︽ᠰᠢᠬᠢᠷ ᠢᠯᠡᠬᠦᠤ ᠢᠳᠡᠬᠦ ᠨᠢ ᠠᠮᠠᠷᠬᠠᠨ ᠰᠢᠳᠤ ᠬᠤᠷᠤᠬᠠᠢᠢᠳᠤᠨ᠎ᠠ ᠬᠡᠬᠦ ᠠᠴᠠ ᠠᠷᠪᠢᠨ ᠰᠤᠯᠠ ᠢᠳᠡᠬᠡᠨ | ᠢᠳᠡᠬᠦ ᠨᠢ ᠬᠡᠤᠬᠡᠳ ᠤᠨ ᠰᠢᠳᠤ ᠶᠢ ᠨᠠᠩ ᠬᠡᠮᠳᠤᠬᠡᠨᠠ︾ ᠬᠡᠵᠤ ᠪᠡᠬᠡᠵᠢᠩ ᠤᠨ ᠠᠮᠠᠨ ᠬᠦᠨᠳᠡᠢ ᠶᠢᠨ ᠡᠮᠨᠡᠯᠬᠡ ᠶᠢᠨ | ᠤᠬᠠᠭᠠᠨ ᠤ ᠨᠠᠶᠢᠬᠡᠮᠯᠢᠭ ᠤᠨ ᠳᠤᠰᠬᠠᠢ ᠮᠡᠷᠬᠡᠵᠢᠯᠳᠠᠨ ᠬᠡᠯᠡᠵᠤ ᠪᠠᠶᠢᠨ᠎ᠠ᠃ | ᠰᠤᠳᠤᠯᠭᠠᠨ ᠳᠤ 5 ᠨᠠᠰᠤᠳᠠᠢ ᠬᠡᠤᠬᠡᠳ ᠤᠨ 60% ᠶᠢᠨ ᠰᠢᠳᠤ ᠨᠢ ᠬᠤᠷᠤᠬᠠᠢᠢᠳᠤᠭᠰᠠᠨ ᠪᠠᠶᠢᠬᠤ ᠶᠢ | ᠢᠯᠡᠷᠡᠬᠦᠯᠪᠠ᠃ ᠡᠬᠦᠨ ᠤ ᠭᠤᠤᠯ ᠰᠢᠯᠳᠠᠭᠠᠨ ᠨᠢ᠂ ᠰᠢᠬᠢᠷ ᠠᠷᠪᠢᠨ ᠢᠳᠡᠭᠰᠡᠨ ᠠᠴᠠ ᠪᠢᠰᠢ᠂ ᠬᠠᠷᠢᠨ ᠠᠷᠪᠢᠨ | ᠤᠳᠠᠭ᠎ᠠ ᠬᠤᠭᠤᠯᠠ ᠢᠳᠡᠵᠤ᠂ ᠰᠢᠬᠢᠷᠯᠢᠭ ᠠᠮᠳᠠᠳᠠᠢ ᠰᠤᠯᠠ ᠢᠳᠡᠬᠡᠨ ᠢ ᠢᠳᠡᠭᠰᠡᠨ ᠠᠴᠠ ᠪᠤᠯᠵᠠᠢ︔ ᠪᠠᠰᠠ | ᠬᠤᠭᠤᠯᠠ ᠢᠳᠡᠭᠰᠡᠨ ᠤ ᠳᠠᠷᠠᠭ᠎ᠠ ᠠᠮᠠᠨ ᠬᠦᠨᠳᠡᠢ ᠪᠠᠨ ᠳᠠᠷᠦ᠋ᠢᠬᠠᠨ ᠠᠷᠢᠭᠤᠳᠬᠠᠬᠤ ᠦᠬᠡᠢ ᠠᠴᠠ ᠪᠤᠯᠵᠤ᠂ | ᠬᠡᠤᠬᠡᠳ ᠠᠮᠠᠷᠬᠠᠨ ᠠᠮᠠᠨ ᠬᠦᠨᠳᠡᠢ ᠶᠢᠨ ᠡᠪᠡᠳᠴᠢᠨ ᠳᠤ ᠨᠡᠷᠪᠡᠭᠳᠡᠵᠤ᠂ ᠰᠢᠳᠤ ᠨᠢ ᠬᠡᠮᠳᠤᠳᠡᠭ᠃ ᠬᠡᠤᠬᠡᠳ ᠤᠨ | ᠰᠢᠳᠤ ᠬᠤᠷᠤᠬᠠᠢᠢᠳᠤᠬᠤ ᠶᠢ ᠰᠡᠷᠬᠡᠶᠢᠯᠡᠬᠦ ᠳᠤ ᠬᠤᠭᠤᠯᠠ ᠢᠳᠡᠬᠦ ᠶᠢ ᠵᠢᠷᠤᠮᠵᠢᠭᠤᠯᠵᠤ᠂ ᠰᠢᠬᠢᠷᠯᠢᠭ ᠢᠳᠡᠬᠡᠨ ᠢ | ᠳᠤᠳᠠᠭᠤ ᠢᠳᠡᠵᠤ᠂ ᠬᠤᠭᠤᠯᠠᠨ ᠤ ᠳᠠᠷᠠᠭ᠎ᠠ ᠠᠮᠠᠨ ᠬᠦᠨᠳᠡᠢ ᠪᠠᠨ ᠠᠷᠢᠭᠤᠳᠬᠠᠵᠤ᠂ ᠠᠮᠠ ᠵᠠᠶᠢᠯᠬᠤ᠂ ᠰᠢᠳᠤ ᠪᠠᠨ | ᠤᠬᠢᠶᠠᠬᠤ ᠬᠡᠷᠡᠭᠳᠡᠢ᠃ |