ᠳᠣᠲᠣᠭᠠᠳᠤ ᠶᠢ ᠬᠠᠮᠠᠭᠠᠯᠠᠬᠤ ᠶᠠᠮᠤᠨ ᠤ ᠰᠡᠭᠦᠯ ᠤᠨ ᠦᠶ᠎ᠡ ᠶᠢᠨ ᠪᠦᠷᠢᠳᠬᠡᠯ ᠠᠴᠠ ᠦᠵᠡᠪᠡᠯ᠂ ᠡᠨᠡ ᠵᠢᠯ | ᠠᠴᠠ ᠨᠠᠭᠠᠰᠢ ᠪᠦᠬᠦ ᠤᠯᠤᠰ ᠤᠨ ᠬᠡᠪᠴᠢᠶᠡᠨ ᠳᠤ ᠴᠡᠭᠴᠡᠯᠡᠨ ᠵᠠᠰᠠᠬᠤ ᠡᠷᠴᠢᠮ ᠢᠶᠠᠨ ᠨᠡᠮᠡᠭᠳᠡᠭᠦᠯᠦᠭᠰᠡᠨ ᠢᠶᠠᠷ᠂ | ᠠᠷᠢᠬᠢ ᠤᠤᠭᠤᠭᠠᠳ ᠮᠠᠰᠢᠨ ᠵᠢᠯᠣᠭᠤᠳᠬᠤ ᠪᠤᠶᠤ ᠰᠣᠭᠲᠣᠭᠤ ᠪᠠᠷ ᠮᠠᠰᠢᠨ ᠵᠢᠯᠣᠭᠤᠳᠤᠭᠰᠠᠨ ᠠᠴᠠ ᠪᠣᠯᠣᠭᠰᠠᠨ | ᠵᠠᠮ ᠬᠠᠷᠢᠯᠴᠠᠭᠠᠨ ᠤ ᠠᠳᠡᠯ ᠬᠡᠷᠡᠭ ᠢᠶᠠᠷ ᠠᠳᠡᠭᠰᠡᠨ ᠬᠥᠮᠥᠨ ᠤ ᠲᠤᠭ᠎ᠠ ᠨᠢᠳᠤᠨᠤᠨ ᠤ ᠠᠳᠠᠯᠢ ᠬᠤᠭᠤᠴᠠᠭᠠᠨ ᠤ ᠬᠢ | ᠠᠴᠠ ᠵᠠᠭᠤᠨ ᠤ 23.4 ᠪᠠᠷ ᠪᠠᠭᠤᠷᠠᠭᠰᠠᠨ ᠪᠠᠶᠢᠨ᠎ᠠ᠃ ᠪᠦᠷᠢᠳᠬᠡᠯ ᠠᠴᠠ ᠦᠵᠡᠪᠡᠯ᠂ ᠠᠷᠢᠬᠢ ᠤᠤᠭᠤᠭᠰᠠᠨ ᠤ | ᠳᠠᠷᠠᠭ᠎ᠠ ᠮᠠᠰᠢᠨ ᠵᠢᠯᠣᠭᠤᠳᠪᠠᠯ ᠵᠠᠮ ᠬᠠᠷᠢᠯᠴᠠᠭᠠᠨ ᠤ ᠠᠳᠡᠯ ᠬᠡᠷᠡᠭ ᠭᠠᠷᠬᠤ ᠨᠣᠷᠮ᠎ᠠ ᠨᠢ ᠡᠩ ᠤᠨ ᠦᠶ᠎ᠡ ᠶᠢᠨ 15 | ᠳᠠᠬᠢᠨ ᠪᠠᠶᠢᠳᠠᠭ᠃ ᠵᠢᠶᠠᠩᠰᠤ ᠮᠤᠵᠢ ᠶᠢᠨ ᠵᠠᠮ ᠬᠠᠷᠢᠯᠴᠠᠭᠠᠨ ᠤ ᠰᠠᠯᠠᠭ᠎ᠠ ᠮᠥᠴᠢᠷ ᠥᠨᠥᠬᠡᠨ 20 ᠠᠴᠠ 55 | ᠨᠠᠰᠤᠨ ᠤ ᠬᠤᠭᠤᠷᠣᠨᠳᠤᠬᠢ ᠠᠷᠢᠬᠢ ᠰᠠᠶᠢᠨ ᠳᠠᠭᠠᠭᠠᠳᠠᠭ 9 ᠬᠥᠮᠥᠨ ᠢ ᠴᠤᠭᠯᠠᠭᠤᠯᠵᠤ᠂ ᠲᠡᠳᠡᠨ ᠢ ᠭᠤᠷᠪᠠᠨ | ᠳᠤᠭᠤᠶᠢᠯᠠᠩ ᠬᠤᠪᠢᠶᠠᠵᠤ᠂ ᠲᠤᠰ ᠪᠦᠷᠢ ᠬᠠᠷ᠎ᠠ ᠠᠷᠢᠬᠢ᠂ ᠫᠢᠵᠢᠦ ᠪᠣᠯᠣᠨ ᠦᠵᠦᠮ ᠤᠨ ᠠᠷᠢᠬᠢ ᠤᠤᠭᠤᠯᠭᠠᠭᠠᠳ | ᠲᠤᠷᠰᠢᠯᠲᠠ ᠬᠢᠭᠰᠡᠨ ᠪᠠᠶᠢᠨ᠎ᠠ᠃ | ᠠᠷᠢᠬᠢ ᠤᠤᠭᠤᠭᠰᠠᠨ ᠤ ᠳᠠᠷᠠᠭᠠᠬᠢ ᠭᠤᠷᠪᠠᠨ ᠴᠠᠭ ᠤᠨ ᠲᠤᠷᠰᠢᠯᠲᠠ ᠠᠴᠠ ᠦᠵᠡᠪᠡᠯ᠂ ᠠᠷᠢᠬᠢ | ᠳᠠᠭᠠᠭᠠᠬᠤ ᠬᠡᠮᠵᠢᠶ᠎ᠡ ᠨᠢ ᠲᠤᠷᠰᠢᠯᠲᠠ ᠶᠢᠨ ᠦᠷ᠎ᠡ ᠳ᠋ᠦᠩ ᠲᠠᠢ ᠰᠢᠭᠤᠳ ᠬᠤᠯᠪᠣᠭ᠎ᠠ ᠲᠠᠢ ᠪᠢᠰᠢ ᠪᠠᠶᠢᠯ᠎ᠠ᠄ | ᠲᠤᠬᠠᠶᠢᠯᠠᠪᠠᠯ᠂ ᠡᠭᠦᠨ ᠤ ᠳᠣᠲᠣᠷᠠᠬᠢ ᠭᠤᠷᠪᠠᠨ ᠬᠥᠮᠥᠨ ᠳᠤ ᠲᠤᠰ ᠪᠦᠷᠢ 350 ᠮᠢᠯᠢᠯᠢᠲᠷ᠂ 550 | ᠮᠢᠯᠢᠯᠢᠲᠷ᠂ 400 ᠮᠢᠯᠢᠯᠢᠲᠷ ᠬᠠᠷ᠎ᠠ ᠠᠷᠢᠬᠢ ᠤᠤᠭᠤᠯᠭᠠᠭᠰᠠᠨ ᠤ ᠭᠤᠷᠪᠠᠨ ᠴᠠᠭ ᠤᠨ ᠳᠠᠷᠠᠭ᠎ᠠ᠂ ᠲᠤᠷᠰᠢᠯᠲᠠ | ᠬᠢᠬᠦ ᠳᠤ ᠲᠡᠳᠡᠨ ᠤ 100 ᠮᠢᠯᠢᠯᠢᠲᠷ ᠴᠢᠰᠤᠨ ᠳᠤ ᠠᠭᠤᠯᠤᠭᠳᠠᠵᠤ ᠪᠠᠶᠢᠭ᠎ᠠ ᠰᠫᠢᠷᠲ ᠤᠨ ᠬᠡᠮᠵᠢᠶ᠎ᠡ ᠨᠢ ᠲᠤᠰ | ᠲᠤᠰ 99 ᠮᠢᠯᠢᠭᠷᠡᠮ᠂ 147 ᠮᠢᠯᠢᠭᠷᠡᠮ᠂ 177 ᠮᠢᠯᠢᠭᠷᠡᠮ ᠳᠤ ᠬᠦᠷᠦᠭᠰᠡᠨ ᠪᠠᠶᠢᠨ᠎ᠠ᠃ ᠬᠡᠷᠪᠡ ᠡᠨᠡ ᠦᠶ᠎ᠡ ᠳᠤ | ᠮᠠᠰᠢᠨ ᠵᠢᠯᠣᠭᠤᠳᠪᠠᠯ ᠰᠣᠭᠲᠣᠭᠤ ᠪᠠᠷ ᠮᠠᠰᠢᠨ ᠵᠢᠯᠣᠭᠤᠳᠤᠭᠰᠠᠨ ᠪᠠᠷᠢᠮᠵᠢᠶᠠᠨ ᠳᠤ ᠬᠦᠷᠬᠦ ᠪᠣᠯᠣᠨ᠎ᠠ᠃ ᠪᠠᠰᠠ | ᠭᠤᠷᠪᠠᠨ ᠬᠥᠮᠥᠨ ᠳᠤ ᠲᠤᠰ ᠪᠦᠷᠢ 1200 ᠮᠢᠯᠢᠯᠢᠲᠷ᠂ 1600 ᠮᠢᠯᠢᠯᠢᠲᠷ᠂ 1200 ᠮᠢᠯᠢᠯᠢᠲᠷ ᠦᠵᠦᠮ ᠤᠨ | ᠠᠷᠢᠬᠢ ᠤᠤᠭᠤᠯᠭᠠᠭᠰᠠᠨ ᠤ 3 ᠴᠠᠭ ᠤᠨ ᠳᠠᠷᠠᠭ᠎ᠠ ᠲᠡᠳᠡᠨ ᠤ 100 ᠮᠢᠯᠢᠯᠢᠲᠷ ᠴᠢᠰᠤᠨ ᠳᠤ ᠠᠭᠤᠯᠤᠭᠳᠠᠵᠤ | ᠪᠠᠶᠢᠭ᠎ᠠ ᠰᠫᠢᠷᠲ ᠤᠨ ᠬᠡᠮᠵᠢᠶ᠎ᠡ ᠨᠢ ᠲᠤᠰ ᠲᠤᠰ 95 ᠮᠢᠯᠢᠭᠷᠡᠮ᠂ 135 ᠮᠢᠯᠢᠭᠷᠡᠮ᠂ 97 ᠮᠢᠯᠢᠭᠷᠡᠮ ᠳᠤ | ᠬᠦᠷᠦᠭᠰᠡᠨ ᠪᠠᠶᠢᠨ᠎ᠠ᠃ ᠬᠡᠷᠪᠡ ᠡᠨᠡ ᠦᠶ᠎ᠡ ᠳᠤ ᠮᠠᠰᠢᠨ ᠵᠢᠯᠣᠭᠤᠳᠪᠠᠯ ᠮᠥᠨ ᠰᠣᠭᠲᠣᠭᠤ ᠪᠠᠷ ᠮᠠᠰᠢᠨ | ᠵᠢᠯᠣᠭᠤᠳᠤᠭᠰᠠᠨ ᠪᠠᠷᠢᠮᠵᠢᠶᠠᠨ ᠳᠤ ᠬᠦᠷᠬᠦ ᠪᠣᠯᠣᠨ᠎ᠠ᠃ ᠦᠯᠡᠳᠡᠭᠰᠡᠨ ᠭᠤᠷᠪᠠᠨ ᠬᠥᠮᠥᠨ ᠳᠤ ᠲᠤᠰ ᠲᠤᠰ 6 | ᠯᠣᠩᠬᠤ ᠫᠢᠵᠢᠦ ᠤᠤᠭᠤᠯᠭᠠᠭᠰᠠᠨ ᠤ ᠳᠠᠷᠠᠭ᠎ᠠ᠂ ᠲᠡᠳᠡᠨ ᠤ 100 ᠮᠢᠯᠢᠯᠢᠲᠷ ᠴᠢᠰᠤᠨ ᠳᠤ ᠠᠭᠤᠯᠤᠭᠳᠠᠵᠤ ᠪᠠᠶᠢᠭ᠎ᠠ | ᠰᠫᠢᠷᠲ ᠤᠨ ᠬᠡᠮᠵᠢᠶ᠎ᠡ ᠨᠢ ᠲᠤᠰ ᠲᠤᠰ 68 ᠮᠢᠯᠢᠭᠷᠡᠮ᠂ 60ᠮᠢᠯᠢᠭᠷᠡᠮ᠂ 65 ᠮᠢᠯᠢᠭᠷᠡᠮ ᠳᠤ ᠬᠦᠷᠦᠭᠰᠡᠨ ᠪᠠᠶᠢᠨ᠎ᠠ᠃ | ᠬᠡᠷᠪᠡ ᠡᠨᠡ ᠦᠶ᠎ᠡ ᠳᠤ ᠮᠠᠰᠢᠨ ᠵᠢᠯᠣᠭᠤᠳᠪᠠᠯ ᠠᠷᠢᠬᠢ ᠤᠤᠭᠤᠭᠰᠠᠨ ᠤ ᠳᠠᠷᠠᠭ᠎ᠠ ᠮᠠᠰᠢᠨ ᠵᠢᠯᠣᠭᠤᠳᠤᠭᠰᠠᠨ | ᠪᠠᠷᠢᠮᠵᠢᠶᠠᠨ ᠳᠤ ᠬᠦᠷᠬᠦ ᠪᠣᠯᠣᠨ᠎ᠠ᠃ | ᠠᠷᠢᠬᠢ ᠤᠤᠭᠤᠯᠭᠠᠭᠰᠠᠨ ᠤ ᠶᠢᠰᠦᠨ ᠴᠠᠭ ᠤᠨ ᠳᠠᠷᠠᠭᠠᠬᠢ ᠲᠤᠷᠰᠢᠯᠲᠠ ᠠᠴᠠ ᠦᠵᠡᠪᠡᠯ᠂ ᠵᠠᠷᠢᠮ | ᠬᠥᠮᠥᠰ ᠤᠨ ᠴᠢᠰᠤᠨ ᠳᠤ ᠠᠭᠤᠯᠤᠭᠳᠠᠵᠤ ᠪᠠᠶᠢᠭ᠎ᠠ ᠰᠫᠢᠷᠲ ᠤᠨ ᠬᠡᠮᠵᠢᠶ᠎ᠡ ᠨᠢ ᠮᠥᠨ ᠯᠡ ᠰᠣᠭᠲᠣᠭᠤ ᠪᠠᠷ | ᠮᠠᠰᠢᠨ ᠵᠢᠯᠣᠭᠤᠳᠤᠭᠰᠠᠨ ᠪᠠᠷᠢᠮᠵᠢᠶᠠᠨ ᠳᠤ ᠬᠦᠷᠦᠭᠰᠡᠨ ᠪᠠᠶᠢᠯ᠎ᠠ᠄ | ᠲᠤᠬᠠᠶᠢᠯᠠᠪᠠᠯ᠂ ᠬᠠᠷ᠎ᠠ ᠠᠷᠢᠬᠢ ᠤᠤᠭᠤᠭᠰᠠᠨ ᠭᠤᠷᠪᠠᠨ ᠬᠥᠮᠥᠨ ᠤ ᠳᠣᠲᠣᠷᠠᠬᠢ ᠨᠢᠭᠡ ᠬᠥᠮᠥᠨ ᠤ ᠴᠢᠰᠤᠨ | ᠳᠤᠨᠢ ᠰᠫᠢᠷᠲ ᠪᠠᠶᠢᠬᠤ ᠦᠭᠡᠢ ᠪᠣᠯᠣᠭᠰᠠᠨ ᠠᠴᠠ ᠭᠠᠳᠠᠨ᠎ᠠ᠂ ᠨᠥᠭᠦᠭᠡ ᠬᠤᠶᠠᠷ ᠬᠥᠮᠥᠨ ᠤ 100 ᠮᠢᠯᠢᠯᠢᠲᠷ | ᠴᠢᠰᠤᠨ ᠳᠤ ᠠᠭᠤᠯᠤᠭᠳᠠᠵᠤ ᠪᠠᠶᠢᠭ᠎ᠠ ᠰᠫᠢᠷᠲ ᠤᠨ ᠬᠡᠮᠵᠢᠶ᠎ᠡ ᠨᠢ ᠲᠤᠰ ᠲᠤᠰ 81 ᠮᠢᠯᠢᠭᠷᠡᠮ ᠪᠠ 93 ᠮᠢᠯᠢᠭᠷᠡᠮ | ᠳᠤ ᠬᠦᠷᠦᠭᠰᠡᠨ ᠪᠠᠶᠢᠨ᠎ᠠ︔ ᠫᠢᠵᠢᠦ ᠤᠤᠭᠤᠭᠰᠠᠨ ᠭᠤᠷᠪᠠᠨ ᠬᠥᠮᠥᠨ ᠤ ᠴᠢᠰᠤᠨ ᠳᠤᠨᠢ ᠰᠫᠢᠷᠲ ᠪᠠᠶᠢᠬᠤ ᠦᠭᠡᠢ | ᠪᠣᠯᠣᠭᠰᠠᠨ ᠪᠠᠶᠢᠨ᠎ᠠ︔ ᠦᠵᠦᠮ ᠤᠨ ᠠᠷᠢᠬᠢ ᠤᠤᠭᠤᠭᠰᠠᠨ ᠨᠢᠭᠡ ᠬᠥᠮᠥᠨ ᠤ 100 ᠮᠢᠯᠢᠯᠢᠲᠷ ᠴᠢᠰᠤᠨ ᠳᠤ | ᠠᠭᠤᠯᠤᠭᠳᠠᠵᠤ ᠪᠠᠶᠢᠭ᠎ᠠ ᠰᠫᠢᠷᠲ ᠤᠨ ᠬᠡᠮᠵᠢᠶ᠎ᠡ ᠨᠢ 43 ᠮᠢᠯᠢᠭᠷᠡᠮ ᠳᠤ ᠬᠦᠷᠦᠭᠰᠡᠨ ᠪᠠᠶᠢᠨ᠎ᠠ᠃ | ᠬᠥᠮᠥᠨ ᠪᠣᠯᠭᠠᠨ ᠤ ᠠᠷᠢᠬᠢ ᠳᠠᠭᠠᠭᠠᠬᠤ ᠬᠡᠮᠵᠢᠶ᠎ᠡ ᠠᠳᠠᠯᠢ ᠦᠭᠡᠢ ᠪᠠ ᠰᠫᠢᠷᠲ ᠭᠠᠳᠠᠭᠰᠢᠯᠠᠭᠤᠯᠬᠤ | ᠴᠢᠳᠠᠪᠤᠷᠢ ᠨᠢ ᠠᠳᠠᠯᠢ ᠦᠭᠡᠢ ᠪᠠᠶᠢᠬᠤ ᠠᠴᠠ ᠪᠣᠯᠵᠤ᠂ ᠠᠷᠢᠬᠢ ᠤᠤᠭᠤᠭᠰᠠᠨ ᠤ ᠳᠠᠷᠠᠭ᠎ᠠ ᠴᠢᠰᠤᠨ ᠳᠣᠲᠣᠷ᠎ᠠ | ᠠᠭᠤᠯᠤᠭᠳᠠᠵᠤ ᠪᠠᠶᠢᠭ᠎ᠠ ᠰᠫᠢᠷᠲ ᠬᠡᠵᠢᠶ᠎ᠡ ᠭᠠᠳᠠᠭᠰᠢᠯᠠᠵᠤ ᠪᠠᠷᠠᠬᠤ ᠨᠢ ᠬᠥᠮᠥᠨ ᠬᠥᠮᠥᠨ ᠬᠤᠭᠤᠷᠣᠨᠳᠤ ᠪᠠᠨ | ᠣᠨᠳᠣᠣ ᠪᠠᠶᠢᠳᠠᠭ᠃ ᠥᠪᠡᠷ ᠤᠨ ᠪᠠ ᠥᠷᠥᠭᠡᠯ ᠪᠤᠰᠤᠳ ᠤᠨ ᠠᠮᠤᠷ ᠲᠦᠪᠰᠢᠨ ᠤ ᠲᠥᠯᠥᠭᠡ ᠠᠷᠢᠬᠢ | ᠤᠤᠭᠤᠭᠰᠠᠨ ᠤ ᠳᠠᠷᠠᠭ᠎ᠠ ᠠᠯᠢ ᠴᠢᠳᠠᠬᠤ ᠪᠠᠷ ᠨᠢᠭᠡ ᠡᠳᠦᠷ ᠥᠨᠵᠢᠭᠡᠳ ᠮᠠᠰᠢᠨ ᠵᠢᠯᠣᠭᠤᠳᠬᠤ ᠶᠢ ᠵᠠᠮ | ᠬᠠᠷᠢᠯᠴᠠᠭᠠᠨ ᠤ ᠴᠠᠭᠳᠠᠭ᠎ᠠ ᠰᠠᠨᠠᠭᠤᠯᠵᠤ ᠪᠠᠶᠢᠨ᠎ᠠ᠃ |