ᠮᠠᠨ ᠤ ᠬᠤᠲᠠ ᠶᠢᠨ ︽ᠥᠪᠥᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠰᠠᠭᠤᠷᠢ ᠮᠥᠩᠭᠦ  ᠶᠢᠨ ᠲᠥᠷᠥᠯ ᠵᠦᠶᠯ︾ 2 ᠲᠥᠷᠥᠯ ᠵᠦᠶᠯ ᠠᠮᠵᠢᠯᠲᠠ ᠲᠠᠢ ᠳᠠᠭᠤᠰᠪᠠ
ᠨᠡᠶᠢᠲᠡᠯᠡᠭᠰᠡᠨ ᠴᠠᠭ᠄
2021/1/12
     ᠣᠶᠢᠷ᠎ᠠ ᠳᠤ᠂ ᠥᠪᠡᠷᠲᠡᠭᠡᠨ ᠵᠠᠰᠠᠬᠤ ᠣᠷᠣᠨ ᠤ ᠨᠡᠶᠢᠭᠡᠮ ᠤᠨ ᠰᠢᠨᠵᠢᠯᠡᠬᠦ ᠤᠬᠠᠭᠠᠨ ᠤ ᠬᠤᠯᠪᠣᠭ᠎ᠠ ᠶᠢᠨ  ᠬᠢᠨ 2020 ᠣᠨ ᠤ ︽ᠥᠪᠥᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠰᠠᠭᠤᠷᠢ ᠮᠥᠩᠭᠦᠨ ᠤ ᠲᠥᠷᠥᠯ ᠵᠦᠶᠯ︾ ᠤᠨ ᠰᠤᠳᠤᠯᠭᠠᠨ ᠤ ᠲᠥᠷᠥᠯ ᠤᠨ ᠡᠩ ᠤᠨ ᠲᠥᠷᠥᠯ ᠵᠦᠶᠯ ᠤᠨ ᠨᠣᠮ ᠬᠠᠶᠠᠯᠴᠠᠭᠠᠨ ᠤ ᠬᠢᠨᠠᠨ ᠦᠨᠡᠯᠡᠯᠲᠡ ᠶᠢᠨ ᠠᠵᠢᠯᠯᠠᠭ᠎ᠠ ᠶᠢ ᠵᠣᠬᠢᠶᠠᠨ ᠪᠠᠶᠢᠭᠤᠯᠵᠤ᠂ ᠨᠣᠮ ᠬᠠᠶᠠᠯᠴᠠᠭᠠᠨ ᠤ ᠬᠢᠨᠠᠨ ᠦᠨᠡᠯᠡᠯᠲᠡ ᠳᠤ 63 ᠲᠥᠷᠥᠯ ᠵᠦᠶᠯ ᠣᠷᠣᠯᠴᠠᠵᠤ᠂ ᠬᠢᠷᠢ ᠲᠡᠩᠴᠡᠭᠰᠡᠨ ᠨᠢ 58 ᠵᠦᠶᠯ ᠬᠦᠷᠪᠡ᠃ ᠪᠥᠬᠦ ᠣᠷᠣᠨ ᠤ ᠡᠯ᠎ᠡ ᠠᠶᠢᠮᠠᠭ ᠬᠤᠲᠠ ᠨᠡᠶᠢᠲᠡ 9 ᠵᠦᠶᠯ ᠤᠨ ᠨᠣᠮ ᠬᠠᠶᠠᠯᠴᠠᠭᠠᠨ ᠤ ᠬᠢᠨᠠᠨ ᠦᠨᠡᠯᠡᠯᠲᠡ ᠶᠢ ᠪᠠᠲᠤᠯᠠᠪᠠ᠂ ᠡᠭᠦᠨ ᠳᠤ᠂ ᠬᠤᠲᠠ  ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠤᠯᠪᠣᠭ᠎ᠠ ᠶᠢᠨ ᠵᠣᠬᠢᠶᠠᠨ ᠪᠠᠶᠢᠭᠤᠯᠵᠤ ᠮᠡᠳᠡᠭᠦᠯᠦᠭᠰᠡᠨ ︽ᠥᠪᠥᠷ ᠮᠣᠩᠭᠤᠯ ᠤᠨ ᠬᠠᠲᠤᠨ ᠭᠤᠤᠯ ᠳᠠᠭᠠᠤ ᠶᠢᠨ ᠭᠠᠵᠠᠷ ᠣᠷᠣᠨ ᠤ ᠴᠢᠨᠠᠷ ᠰᠠᠶᠢᠲᠠᠶ ᠬᠥᠭᠵᠢᠯᠲᠡ ᠶᠢᠨ ᠰᠤᠳᠤᠯᠤᠯ︾ ︽ᠥᠪᠥᠷ ᠮᠣᠩᠭᠤᠯ ᠤᠨ ᠰᠠᠶᠢᠨ ᠳᠤᠷ᠎ᠠ ᠶᠢᠨ ᠦᠶᠯᠡᠴᠢᠯᠡᠭᠡᠨ ᠤ ᠦᠶᠯᠡᠳᠦᠯᠭᠡ ᠶᠢᠨ ᠵᠠᠭᠪᠤᠷ ᠤᠨ ᠰᠢᠨ᠎ᠡ ᠶᠢ ᠡᠭᠦᠳᠬᠦ ᠰᠤᠳᠤᠯᠤᠯ︾ ᠠᠮᠵᠢᠯᠲᠠ ᠲᠠᠢ ᠲᠡᠭᠦᠰᠪᠡ᠃ ᠥᠪᠥᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠰᠠᠭᠤᠷᠢ ᠮᠥᠩᠭᠦ ᠶᠢᠨ ᠲᠥᠷᠥᠯ ᠵᠦᠶᠯ ᠨᠢ ᠥᠪᠡᠷᠲᠡᠭᠡᠨ ᠵᠠᠰᠠᠬᠤ ᠣᠷᠣᠨ ᠤ ᠨᠡᠶᠢᠭᠡᠮ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶ᠎ᠡ ᠴᠠᠷᠠᠭ᠎ᠠ ᠳᠤ ᠰᠠᠭᠤᠷᠢ ᠰᠤᠳᠤᠯᠭᠠᠨ ᠢ ᠳᠡᠮᠵᠢᠬᠦ ᠭᠤᠤᠯ ᠠᠷᠭ᠎ᠠ ᠵᠠᠮ ᠪᠣᠯᠤᠭᠰᠠᠨ ᠤ ᠬᠤᠪᠢ  ᠳᠤ᠂ ︽ᠵᠥᠪ ᠤᠳᠤᠷᠢᠳᠤᠮᠵᠢ ᠶᠢ ᠪᠠᠷᠢᠮᠲᠠᠯᠠᠬᠤ᠂ ᠥᠪᠡᠷᠲᠡᠭᠡᠨ ᠵᠠᠰᠠᠬᠤ ᠣᠷᠣᠨ ᠤ ᠬᠢᠷᠢ ᠲᠦᠪᠰᠢᠨ ᠢ ᠳᠣᠪᠣᠶᠢᠯᠭᠠᠬᠤ᠂ ᠰᠢᠨᠵᠢᠯᠡᠬᠦ ᠤᠬᠠᠭᠠᠨᠴᠢ ᠬᠠᠮᠢᠶᠠᠷᠤᠯᠲᠠ ᠶᠢ ᠡᠷᠬᠢᠮᠯᠡᠬᠦ᠂ ᠲᠤᠰᠬᠠᠶ ᠮᠡᠷᠭᠡᠵᠢᠯᠲᠡᠨ ᠡᠷᠳᠡᠮᠲᠡᠨ ᠳᠤ ᠦᠶᠯᠡᠴᠢᠯᠡᠬᠦ︾ ᠱᠠᠭᠠᠷᠳᠠᠯᠭ᠎ᠠ ᠶᠣᠰᠣᠭᠠᠷ᠂ ᠪᠥᠬᠦ ᠣᠷᠣᠨ ᠳᠤ ᠬᠠᠨᠳᠤᠭᠤᠯᠤᠨ᠂ ᠰᠠᠶᠢᠨ ᠰᠠᠶᠢᠬᠠᠨ ᠰᠤᠳᠤᠯᠭᠠᠨ ᠤ ᠨᠥᠬᠦᠴᠡᠯ ᠲᠠᠢ᠂ ᠰᠤᠳᠤᠯᠭᠠᠨ ᠤ ᠪᠣᠳᠠᠲᠤ ᠬᠦᠴᠦᠨ ᠲᠠᠢ ᠨᠡᠶᠢᠭᠡᠮ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯᠲᠠᠨ ᠢ ᠭᠤᠤᠯᠳᠠᠯᠭ᠎ᠠ ᠲᠠᠢ ᠲᠤᠰᠠᠯᠠᠵᠤ᠂ ᠤᠳᠤᠷᠢᠳᠤᠮᠵᠢ ᠶᠢᠨ ᠴᠢᠨᠠᠷᠲᠠᠶ᠂ ᠡᠷᠬᠡ ᠰᠦᠷᠲᠦ ᠴᠢᠨᠠᠷᠲᠠᠶ᠂ ᠵᠢᠱᠢᠶ᠎ᠡ ᠦᠵᠡᠭᠦᠯᠬᠦ ᠴᠢᠨᠠᠷᠲᠠᠶ ᠦᠶᠯᠡᠳᠦᠯ ᠢ ᠨᠢ ᠭᠦᠶᠴᠡᠳ ᠪᠠᠳᠠᠷᠠᠭᠤᠯᠪᠠ᠃ ᠲᠣᠰ ᠤᠳᠠᠭ᠎ᠠ ᠮᠠᠨ ᠤ ᠬᠤᠲᠠ ᠶᠢᠨ 2 ᠲᠦᠷᠦᠯ ᠵᠦᠶᠯ ᠤᠨ ᠰᠡᠳᠦᠪ ᠳᠠᠭᠤᠰᠤᠭᠰᠠᠨ ᠨᠢ ᠮᠠᠨ ᠤ ᠬᠤᠲᠠ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠬᠢᠷᠢ ᠲᠦᠪᠰᠢᠨ ᠰᠢᠨ᠎ᠡ ᠳᠡᠭᠲᠡᠷ ᠲᠤ ᠭᠠᠷᠤᠭᠰᠠᠨ ᠢ ᠬᠠᠷᠠᠭᠤᠯᠵᠤ ᠪᠠᠶᠢᠨ᠎ᠠ᠃
 
ᠢᠷᠡᠯᠲᠡ᠄ ᠦᠬᠠᠢ ᠬᠤᠳᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号