ᠭᠠᠷ ᠴᠠᠭ ᠢᠶᠠᠷ ᠵᠦᠭ ᠲᠠᠨᠢᠬᠤ
ᠨᠡᠶᠢᠲᠡᠯᠡᠭᠰᠡᠨ ᠴᠠᠭ᠄
2021/3/16
     ᠭᠠᠷ ᠴᠠᠭ ᠢᠶᠠᠷ ᠵᠦᠭ ᠢ ᠲᠣᠭᠳᠠᠭᠠᠵᠤ ᠲᠡᠶᠢᠯᠬᠦ ᠦᠦ︖ ᠲᠡᠶᠢᠯᠦᠨ᠎ᠡ᠃ ᠠᠷᠭ᠎ᠠ ᠨᠢ ᠲᠤᠶᠢᠯ ᠤᠨ ᠬᠢᠯᠪᠡᠷ᠃          ᠲᠤᠬᠠᠢ ᠶᠢᠨ ᠴᠠᠭ ᠢ ᠬᠤᠶᠠᠷ ᠢᠶᠠᠷ ᠬᠤᠪᠢᠶᠠᠵᠤ ᠣᠯᠣᠭᠰᠠᠨ ᠨᠣᠭᠳᠠᠪᠣᠷᠢ ᠶᠢᠨ ᠬᠡᠮᠵᠢᠭᠳᠡᠯ ᠢ ᠴᠠᠭ ᠤᠨ ᠲᠡᠭᠡᠷᠡᠬᠢ ᠲᠤᠭ᠎ᠠ ᠲᠠᠢ ᠬᠠᠷᠭᠤᠭᠤᠯᠵᠤ᠂ ᠲᠠᠷᠠᠭ᠎ᠠ ᠨᠢ ᠡᠨᠡ ᠲᠤᠭ᠎ᠠ ᠶᠢᠨ ᠵᠢᠭᠠᠭᠰᠠᠨ ᠴᠢᠭᠯᠡᠯ ᠢ ᠨᠠᠷᠠᠨ ᠡᠰᠡᠷᠭᠦ ᠬᠠᠨᠳᠣᠭᠤᠯᠪᠠᠯ ᠴᠠᠭ ᠤᠨ ᠲᠡᠭᠡᠷᠡᠬᠢ 12 ᠤᠨ ᠵᠢᠭᠠᠭᠰᠠᠨ ᠴᠢᠭᠯᠡᠯ ᠨᠢ ᠲᠠᠷᠣᠢ ᠣᠮᠠᠷ᠎ᠠ᠃        ᠵᠢᠱᠢᠶᠡᠯᠡᠪᠡᠯ᠄ ᠲᠣᠬᠠᠢ ᠶᠢᠨ ᠴᠠᠭ ᠨᠢ ᠦᠳᠡ ᠶᠢᠨ ᠡᠮᠣᠨᠡᠬᠢ 10 ᠴᠠᠭ ᠪᠣᠯ 10 ᠶᠢ 2 ᠢᠶᠠᠷ ᠬᠤᠪᠢᠶᠠᠪᠠᠯ ᠨᠣᠭᠳᠠᠪᠣᠷᠢ ᠨᠢ 5 ᠪᠣᠯᠣᠨ᠎ᠠ᠂ ᠴᠠᠭ ᠤᠨ ᠲᠡᠭᠡᠷᠡᠬᠢ 5 ᠶᠢ ᠨᠠᠷᠠᠨ ᠡᠰᠡᠷᠭᠦ ᠬᠠᠨᠳᠣᠭᠤᠯᠪᠡᠯ ᠴᠠᠭ ᠤᠨ ᠲᠡᠭᠡᠷᠡᠬᠢ 12 ᠤᠨ ᠵᠢᠭᠠᠭᠰᠠᠨ ᠴᠢᠭᠯᠡᠯ ᠨᠢ ᠲᠠᠷᠣᠢ ᠣᠮᠠᠷ᠎ᠠ ᠵᠦᠭ ᠮᠦᠨ᠃          ᠠᠩᠬᠠᠷᠬᠤ ᠨᠢ᠄ ᠬᠡᠷᠪᠡ ᠦᠳᠡ ᠶᠢᠨ ᠬᠤᠶᠢᠨ᠎ᠠ ᠪᠣᠯ ᠡᠷᠬᠡᠪᠰᠢ 24 ᠴᠠᠭ ᠢᠶᠠᠷ ᠲᠡᠮᠳᠡᠭᠯᠡᠬᠦ ᠠᠷᠭ᠎ᠠ ᠪᠠᠷ ᠴᠠᠭ ᠢ ᠪᠣᠳᠣᠨ᠎ᠠ᠃ ᠵᠢᠱᠢᠶᠡᠯᠡᠪᠡᠯ᠄ ᠦᠳᠡ ᠶᠢᠨ ᠬᠤᠶᠢᠨ᠎ᠠ 4 ᠴᠠᠭ ᠢ 16 ᠴᠠᠭ ᠢᠶᠠᠷ ᠪᠣᠳᠣᠨ᠎ᠠ᠃  
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号