ᠬᠤᠭᠤᠷᠤᠨᠳᠤ ᠪᠠᠨ ᠬᠠᠷᠰᠢᠯᠳᠤᠬᠤ 12 ᠲᠦᠷᠦᠯ ᠤᠨ ᠵᠠᠭᠤᠰᠢ
ᠨᠡᠶᠢᠲᠡᠯᠡᠭᠰᠡᠨ ᠴᠠᠭ᠄
2021/5/13
     1. ᠲᠠᠬᠢᠶᠠᠨ ᠮᠢᠬᠠᠨ ᠱᠦᠯᠦ ︵ᠲᠠᠬᠢᠶᠠᠨ ᠮᠢᠬ᠎ᠠ + ᠮᠠᠭᠠᠵᠢ︶᠄            ᠮᠠᠭᠠᠵᠢ ᠡᠯᠢᠬᠡ ᠪᠠ ᠲᠤᠳᠤᠷ᠎ᠠ ᠪᠦᠬᠡᠷ᠎ᠡ ᠳᠤ ᠨᠦᠬᠦᠪᠦᠷᠢᠯᠡᠬᠦ ᠤᠶᠢᠯᠡᠳᠦᠯ ᠲᠠᠢ᠂   ᠪᠠᠰᠠ ᠴᠢᠰᠤ ᠨᠦᠬᠦᠪᠦᠷᠢᠯᠡᠬᠦ ᠵᠡᠷᠬᠡ ᠤᠶᠢᠯᠡᠳᠦᠯ ᠲᠠᠢ ᠪᠠᠶᠢᠳᠠᠭ᠃ ᠬᠡᠪᠡᠴᠤ ᠮᠠᠭᠠᠵᠢ   ᠶᠢ ᠲᠠᠬᠢᠶᠠᠨ ᠮᠢᠬ᠎ᠠ ᠲᠠᠢ ᠴᠤᠭ ᠢᠳᠡᠪᠡᠯ ᠬᠤᠤᠷᠳᠠᠭᠳᠠᠬᠤ ᠠᠶᠤᠯ ᠲᠠᠢ᠃            2. ᠬᠠᠭᠤᠷᠤᠭᠰᠠᠨ ᠭᠠᠰᠢᠭᠤᠨ ᠪᠤᠷᠴᠠᠭ ︵ᠰᠠᠷᠢᠮᠰᠠᠭ + ᠰᠤᠩᠭᠢᠨ᠎ᠠ︶            ᠰᠤᠩᠭᠢᠨ᠎ᠠ ᠰᠠᠷᠢᠮᠰᠠᠭ ᠨᠢ ᠪᠦᠷ ᠬᠡᠳᠡᠰᠦᠨ ᠳᠤ ᠰᠡᠳᠡᠯᠳᠡ ᠦᠭᠭᠦ ᠢᠳᠡᠬᠡᠨ   ᠪᠤᠯᠬᠤᠷ ᠬᠠᠮᠳᠤ ᠢᠳᠡᠪᠡᠯ ᠬᠡᠳᠡᠰᠣ ᠡᠪᠡᠳᠬᠦ᠂ ᠬᠡᠳᠡᠰᠣ ᠲᠤᠭᠤᠯᠬᠤ ᠵᠡᠷᠬᠡ ᠦᠵᠡᠭᠳᠡᠯ  ᠭᠠᠷᠳᠠᠭ᠃              3. ᠪᠠᠨᠠᠨᠠ ᠲᠠᠢ ᠡᠬᠡᠳᠡᠭᠰᠡᠨ ᠰᠦ ︵ᠪᠠᠨᠠᠨᠠ + ᠡᠬᠡᠳᠡᠭᠰᠡᠨ ᠰᠦ︶            ᠡᠬᠡᠳᠡᠭᠰᠡᠨ ᠰᠦ ᠨᠢ ᠰᠦᠰᠦᠨ ᠤ ᠭᠤᠨᠠᠨ ᠠᠯᠺᠤᠤᠯ ᠢ ᠲᠤᠷᠤᠭᠰᠢᠯᠠᠭᠤᠯᠳᠠᠭ᠃   ᠦᠯᠦᠨ ᠢᠶᠠᠷ ᠡᠬᠡᠳᠡᠭᠰᠡᠨ ᠰᠦ ᠤᠤᠭᠤᠪᠠᠯ ᠬᠤᠳᠤᠭᠤᠳᠤᠨ ᠲᠤᠳᠤᠷᠠᠬᠢ ᠬᠦᠴᠢᠯᠯᠢᠭ ᠤᠨ  ᠬᠡᠮᠵᠢᠶ᠎ᠡ ᠬᠡᠳᠣ ᠶᠡᠬᠡᠳᠦᠭᠰᠡᠨ ᠠᠴᠠ ᠪᠤᠯᠵᠤ᠂ ᠰᠦᠨ ᠬᠦᠴᠢᠯ ᠤᠨ ᠪᠠᠺᠲ᠋ᠧᠷᠢ ᠬᠤᠳᠤᠭᠤᠳᠤᠨ  ᠲᠤᠳᠤᠷ᠎ᠠ ᠠᠮᠢᠳᠤᠷᠠᠬᠤ ᠳᠤ ᠬᠦᠴᠢᠷ ᠪᠠᠶᠢᠵᠤ᠂ ᠡᠬᠡᠳᠡᠭᠰᠡᠨ ᠰᠦ  ᠶᠢᠨ ᠠᠰᠢᠭᠳᠤ ᠣᠶᠢᠯᠡᠳᠦᠯ   ᠢ ᠪᠠᠭᠤᠷᠠᠭᠤᠯᠳᠠᠭ ᠪᠠᠶᠢᠨ᠎ᠠ᠃ ᠪᠠᠨᠠᠨᠠ ᠲᠠᠢ ᠬᠠᠮᠳᠤ ᠢᠳᠡᠬᠦ ᠨᠢ ᠡᠷᠡᠬᠦᠯ ᠮᠡᠨᠳᠣ ᠳᠤ ᠠᠰᠢᠭ  ᠦᠭᠡᠢ᠃              4. ᠤᠯᠠᠭᠠᠨ ᠴᠢᠪᠠᠭ᠎ᠠ ᠲᠠᠢ ᠵᠢᠭᠠᠰᠤᠨ ᠱᠦᠯᠦ ︵ᠤᠯᠠᠭᠠᠨ ᠴᠢᠪᠠᠭ᠎ᠠ + ᠵᠢᠭᠠᠰᠤ  + ᠰᠤᠩᠭᠢᠨ᠎ᠠ︶            ᠤᠯᠠᠭᠠᠨ ᠴᠢᠪᠠᠭ᠎ᠠ ᠲᠡᠯᠢᠬᠦᠦ ᠬᠤᠳᠤᠭᠤᠳᠤᠨ ᠳᠤ ᠨᠦᠬᠦᠪᠦᠷᠢᠯᠡᠬᠦ ᠤᠶᠢᠯᠡᠳᠦᠯ ᠲᠠᠢ᠂  ᠵᠢᠭᠠᠰᠤ ᠪᠠ ᠰᠣᠩᠭᠢᠨ᠎ᠠ ᠲᠠᠢ ᠬᠠᠮᠳᠤ ᠢᠳᠡᠬᠦ ᠨᠢ ᠰᠢᠩᠭᠡᠭᠡᠯᠳᠡ ᠳᠤ ᠮᠠᠭᠤ ᠪᠠᠶᠢᠳᠠᠭ᠃            5. ᠴᠠᠢ ᠳᠤ ᠴᠢᠨᠠᠭᠰᠠᠨ ᠲᠠᠬᠢᠶᠠᠨ ᠦᠨᠳᠡᠭᠡ ︵ᠴᠠᠢ ᠶᠢᠨ ᠨᠠᠪᠴᠢ + ᠲᠠᠬᠢᠶᠠᠨ  ᠦᠨᠳᠡᠭᠡ︶            ᠦᠳᠬᠡᠨ ᠴᠠᠢ ᠶᠢᠨ ᠲᠤᠳᠤᠷ᠎ᠠ ᠨᠡᠯᠢᠶᠡᠳ ᠬᠡᠮᠵᠢᠶᠡᠨ ᠤ ᠲᠠᠨᠨᠢᠨ ᠬᠦᠴᠢᠯ ᠠᠭᠤᠯᠤᠭᠳᠠᠳᠠᠭ᠂  ᠲᠠᠨᠨᠢᠨ ᠬᠦᠴᠢᠯ ᠨᠢ ᠪᠤᠳᠠᠰ ᠤᠨ ᠲᠤᠳᠤᠷᠠᠬᠢ ᠤᠭᠤᠷᠠᠭ ᠢ ᠴᠠᠷᠴᠠᠮᠠᠯ ᠪᠤᠳᠠᠰ ᠪᠤᠯᠭᠠᠵᠤ᠂ ᠬᠦᠮᠦᠨ   ᠤ ᠪᠡᠶ᠎ᠡ ᠶᠢᠨ ᠤᠭᠤᠷᠠᠭ ᠰᠢᠩᠭᠡᠭᠡᠬᠦ ᠶᠢ ᠬᠠᠷᠰᠢᠯᠠᠳᠠᠭ᠃              6. ᠰᠢᠷ᠎ᠠ ᠪᠤᠷᠴᠠᠭ ᠲᠠᠢ ᠴᠢᠨᠠᠭᠰᠠᠨ ᠭᠠᠭ᠋ᠠᠢ ᠶᠢᠨ ᠰᠢᠬᠢᠷ᠎ᠠ ︵ᠭᠠᠭ᠋ᠠᠢ ᠶᠢᠨ ᠰᠢᠬᠢᠷ᠎ᠠ  + ᠰᠢᠷ᠎ᠠ ᠪᠤᠷᠴᠠᠭ︶              ᠰᠢᠷ᠎ᠠ ᠪᠤᠷᠴᠠᠭ ᠤᠨ ᠵᠠᠭᠤᠰᠢ ᠶᠢᠨ ᠰᠢᠷᠬᠢᠭᠯᠢᠭ ᠤᠨ ᠲᠤᠳᠤᠷᠠᠬᠢ ᠠᠯᠳᠧᠬᠢᠳ᠋ ᠰᠢᠬᠢᠷ  ᠬᠦᠴᠢᠯ ᠤᠨ ᠦᠯᠡᠳᠡᠭᠳᠡᠯ ᠨᠢ ᠭᠠᠭ᠋ᠠᠢ ᠶᠢᠨ ᠰᠢᠬᠢᠷ᠎ᠠ ᠶᠢᠨ ᠲᠤᠳᠤᠷᠠᠬᠢ ᠡᠷᠦᠳᠡᠰᠦᠨ ᠪᠤᠳᠠᠰ   ᠲᠠᠢ ᠬᠠᠷᠰᠢᠯᠳᠤᠵᠤ ᠬᠦᠮᠦᠨ ᠤ ᠡᠳᠡᠬᠡᠷ ᠪᠤᠳᠠᠰ ᠢ ᠰᠢᠩᠭᠡᠭᠡᠬᠦ ᠶᠢ ᠬᠠᠷᠰᠢᠯᠠᠳᠠᠭ ᠪᠠᠶᠢᠨ᠎ᠠ᠃              7. ᠪᠦᠷᠢᠶ᠎ᠡ ᠬᠤᠷᠤᠬᠠᠢ ᠲᠠᠢ ᠴᠢᠨᠠᠭᠰᠠᠨ ᠭᠠᠭ᠋ᠠᠢ ᠶᠢᠨ ᠮᠢᠬ᠎ᠠ ︵ᠪᠦᠷᠢᠶ᠎ᠠ ᠬᠤᠷᠤᠬᠠᠢ  + ᠭᠠᠭ᠋ᠠᠢ ᠶᠢᠨ ᠮᠢᠬ᠎ᠠ︶            ᠭᠠᠭ᠋ᠠᠢ ᠶᠢᠨ ᠮᠢᠬ᠎ᠠ ᠰᠡᠷᠢᠬᠦᠨ ᠲᠠᠢ ᠮᠦᠷᠳᠡᠬᠡᠨ ᠪᠢᠯᠠᠭᠤᠨ ᠪᠠᠶᠢᠵᠤ᠂ ᠪᠦᠷᠢᠶ᠎ᠠ  ᠬᠤᠷᠤᠬᠠᠢ ᠮᠦᠨ ᠶᠡᠭᠡ ᠰᠡᠷᠢᠬᠦᠨ ᠲᠠᠢ ᠪᠤᠯᠬᠤᠷ ᠶᠡᠭᠡ ᠰᠡᠷᠢᠬᠦᠳᠡᠵᠤ᠂ ᠬᠠᠮᠳᠤ ᠢᠳᠡᠬᠦ ᠨᠢ  ᠵᠤᠬᠢᠰ ᠦᠭᠡᠢ᠃              8. ᠲᠦᠪᠡᠳ ᠬᠠᠰᠢ ᠪᠠ ᠵᠢᠭᠠᠰᠤ ᠶᠢᠨ ᠬᠠᠭᠤᠷᠤᠯᠭ᠎ᠠ ︵ᠲᠦᠪᠡᠳ ᠬᠠᠰᠢ  + ᠵᠢᠭᠠᠰᠤᠨ ᠮᠢᠬ᠎ᠠ︶              ᠲᠦᠪᠡᠳ ᠬᠠᠰᠢ ᠶᠢᠨ ᠲᠤᠳᠤᠷᠠᠬᠢ ᠸᠢᠲ᠋ᠠᠮᠢᠨ C ᠨᠢ ᠵᠢᠭᠠᠰᠤᠨ ᠲᠤᠳᠤᠷᠠᠬᠢ ᠵᠡᠰ ᠤᠨ  ᠡᠯᠧᠮᠧᠨ᠋ᠲ ᠤᠨ ᠵᠠᠳᠠᠷᠠᠯᠳᠠ ᠶᠢ ᠬᠤᠷᠢᠭᠯᠠᠳᠠᠭ᠃            9. ᠰᠢᠯᠦᠬᠡᠢ ᠲᠤᠳᠤᠷᠭᠠᠨ ᠴᠠᠭᠠᠨ ᠲᠠᠢ ᠴᠢᠨᠠᠭᠰᠠᠨ ᠲᠠᠬᠢᠶᠠᠨ ᠮᠢᠬ᠎ᠠ ︵ᠰᠢᠯᠦᠬᠡᠢ  ᠲᠤᠳᠤᠷᠭ᠎ᠠ+ ᠲᠠᠬᠢᠶᠠᠨ ᠮᠢᠬ᠎ᠠ︶            ᠰᠢᠯᠦᠬᠡᠢ ᠲᠤᠳᠤᠷᠭ᠎ᠠ ᠶᠢᠨ ᠭᠤᠤᠯ ᠣᠶᠢᠯᠡᠳᠦᠯ ᠨᠢ ᠲᠡᠯᠢᠬᠦᠦ ᠬᠤᠳᠤᠭᠤᠳᠤ ᠶᠢ   ᠨᠦᠬᠦᠪᠦᠷᠢᠯᠡᠬᠦ᠂ ᠲᠡᠬᠡᠬᠦᠯᠡᠷ ᠵᠠᠷᠢᠮ ᠲᠡᠯᠢᠬᠦᠦ ᠬᠤᠳᠤᠭᠤᠳᠤᠨ ᠤ ᠠᠵᠢᠯᠯᠠᠭ᠎ᠠ ᠮᠠᠭᠤ᠂  ᠦᠷᠬᠦᠯᠵᠢ ᠬᠡᠳᠡᠰᠣ ᠲᠤᠭᠤᠯᠳᠠᠭ ᠬᠦᠮᠦᠰ ᠢᠳᠡᠪᠡᠯ ᠮᠠᠰᠢ ᠰᠠᠶᠢᠨ ᠣᠶᠢᠯᠡᠳᠦᠯ ᠲᠠᠢ ᠪᠠᠶᠢᠳᠠᠭ᠂  ᠬᠡᠬᠦ ᠳᠤ ᠪᠠᠨ ᠲᠠᠬᠢᠶᠠᠨ ᠮᠢᠬ᠎ᠠ ᠲᠠᠢ ᠬᠠᠮᠳᠣ ᠢᠳᠡᠬᠦ ᠨᠢ ᠵᠤᠬᠢᠰ ᠦᠭᠡᠢ᠃              10.ᠦᠷᠬᠡᠰᠦᠳᠣ ᠬᠡᠮᠬᠡ ᠪᠠ ᠲᠦᠪᠡᠳ ᠬᠠᠰᠢ ᠶᠢᠨ ᠰᠠᠯᠠᠳ᠋ ︵ᠦᠷᠬᠡᠰᠣᠳᠣ ᠬᠡᠮᠬᠡ  + ᠲᠦᠪᠡᠳ ᠬᠠᠰᠢ︶              ᠲᠦᠪᠡᠳ ᠬᠠᠰᠢ ᠳᠤ ᠠᠭᠤᠯᠤᠭᠳᠠᠬᠤ ᠶᠡᠭᠡ ᠬᠡᠮᠵᠢᠶᠡᠨ ᠤ ᠸᠢᠲ᠋ᠠᠮᠢᠨ C ᠨᠢ  ᠡᠪᠡᠳᠴᠢᠨ ᠠᠴᠠ ᠡᠰᠡᠷᠬᠦᠴᠡᠬᠦ ᠴᠢᠳᠠᠪᠤᠷᠢ ᠶᠢ ᠲᠡᠭᠡᠭᠰᠢᠯᠡᠬᠦᠯᠵᠤ᠂ ᠴᠢᠰᠤ ᠮᠠᠭᠤᠳᠠᠬᠤ ᠡᠪᠡᠳᠴᠢᠨ   ᠠᠴᠠ ᠰᠡᠷᠬᠡᠶᠢᠯᠡᠬᠦ᠂ ᠦᠷᠪᠢᠰᠦᠬᠦ ᠠᠴᠠ ᠰᠡᠷᠬᠡᠶᠢᠯᠡᠬᠦ ᠵᠡᠷᠬᠡ ᠣᠶᠢᠯᠡᠳᠦᠯ ᠲᠠᠢ᠃ ᠦᠷᠬᠡᠰᠤᠳᠤ  ᠬᠡᠮᠬᠡ ᠳᠤ ᠸᠢᠲ᠋ᠠᠮᠢᠨ C ᠶᠢ ᠵᠠᠳᠠᠷᠠᠭᠤᠯᠬᠤ ᠢᠰᠬᠡᠬᠦᠷ ᠠᠭᠤᠯᠤᠭᠳᠠᠳᠠᠭ ᠠᠴᠠ ᠲᠡᠳᠡᠨ ᠢ  ᠬᠠᠮᠳᠣ ᠢᠳᠡᠪᠡᠯ ᠸᠢᠲ᠋ᠠᠮᠢᠨ C ᠡᠪᠳᠡᠭᠳᠡᠬᠦ ᠪᠤᠯᠤᠨ᠎ᠠ᠃                11. ᠬᠦᠴᠢᠯᠯᠢᠭ ᠭᠠᠰᠢᠭᠤᠨ ᠦᠷᠬᠡᠰᠦᠳᠣ ᠬᠡᠮᠬᠡ ᠶᠢ ᠹᠧᠨᠲ᠋ᠢᠶᠤᠤᠷ ᠲᠠᠢ ᠬᠤᠯᠢᠵᠤ   ᠢᠳᠡᠬᠦ ︵ᠦᠷᠬᠡᠰᠦᠳᠤ ᠬᠡᠮᠬᠡ + ᠯᠠᠵᠤᠤ︶              ᠦᠷᠬᠡᠰᠦᠳᠣ ᠬᠡᠮᠬᠡ ᠳᠤ ᠸᠢᠲ᠋ᠠᠮᠢᠨ C ᠶᠢ ᠵᠠᠳᠠᠷᠠᠭᠤᠯᠬᠤ ᠢᠰᠬᠡᠬᠦᠷ ᠠᠭᠤᠯᠤᠭᠳᠠᠳᠠᠭ   ᠠᠴᠠ ᠯᠠᠵᠤᠤ ᠶᠢᠨ ᠲᠤᠳᠤᠷᠠᠬᠢ ᠸᠢᠲ᠋ᠠᠮᠢᠨ C ᠶᠢ ᠡᠪᠳᠡᠵᠤ᠂ ᠰᠢᠮ᠎ᠡ ᠲᠡᠵᠢᠬᠡᠯ ᠢ ᠨᠢ  ᠪᠠᠭᠤᠷᠠᠭᠤᠯᠳᠠᠭ᠃              12. ᠪᠦᠸᠧᠼᠠᠢ ᠨᠤᠭᠤᠭ᠎ᠠ ᠪᠠ ᠳ᠋ᠧᠦᠹᠦ᠋ ᠶᠢᠨ ᠱᠦᠯᠦ ︵ᠪᠦᠸᠧᠼᠠᠢ ᠨᠤᠭᠤᠭ᠎ᠠ +  ᠳ᠋ᠧᠦᠹᠦ᠋︶                ᠳ᠋ᠧᠦᠹᠦ᠋ ᠪᠠ ᠪᠦᠸᠧᠼᠠᠢ ᠨᠤᠭᠤᠭ᠎ᠠ ᠶᠢ ᠬᠠᠮᠳᠣ ᠢᠳᠡᠪᠡᠯ ᠡᠪᠡᠰᠦᠨ ᠬᠦᠴᠢᠯᠳᠣ ᠮᠠᠨᠨᠠᠢ ᠡᠬᠦᠰᠳᠡᠭ ᠠᠴᠠ ᠬᠦᠮᠦᠨ ᠤ ᠪᠡᠶ᠎ᠡ ᠳᠤ ᠠᠮᠠᠷᠬᠠᠨ ᠰᠢᠩᠭᠡᠳᠡᠭ ᠦᠭᠡᠢ᠃    
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号