬᠤᠪᠢ ᠪᠣᠯᠭᠠᠨ ᠨᠤᠭᠤᠯᠤᠨ ᠪᠤᠳᠤᠨ᠎ᠠ︶ ᠪᠠ ᠭᠠᠳᠠᠭᠠᠳᠤ ᠬᠡᠯᠡᠨ ᠤ ᠬᠢᠴᠢᠶᠡᠯ ᠲᠦᠷᠦᠯ ᠤᠨ ᠰᠢᠯᠭᠠᠯᠲᠠ ᠶᠢᠨ ᠬᠢᠷᠢ | ᠪᠦᠲᠦᠮᠵᠢ ᠶᠢ ᠨᠢ᠂ 7:3 ᠶᠢᠨ ᠬᠠᠷᠢᠴᠠᠯ ᠢᠶᠠᠷ 1 ᠬᠢᠴᠢᠶᠡᠯ ᠤᠨ ᠬᠢᠷᠢ ᠪᠦᠳᠦᠮᠵᠢ ᠪᠤᠯᠭᠠᠨ ᠨᠤᠭᠤᠯᠤᠨ ᠪᠤᠳᠤᠵᠤ | ᠶᠡᠷᠦᠩᠭᠡᠢ ᠬᠤᠪᠢ ᠳᠤ ᠨᠢ ᠪᠣᠳᠣᠨ ᠤᠷᠤᠭᠤᠯᠵᠤ᠂ ︽ᠮᠤᠩᠭᠤᠯ ᠬᠡᠯᠡ ᠪᠢᠴᠢᠭ ︵ᠬᠦᠭᠡ︶︾ ᠪᠠ ᠪᠤᠰᠤᠳ | ᠬᠢᠴᠢᠶᠡᠯ ᠲᠦᠷᠦᠯ ᠤᠨ ᠰᠢᠯᠭᠠᠯᠲᠠ ᠶᠢᠨ ᠬᠢᠷᠢ ᠪᠦᠲᠦᠮᠵᠢ ᠶᠢ ᠨᠢ ᠴᠦᠮ 100% ᠪᠠᠷ ᠨᠢ ᠶᠡᠷᠦᠩᠭᠡᠢ ᠬᠤᠪᠢ ᠳᠤᠨᠢ | ᠪᠤᠳᠤᠵᠤ ᠤᠷᠤᠭᠤᠯᠵᠣ ᠪᠣᠢ᠃ ᠤᠯᠤᠰ ᠠᠴᠠ ᠶᠡᠭᠡ ᠰᠤᠷᠭᠠᠭᠤᠯᠢ ᠳᠤ ᠲᠠᠪᠰᠢᠬᠤ ᠰᠢᠯᠭᠠᠯᠲᠠ ᠶᠢᠨ ᠬᠤᠪᠢ ᠪᠤᠳᠤᠬᠤ | ᠰᠢᠨ᠎ᠡ ᠠᠷᠭ᠎ᠠ ᠨᠡᠶᠢᠲᠡᠯᠡᠬᠦ ᠠᠴᠠ ᠡᠮᠦᠨ᠎ᠡ᠂ ᠤᠳᠤ ᠶᠢᠨ ᠬᠡᠷᠡᠭᠵᠢᠬᠦᠯᠵᠦ ᠪᠠᠶᠢᠭ᠎ᠠ ᠬᠤᠪᠢ ᠪᠤᠳᠤᠬᠤ ᠠᠷᠭ᠎ᠠ ᠶᠢ | ᠬᠤᠪᠢᠷᠠᠭᠤᠯᠬᠤ ᠦᠭᠡᠢ᠃ | 24. ᠠᠰᠠᠭᠤᠯᠲᠠ᠄ ᠵᠠᠷᠢᠮ ᠬᠦᠮᠦᠨ ᠤᠯᠤᠰ ᠤᠨ ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ | ᠬᠡᠷᠡᠭᠯᠡᠬᠦ ᠶᠢ ᠦᠷᠭᠦᠯᠵᠢᠯᠡᠨ ᠬᠤᠷᠢᠬᠯᠠᠵᠤ᠂ ᠬᠡᠥᠭᠡᠳ ᠢᠶᠠᠨ ᠰᠤᠷᠭᠠᠭᠤᠯᠢ ᠳᠤ ᠨᠢ ᠬᠦᠷᠭᠡᠬᠦ ᠦᠭᠡᠢ ᠪᠤᠯ᠂ | ᠦᠪᠡᠷᠳᠡᠭᠡᠨ ᠵᠠᠰᠠᠬᠤ ᠤᠷᠤᠨ ᠠᠴᠠ ᠤᠤᠯ ᠤᠨ ᠲᠦᠷᠦ ᠶᠢᠨ ᠪᠤᠳᠤᠯᠭ᠎ᠠ ᠪᠠᠨ ᠪᠠᠷᠢᠮᠲᠠᠯᠠᠵᠤ᠂ ᠲᠠᠬᠢᠭᠠᠳ ᠤᠯᠤᠰ ᠤᠨ | ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠲᠦᠷᠦ ᠶᠢᠨ ᠪᠤᠳᠤᠯᠭ᠎ᠠ ᠶᠢ ᠬᠡᠷᠡᠭᠵᠢᠭᠦᠯᠬᠦ ᠪᠠᠨ | ᠪᠤᠯᠢᠨ᠎ᠠ ᠭᠡᠵᠦ ᠪᠤᠢ᠂ ᠲᠡᠶᠢᠮᠦ ᠤᠤ︖ | ᠬᠠᠷᠢᠭᠤᠯᠲᠠ᠄ ᠲᠡᠶᠢᠮᠦ ᠪᠢᠰᠢ᠃ ᠤᠯᠤᠰ ᠤᠨ ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ | ᠬᠡᠷᠡᠭᠯᠡᠬᠦ ᠪᠤᠯ ᠣᠯᠣᠰ ᠤᠨ ᠵᠤᠷᠢᠯᠲᠠ ᠪᠤᠯᠤᠨ᠎ᠠ᠃ ᠰᠢᠨᠵᠢᠶᠠᠩ ᠬᠢᠭᠡᠳ ᠲᠦᠪᠡᠳ ᠤᠨ ᠦᠪᠡᠷᠳᠡᠭᠡᠨ ᠵᠠᠰᠠᠬᠤ | ᠤᠷᠤᠨ ᠳᠤ ᠨᠢᠭᠡᠨᠲᠡ ᠴᠦᠮ ᠤᠯᠤᠰ ᠤᠨ ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠭᠰᠡᠨ | ᠪᠠᠶᠢᠨ᠎ᠠ᠃ ᠵᠢᠱᠢᠶᠡᠴᠢ ᠦᠪᠡᠷᠳᠡᠭᠡᠨ ᠵᠠᠰᠠᠬᠤ ᠣᠷᠣᠨ ᠪᠣᠯᠣᠭᠰᠠᠨ ᠤ ᠬᠤᠪᠢ ᠳᠤ᠂ ᠮᠠᠨ ᠤ ᠣᠷᠣᠨ ᠨᠠᠮ ᠤᠨ ᠲᠦᠪ | ᠬᠤᠷᠢᠶ᠎ᠠ ᠶᠢᠨ ᠰᠢᠢᠳᠪᠦᠷᠢᠳᠦ ᠪᠣᠳᠣᠯᠭ᠎ᠠ ᠪᠠᠶᠢᠷᠢᠯᠠᠭᠤᠯᠣᠯᠳᠠ ᠪᠣᠯᠣᠨ ᠦᠪᠡᠷᠳᠡᠭᠡᠨ ᠵᠠᠰᠠᠬᠤ ᠣᠷᠣᠨ ᠤ ᠨᠠᠮ ᠤᠨ | ᠬᠤᠷᠢᠶ᠎ᠠ ᠶᠢᠨ ᠠᠵᠢᠯ ᠤᠨ ᠪᠠᠶᠢᠷᠢᠯᠠᠭᠤᠯᠣᠯᠳᠠ ᠶᠢ ᠡᠷᠡᠰ ᠭᠤᠶᠢᠪᠢᠰᠢ ᠦᠭᠡᠢ ᠨᠠᠶᠢᠳᠠᠪᠤᠷᠢᠵᠢᠭᠤᠯᠬᠤ ᠪᠣᠯᠣᠨ᠎ᠠ᠃ | ᠬᠡᠥᠭᠡᠳ ᠢᠶᠠᠨ ᠰᠤᠷᠭᠠᠭᠤᠯᠢ ᠳᠤ ᠨᠢ ᠭᠦᠷᠭᠡᠭᠦ ᠦᠭᠡᠢ ᠨᠢ ᠬᠡᠥᠭᠡᠳ ᠤᠨ ᠰᠤᠷᠤᠯᠭ᠎ᠠ ᠶᠢᠨ ᠳᠠᠪᠰᠢᠯᠳᠠ ᠪᠤᠯᠤᠨ | ᠡᠷᠡᠭᠦᠯ ᠢᠶᠠᠷ ᠦᠰᠦᠨ ᠪᠤᠶᠢᠵᠢᠬᠤ ᠶᠢ ᠨᠢ ᠨᠦᠯᠦᠭᠡᠯᠡᠬᠦ ᠶᠠᠪᠤᠳᠠᠯ ᠪᠣᠯᠣᠨ᠎ᠠ᠃ |