ᠮᠤᠩᠭᠤᠯᠴᠤᠳ ᠭᠦᠭᠡ ᠴᠠᠢ ᠶᠢ ᠴᠢᠨᠡᠭᠠᠳ ᠰᠦᠯᠡᠵᠤ ᠤᠤᠭᠤᠬᠤ ᠪᠤᠶᠤ ᠰᠦ ᠬᠢᠭᠦ ᠦᠭᠡᠢ ᠪᠠᠷ ᠬᠠᠷ᠎ᠡ ᠴᠠᠢ | ᠤᠤᠭᠤᠳᠠᠭ᠃ ᠭᠦᠭᠡ ᠴᠠᠢ ᠶᠢᠨ ᠭᠠᠳᠠᠷ ᠪᠠᠶᠢᠳᠠᠯ᠂ ᠦᠩᠭᠡ ᠪᠠᠷ ᠨᠢ ︽ᠭᠡᠪ ᠤᠨ ᠴᠠᠢ︾᠂ ︽ᠬᠠᠷ᠎ᠡ ᠴᠠᠢ︾᠂ ︽ | ᠬᠠᠪᠳᠠᠰᠤᠨ ᠴᠠᠢ︾ ᠭᠡᠭᠦ ᠮᠡᠳᠤ ᠪᠠᠷ ᠨᠤᠳᠤᠭ ᠨᠤᠳᠤᠭ ᠤᠨ ᠬᠢᠨ ᠦᠭᠡᠷ᠎ᠡ ᠦᠭᠡᠷ᠎ᠡ ᠪᠠᠷ ᠨᠡᠷᠡᠯᠡᠳᠡᠭ ᠶᠤᠮ᠃ | ᠴᠢᠨᠠᠵᠤ ᠢᠳᠡᠭᠡᠰᠢᠭᠦᠯᠦᠭᠰᠡᠨ ᠬᠠᠷ᠎ᠡ ᠴᠠᠢ ᠳᠠᠭᠠᠨ ᠰᠦ ᠨᠡᠶᠢᠯᠡᠭᠦᠯᠵᠦ ᠬᠢᠭᠰᠡᠨ ᠢ ᠰᠦ ᠲᠠᠢ ᠴᠠᠢ ᠭᠡᠳᠡᠭ᠃ ︽ | ᠮᠤᠩᠭᠤᠯᠴᠤᠳ ᠴᠠᠢ ᠶᠢ ᠬᠠᠮᠤᠭ ᠭᠦᠨᠳᠤᠳᠭᠡᠯ ᠲᠠᠢ ᠤᠮᠳᠠᠭᠠᠨ ᠢᠶᠠᠷ ᠦᠵᠡᠵᠤ ᠳᠡᠭᠡᠳᠤᠯᠡᠳᠡᠭ᠃ ᠰᠦ ᠲᠠᠢ ᠴᠠᠢ ᠶᠢ | ᠤᠮᠳᠠᠭᠠᠰᠬᠤ ᠦᠶ᠎ᠡ ᠳᠡᠭᠡᠨ ᠯᠠ ᠤᠤᠭᠤᠳᠠᠭ ᠪᠢᠰᠢ᠂ ᠬᠠᠷᠢᠨ ᠴᠠᠢ ᠳᠠᠭᠠᠨ ᠬᠤᠷᠤᠳ᠂ ᠰᠢᠷ᠎ᠡ ᠳᠤᠰᠤ᠂ ᠦᠷᠦᠮ᠎ᠡ᠂ | ᠵᠦᠭᠡᠭᠡᠢ ᠮᠡᠳᠤ ᠶᠢᠨ ᠴᠠᠭᠠᠨ ᠢᠳᠡᠭᠡᠨ ᠬᠢᠭᠦ ᠪᠠ ᠮᠢᠬ᠎ᠠ ᠪᠤᠷᠴᠠ ᠡᠰᠡᠭᠦᠯ᠎ᠡ ᠪᠤᠤᠪᠤ ᠪᠤᠭᠤᠷᠰᠤᠭ ᠵᠡᠷᠭᠡ | ᠢᠳᠡᠭᠡᠨ ᠲᠠᠢ ᠬᠠᠮᠳᠤ ᠤᠤᠭᠤᠳᠠᠭ᠃ ᠡᠶᠢᠮᠤ ᠠᠴᠠ ᠴᠠᠢ ᠤᠤᠭᠤᠬᠤ ᠨᠢ ᠪᠠᠷᠤᠭ ᠬᠤᠭᠤᠯᠠ ᠢᠳᠡᠭᠰᠡᠨ ᠲᠠᠢ ᠠᠳᠠᠯᠢ | ᠶᠤᠮ᠃ ᠳᠡᠷᠡᠴᠢᠯᠡᠨ ᠴᠠᠢ ᠪᠠᠨ ᠠᠭᠠᠵᠢᠮ ᠳᠠᠯᠪᠢᠵᠤ ᠤᠤᠭᠤᠳᠠᠭ ᠠᠴᠠ ᠬᠠᠯᠠᠭᠤᠨ ᠴᠠᠢ ᠳᠤ ᠳᠠᠪᠳᠦᠭᠰᠡᠨ | ᠢᠳᠡᠭᠡᠨ ᠨᠢ ᠠᠯᠭᠤᠷ ᠵᠠᠳᠠᠷᠠᠨ ᠠᠭᠤᠰᠴᠤ ᠤᠯᠠᠮ ᠴᠤ ᠠᠮᠳᠠ ᠰᠢᠮᠳᠠ ᠲᠠᠢ ᠪᠤᠯᠳᠠᠭ ᠪᠠᠶᠢᠨ᠎ᠡ᠃ ᠶᠠᠭ ᠡᠶᠢᠮᠤ ᠠᠴᠠ | ᠰᠦ ᠲᠠᠢ ᠴᠠᠢ ᠨᠢ ᠰᠢᠮ᠎ᠡ ᠭᠦᠴᠦᠨ ᠢᠶᠠᠷ ᠳᠡᠭᠦᠯᠳᠡᠷ ᠪᠠᠶᠢᠵᠤ᠂ ᠦᠯ ᠳᠠᠷᠤᠬᠤ᠂ ᠤᠮᠳᠠᠭᠠᠰᠤᠯ ᠢ ᠬᠠᠷᠢᠭᠤᠯᠬᠤ ᠪᠠᠷ | ᠦᠯᠦ ᠪᠠᠷᠡᠮ ᠴᠤᠭ ᠰᠦᠯᠳᠠ ᠶᠢ ᠰᠠᠷᠭᠦᠭᠡᠨ᠂ ᠬᠤᠳᠤᠭᠤᠳᠤ ᠭᠡᠳᠡᠰᠤᠨ ᠤ ᠠᠵᠢᠯᠯᠠᠭ᠎ᠠ ᠶᠢ ᠰᠠᠶᠢᠵᠢᠷᠠᠭᠤᠯᠬᠤ᠂ ᠭᠡᠢ | ᠰᠢᠷ᠎ᠡ ᠶᠢ ᠳᠠᠷᠤᠵᠤ ᠰᠢᠩᠭᠡᠭᠡᠯᠳᠡ ᠶᠢ ᠳᠦᠷᠭᠡᠳᠭᠡᠭᠦ᠂ ᠴᠢᠰᠤᠨ ᠤ ᠡᠷᠬᠢᠯᠳᠡ ᠶᠢ ᠰᠠᠶᠢᠵᠢᠷᠠᠭᠤᠯᠬᠤ᠂ ᠦᠭᠡᠭᠦ ᠶᠢ | ᠵᠠᠳᠠᠷᠠᠭᠤᠯᠬᠤ ᠵᠡᠷᠭᠡ ᠤᠯᠠᠨ ᠢᠳᠡᠪᠬᠢ ᠦᠢᠯᠡᠳᠤᠯ ᠲᠠᠢ ᠶᠤᠮ᠃ ᠴᠠᠢ ᠪᠤᠯ ᠠᠷᠢᠬᠢ ᠪᠤᠳᠠᠭ᠎ᠠ ᠲᠠᠢ ᠲᠠᠭᠠᠷᠠᠬᠤ ᠦᠭᠡᠢ | ᠂ ᠠᠷᠪᠢᠨ ᠤᠤᠭᠤᠭᠰᠠᠨ ᠴᠤ ᠪᠠᠶ᠎ᠡ ᠰᠠᠳᠬᠢᠯ ᠳᠤ ᠭᠡᠮ ᠪᠤᠯᠳᠠᠭ ᠦᠭᠡᠢ ᠬᠠᠷᠢᠨ ᠰᠢᠨ᠎ᠡ ᠬᠠᠭᠤᠴᠢᠨ ᠤ ᠰᠤᠯᠢᠭᠳᠠᠯ ᠢ | ᠡᠷᠴᠢᠮᠵᠢᠭᠦᠯᠦᠨ᠂ ᠴᠤᠭ ᠵᠢᠪᠬᠤᠭ᠎ᠠ ᠶᠢ ᠰᠡᠷᠭᠦᠭᠡᠳᠡᠭ︾ ᠮᠦᠨ ᠮᠦᠨᠴᠤ ︽ᠬᠠᠷ᠎ᠡ ᠴᠤ ᠭᠡᠰᠡᠨ ᠬᠠᠭᠠᠨ ᠤ | ᠷᠠᠰᠢᠶᠠᠨ᠂ ᠪᠤᠷᠤ ᠴᠤ ᠭᠡᠰᠡᠨ ᠪᠤᠭᠳᠠ ᠶᠢᠨ ᠷᠡᠰᠢᠶᠠᠨ︾ ᠭᠡᠮᠡᠨ ᠴᠠᠢ ᠶᠢ ᠮᠤᠩᠭᠤᠯᠴᠤᠳ ᠳᠡᠭᠡᠳᠤᠯᠡᠳᠡᠭ ᠨᠢ | ᠴᠠᠭᠠᠨ᠎ᠡ ᠪᠠᠨ ᠭᠦᠨ ᠤᠴᠢᠷ ᠲᠠᠢ ᠪᠠᠶᠢᠵᠡᠢ᠃ ᠰᠦ ᠲᠠᠢ ᠴᠠᠢ ᠨᠢ ᠮᠤᠩᠭᠤᠯᠴᠤᠳ ᠤᠨ ᠤᠷᠤᠰᠢᠨ ᠠᠮᠢᠳᠤᠷᠠᠵᠤ | ᠪᠠᠶᠢᠭ᠎ᠠ ᠪᠠᠶᠢᠭᠠᠯᠢ ᠤᠷᠴᠢᠨ᠂ ᠠᠮᠢᠳᠤᠷᠠᠯ ᠠᠬᠤᠢ ᠳᠤ ᠳᠤᠬᠢᠷᠠᠭᠰᠠᠨ ᠤᠮᠳᠠᠭᠠᠨ ᠪᠠᠶᠢᠵᠤ᠂ ᠭᠦᠢᠳᠡᠨ ᠳᠤ ᠪᠠᠶ᠎ᠡ ᠶᠢ | ᠳᠤᠯᠠᠭᠠᠴᠠᠭᠤᠯᠬᠤ᠂ ᠤᠮᠳᠠ ᠳᠠᠶᠢᠯᠬᠤ᠂ ᠦᠯ ᠳᠠᠷᠤᠬᠤ ᠵᠡᠷᠭᠡ ᠴᠢᠳᠠᠯ ᠴᠢᠨᠠᠷ ᠲᠠᠢ ᠠᠴᠠ ᠭᠠᠳᠠᠨ᠎ᠡ ᠮᠤᠩᠭᠤᠯᠴᠤᠳ | ᠮᠢᠬ᠎ᠠ ᠶᠡᠭᠡ ᠢᠳᠡᠳᠡᠭ ᠤᠴᠢᠷ ᠠᠴᠠ ᠭᠦᠭᠡ ᠴᠠᠢ ᠢᠯᠡᠭᠦᠦ ᠤᠤᠭᠤᠬᠤ ᠨᠢ ᠦᠭᠡᠭᠦ ᠶᠢ ᠰᠢᠩᠭᠡᠭᠡᠵᠤ᠂ ᠴᠢᠰᠤᠨ ᠤ | ᠡᠷᠬᠢᠯᠳᠡ ᠶᠢ ᠰᠠᠶᠢᠵᠢᠷᠡᠭᠤᠯᠤᠨ ᠡᠪᠡᠳᠴᠢᠨ ᠢ ᠡᠰᠡᠷᠭᠦᠴᠡᠭᠦ ᠦᠢᠯᠡᠳᠤᠯ ᠲᠠᠢ ᠪᠠᠶᠢᠳᠠᠭ᠃ ᠡᠭᠦᠨ ᠤ ᠳᠠᠭᠠᠤ ᠳᠤ | ᠤᠷᠴᠢᠮ ᠵᠢᠯ ᠤᠳ ᠸᠠᠰᠢᠩᠳᠤᠨ ᠶᠡᠭᠡ ᠰᠤᠷᠭᠠᠭᠤᠯᠢ ᠶᠢᠨ ᠮᠠᠶᠢᠺᠧᠷ ᠳ᠋ᠣᠺᠲ᠋ᠣᠷ ᠤᠨ ᠰᠤᠳᠤᠯᠭᠠᠨ ᠠᠴᠠ ᠠᠴᠠ | ᠦᠵᠡᠪᠡᠯ ᠬᠦᠬᠡ ᠴᠠᠢ ᠶᠢ ᠤᠳᠠᠭᠠᠨ ᠬᠤᠭᠤᠴᠠᠭ᠎ᠠ ᠬᠡᠲᠦᠷᠡᠲᠡᠯ᠎ᠡ ᠤᠤᠭᠤᠪᠠᠯ ᠶᠠᠰᠤ ᠰᠡᠶᠢᠷᠡᠭᠵᠢᠬᠦ ᠡᠪᠡᠳᠴᠢᠨ ᠢ | ᠡᠭᠦᠰᠬᠡᠵᠤ ᠮᠡᠳᠡᠬᠦ ᠶᠤᠮ ᠭᠡᠰᠡᠨ ᠳᠤᠷᠠᠳᠳᠤᠯᠭᠠ ᠭᠠᠷᠭᠠᠵᠠᠢ᠃ ᠤᠴᠠᠷ ᠨᠢ ᠴᠠᠢ ᠶᠢᠨ ᠮᠤᠳᠤ ᠨᠢ ᠬᠤᠷ᠎ᠠ ᠪᠤᠷᠤᠭᠠᠨ | ᠤ ᠰᠢᠮ᠎ᠡ ᠪᠠ ᠭᠠᠵᠠᠷ ᠤᠨ ᠬᠦᠷᠦᠰᠦᠨ ᠠᠴᠠ ᠶᠡᠭᠡ ᠬᠡᠮᠵᠢᠶᠡᠨ ᠤ ᠹᠧᠯᠤᠷ ᠢ ᠰᠢᠩᠭᠡᠭᠡᠨ ᠠᠪᠳᠠᠭ ᠠᠴᠠ ᠴᠠᠢ ᠶᠢᠨ | ᠹᠧᠯᠤᠷ ᠠᠭᠤᠯᠤᠭᠳᠠᠴᠠ ᠶᠢ ᠨᠡᠮᠡᠭᠳᠡᠭᠦᠯᠳᠡᠭ ᠠᠴᠠ ᠹᠧᠯᠤᠷᠲᠤ ᠶᠠᠰᠤᠨ ᠤ ᠡᠪᠡᠳᠴᠢᠨ ᠢ ᠡᠭᠦᠰᠬᠡᠵᠤ ᠮᠡᠳᠡᠨ᠎ᠡ᠃ | ᠤᠶᠢᠷ᠎ᠡ ᠶᠢᠨ ᠵᠢᠯ ᠤᠯᠤᠰ ᠤᠨ ᠳᠤᠲᠤᠭᠠᠲᠤ ᠶᠢᠨ ᠰᠤᠳᠤᠯᠭᠠᠨ ᠤ ᠪᠠᠶᠢᠴᠠᠭᠠᠯᠲᠠ ᠠᠴᠠ ᠦᠵᠡᠪᠡᠯ ᠬᠡᠪ ᠤᠨ | ᠴᠠᠢ ᠶᠢᠨ ᠹᠧᠯᠤᠷ ᠠᠭᠤᠯᠤᠭᠳᠠᠴᠨ ᠨᠢ ᠪᠠᠷᠢᠮᠵᠢᠶ᠎ᠠ ᠠᠴᠠ ᠬᠡᠲᠤᠷᠡᠵᠤ᠂ ᠬᠡᠪ ᠤᠨ ᠴᠠᠢ ᠦᠷᠭᠦᠯᠵᠢ ᠤᠤᠭᠤᠳᠠᠭ | ᠦᠪᠦᠷ ᠮᠤᠩᠭᠤᠯ ᠤᠷᠤᠨ ᠳᠤ ᠶᠠᠰᠤ ᠰᠡᠶᠢᠷᠡᠭᠵᠢᠬᠦ ᠡᠪᠡᠳᠴᠢᠨ ᠤᠯᠠᠰᠢᠷᠠᠭᠰᠠᠨ ᠪᠠᠶᠢᠨ᠎ᠠ᠃ ᠭᠡᠪᠡᠴᠤ | ᠮᠤᠩᠭᠤᠯᠴᠤᠳ ᠰᠦ ᠲᠠᠢᠴᠠᠢ ᠴᠠᠭᠠᠨ ᠢᠳᠡᠭᠡ ᠡᠳᠡᠯᠡᠳᠡᠭ ᠪᠤᠯᠬᠤᠷ ᠬᠠᠷᠢᠨ ᠹᠧᠯᠤᠷ ᠤᠨ ᠬᠤᠤᠷᠲᠠᠯ ᠪᠠᠭ᠎ᠠ | ᠪᠠᠶᠢᠳᠠᠭ᠃ ᠤᠷᠴᠢᠮ ᠤᠨ ᠵᠢᠯ ᠰᠤᠳᠤᠯᠤᠭᠴᠢᠳ ᠳᠤᠤᠷᠠᠲᠤ ᠹᠧᠯᠤᠷᠲᠤ ᠴᠠᠢ ᠶᠢ ᠤᠶᠢᠯᠳᠤᠭᠰᠡᠨ ᠲᠤᠯᠨ ᠡᠨᠡ | ᠠᠰᠠᠭᠤᠳᠠᠯ ᠢ ᠰᠢᠢᠳᠪᠦᠷᠢᠯᠡᠭᠰᠡᠨ ᠪᠠᠶᠢᠨ᠎ᠠ᠃ |