ᠬᠤᠲᠠ ᠶᠢᠨ ᠨᠠᠮ ᠤᠨ ᠬᠤᠷᠢᠶᠠᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2021/6/1
     5 ᠰᠠᠷ᠎ᠠ ᠶᠢᠨ 31 ᠤ ᠡᠳᠦᠷ᠂ ᠬᠤᠲᠠ ᠶᠢᠨ ᠨᠠᠮ ᠤᠨ ᠬᠤᠷᠢᠶᠠᠨ ᠤ ᠱᠦᠵᠢ ᠳᠠᠩ ᠢ ᠬᠤᠲᠠ ᠶᠢᠨ ᠨᠠᠮ ᠤᠨ ᠬᠤᠷᠢᠶᠠᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠬᠤᠷᠠᠯ ᠢ ᠡᠷᠬᠢᠯᠡᠨ ᠬᠤᠷᠠᠯᠳᠤᠭᠤᠯᠵᠤ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ 2020 ᠣᠨ ᠤ ᠦᠬᠠᠶ ᠬᠤᠲᠠ ᠶᠢᠨ ᠨᠠᠮ ᠤᠨ ᠬᠤᠷᠢᠶᠠᠨ ᠤ ᠱᠦᠵᠢ ᠶᠢᠨ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢᠨ ᠠᠵᠢᠯ ᠢ ᠠᠳᠬᠤᠭᠰᠠᠨ ᠲᠤᠬᠠᠶ ᠶᠡᠷᠦᠩᠬᠡᠶᠢᠯᠡᠭᠰᠡᠨ ᠦᠨᠡᠯᠡᠯᠲᠡ ᠶᠢᠨ ᠰᠠᠨᠠᠯ ᠵᠢᠴᠢ ᠮᠠᠨ ᠤ ᠬᠤᠲᠠ ᠶᠢᠨ ᠲᠤᠤᠱᠯᠠᠭᠤᠯᠤᠨ ᠨᠠᠶᠢᠳᠠᠪᠤᠷᠢᠵᠢᠭᠤᠯᠬᠤ ᠰᠠᠨᠠᠯ ᠢ ᠤᠯᠠᠮᠵᠢᠯᠠᠵᠤ᠂ ︽ᠬᠤᠲᠠ ᠶᠢᠨ ᠨᠠᠮ ᠤᠨ ᠬᠤᠷᠢᠶᠠᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ 2021 ᠣᠨ ᠤ ᠠᠵᠢᠯ ᠤᠨ ᠭᠤᠤᠯᠳᠠᠯᠭ᠎ᠠ︾ ᠶᠢ ᠬᠢᠨᠠᠨ ᠵᠥᠪᠯᠡᠵᠦ᠂ ᠡᠨᠡ ᠵᠢᠯ ᠤᠨ ᠪᠥᠬᠦ ᠬᠤᠲᠠ ᠶᠢᠨ ᠨᠠᠮ ᠤᠨ ᠪᠠᠶᠢᠭᠤᠯᠤᠯᠲᠠ ᠶᠢᠨ ᠠᠵᠢᠯ ᠳᠤ ᠲᠣᠬᠢᠷᠠᠭᠤᠯᠤᠯᠲᠠ ᠪᠠᠶᠢᠷᠢᠯᠠᠭᠤᠯᠤᠯᠲᠠ ᠬᠢᠪᠠ᠃ ᠬᠤᠳᠠ ᠶᠢᠨ ᠤᠳᠤᠷᠢᠳᠤᠯᠭ᠎ᠠ ᠹᠧᠩ ᠰᠢᠤᠸᠠᠢ ᠲᠤᠤ᠂ ᠼᠦᠢ ᠵᠢᠩ ᠶᠢᠩ᠂ ᠰᠣ᠋ ᠵᠦᠩ ᠱᠧᠩ ᠬᠤᠷᠠᠯ ᠳᠤ ᠣᠷᠣᠯᠴᠠᠪᠠ᠃      ᠲᠠᠩ ᠢ ᠵᠢᠭᠠᠵᠤ ᠭᠠᠷᠭᠠᠬᠤ ᠳᠠᠭᠠᠨ᠂ ᠨᠠᠮ ᠵᠠᠰᠠᠭ ᠴᠡᠷᠢᠭ ᠠᠷᠠᠳ ᠰᠤᠷᠭᠠᠭᠤᠯᠢ᠂ ᠲᠦᠷᠪᠡᠨ ᠵᠦᠭ ᠨᠠᠢᠮᠠᠨ ᠵᠣᠪᠬᠢᠰ ᠲᠤ ᠨᠠᠮ ᠠᠯᠢᠪᠠ ᠶᠢ ᠤᠳᠤᠷᠢᠳᠤᠨ᠎ᠠ᠃ ᠪᠦᠬᠦ ᠬᠤᠲᠠ ᠶᠢᠨ ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠦᠵᠡᠯ ᠰᠠᠨᠠᠭᠠᠨ ᠤ ᠲᠠᠯ᠎ᠠ ᠪᠠᠷ ᠨᠠᠮ ᠤᠨ ᠪᠦᠬᠦ ᠲᠠᠯ᠎ᠠ ᠶᠢᠨ ᠤᠳᠤᠷᠢᠳᠤᠯᠭ᠎ᠠ ᠶᠢ ᠴᠢᠩᠭᠠᠳᠬᠠᠬᠤ ᠴᠢᠬᠤᠯᠠ ᠴᠢᠨᠠᠷ ᠤᠨ ᠲᠤᠬᠠᠶ ᠲᠠᠨᠢᠯᠲᠠ ᠪᠠᠨ ᠲᠠᠰᠤᠷᠠᠯᠲᠠ ᠦᠭᠡᠶ ᠭᠦᠨᠵᠡᠭᠡᠶᠢᠷᠡᠭᠦᠯᠵᠦ᠂ ᠨᠠᠮ ᠤᠨ ᠤᠳᠤᠷᠢᠳᠤᠯᠭ᠎ᠠ ᠶᠢ ᠤᠯᠤᠰ ᠤᠨ ᠵᠠᠰᠠᠯᠲᠠ ᠶᠢᠨ ᠡᠯ᠎ᠡ ᠬᠦᠷᠢᠶ᠎ᠡ ᠡᠯ᠎ᠡ ᠲᠠᠯ᠎ᠠ ᠡᠯ᠎ᠡ ᠭᠤᠭᠴᠤᠭ᠎ᠠ ᠳᠤ ᠨᠠᠶᠢᠳᠠᠪᠤᠷᠢᠵᠢᠭᠤᠯᠬᠤ ᠪᠠᠷ ᠬᠦᠴᠦᠯᠡᠵᠦ᠂ ᠲᠦᠷᠦ ᠪᠠᠷᠢᠬᠤ ᠴᠢᠳᠠᠪᠤᠷᠢ ᠪᠣᠯᠤᠨ ᠤᠳᠤᠷᠢᠳᠬᠤ ᠲᠦᠪᠰᠢᠨ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠨᠠᠮ ᠢ ᠬᠠᠮᠢᠶᠠᠷᠴᠤ ᠨᠠᠮ ᠢ ᠵᠠᠰᠠᠬᠤ ᠡᠯ᠎ᠡ ᠵᠦᠢᠯ ᠤᠨ ᠠᠵᠢᠯ ᠢ ᠦᠨᠡᠨᠬᠦ ᠨᠠᠷᠢᠨ ᠪᠣᠳᠠᠲᠠᠢ ᠠᠳᠬᠤᠵᠤ ᠦᠷ᠎ᠡ ᠪᠦᠲᠦᠮᠵᠢ ᠭᠠᠷᠭᠠᠵᠤ᠂ ᠴᠢᠨᠠᠷ ᠰᠠᠶᠢᠲᠠᠢ ᠨᠠᠮ ᠤᠨ ᠪᠠᠶᠢᠭᠤᠯᠤᠯᠲᠠ ᠪᠠᠷ ᠭᠠᠵᠠᠷ ᠣᠷᠣᠨ ᠢ ᠬᠦᠳᠦᠯᠦᠨ ᠳᠠᠭᠠᠭᠤᠯᠵᠤ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ᠂ ᠴᠢᠨᠠᠷ ᠰᠠᠶᠢᠲᠠᠢ ᠠᠮᠢᠳᠤᠷᠠᠯ ᠢ ᠡᠭᠦᠳᠴᠦ᠂ ᠥᠨᠳᠥᠷ ᠪᠦᠲᠦᠮᠵᠢᠲᠡᠢ ᠵᠠᠰᠠᠯᠲᠠ ᠶᠢ ᠪᠡᠶᠡᠯᠡᠭᠦᠯᠬᠦ ᠬᠡᠷᠡᠭᠲᠡᠢ ᠬᠡᠵᠡᠢ᠃      ᠲᠠᠩ ᠢ ᠴᠢᠬᠤᠯᠠᠴᠢᠯᠠᠭᠰᠠᠨ ᠨᠢ᠂ ᠤᠯᠤᠰ ᠲᠦᠷᠦ ᠶᠢᠨ ᠪᠠᠶᠢᠭᠤᠯᠤᠯᠲᠠ ᠶᠢ ᠲᠡᠷᠢᠭᠦᠨ ᠪᠠᠶᠢᠷᠢᠨ ᠳᠤ ᠲᠠᠯᠪᠢᠵᠤ᠂ ᠵᠥᠪ ᠣᠨᠣᠪᠴᠢᠲᠠᠢ ᠤᠯᠤᠰ ᠲᠦᠷᠦ ᠶᠢᠨ ᠴᠢᠭᠯᠡᠯ ᠢ ᠪᠠᠲᠤᠳᠬᠠᠵᠤ᠂ ᠺᠠᠳ᠋ᠷᠴᠤᠳ ᠤᠨ ᠤᠯᠤᠰ ᠲᠦᠷᠦ ᠶᠢᠨ ᠪᠣᠯᠪᠠᠰᠤᠷᠠᠯ ᠢ ᠦᠷᠭᠦᠯᠵᠢᠯᠡᠨ ᠴᠢᠩᠭᠠᠳᠬᠠᠵᠤ᠂ ᠤᠯᠤᠰ ᠲᠦᠷᠦ ᠶᠢᠨ ᠮᠠᠭᠠᠳᠯᠠᠬᠤ ᠴᠢᠳᠠᠪᠤᠷᠢ᠂ ᠤᠯᠤᠰ ᠲᠦᠷᠦ ᠶᠢᠨ ᠣᠬᠠᠬᠤ ᠴᠢᠳᠠᠪᠤᠷᠢ᠂ ᠤᠯᠤᠰ ᠲᠦᠷᠦ ᠶᠢᠨ ᠬᠡᠷᠡᠭᠵᠢᠭᠦᠯᠬᠦ ᠴᠢᠳᠠᠪᠤᠷᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ᠃ ᠣᠨᠣᠯ ᠢᠶᠠᠷ ᠵᠡᠪᠰᠡᠭᠯᠡᠬᠦ ᠶᠢ ᠦᠷᠭᠦᠯᠵᠢᠯᠡᠨ ᠴᠢᠩᠭᠠᠳᠬᠠᠵᠤ᠂ ᠨᠡᠶᠢᠭᠡᠮ ᠵᠢᠷᠤᠮ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠶᠢᠨ ᠲᠣᠭᠤᠷᠢᠨ ᠳᠤ ᠬᠥᠮᠦᠵᠢᠯ᠂ ᠤᠬᠠᠭᠤᠯᠭ᠎ᠠ ᠪᠠ ᠪᠣᠯᠪᠠᠰᠤᠷᠠᠭᠤᠯᠤᠯ ᠢ ᠪᠦᠬᠦ ᠲᠠᠯ᠎ᠠ ᠪᠠᠷ ᠥᠷᠨᠢᠭᠦᠯᠵᠦ᠂ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠢ ᠴᠢᠨᠠᠷ ᠰᠠᠶᠢᠲᠠᠶ ᠰᠠᠶᠢᠲᠤᠷ ᠠᠳᠬᠤᠵᠤ᠂ ︽ᠣᠭ ᠰᠠᠨᠠᠭ᠎ᠠ ᠪᠠᠨ ᠥᠯᠥ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ︾ ᠭᠤᠤᠯ ᠰᠡᠳᠦᠪᠲᠦ ᠬᠥᠮᠦᠵᠢᠯ ᠤᠨ ᠦᠷ᠎ᠡ ᠪᠦᠲᠦᠭᠡᠯ ᠢ ᠪᠠᠬᠢᠵᠢᠭᠦᠯᠵᠦ᠂ ᠡᠯ᠎ᠡ ᠱᠠᠲᠤᠨ ᠤ ᠤᠳᠤᠷᠢᠳᠬᠤ ᠺᠠᠳ᠋ᠷᠴᠤᠳ ᠤᠨ ᠥᠪᠥᠷ ᠮᠣᠩᠭᠤᠯ ᠤᠨ ᠪᠠᠶᠢᠯᠳᠤᠬᠤ ᠪᠣᠳᠣᠯᠭ᠎ᠠ ᠶᠢᠨ ᠪᠠᠶᠢᠷᠢ ᠰᠠᠭᠤᠷᠢ᠂ ᠪᠠᠶᠢᠯᠳᠤᠬᠤ ᠪᠣᠳᠣᠯᠭ᠎ᠠ ᠶᠢᠨ ᠪᠠᠶᠢᠷᠢ ᠲᠣᠭᠲᠠᠭᠠᠯᠲᠠ᠂ ᠲᠡᠮᠡᠴᠡᠯ ᠤᠨ ᠬᠠᠷᠠᠯᠲᠠ᠂ ᠬᠥᠭᠵᠢᠯᠲᠡ ᠶᠢᠨ ᠵᠠᠮ ᠱᠤᠭᠤᠮ ᠪᠠ ᠠᠷᠭ᠎ᠠ ᠮᠠᠶ᠋ᠢᠭ ᠤᠨ ᠲᠤᠬᠠᠶ ᠲᠠᠨᠢᠯᠲᠠ ᠪᠠᠨ ᠲᠠᠰᠤᠷᠠᠯᠲᠠ ᠥᠬᠡᠶ ᠭᠦᠨᠵᠡᠭᠡᠶᠢᠷᠡᠭᠦᠯᠵᠦ᠂ ᠠᠮᠢ ᠠᠬᠤᠶ ᠶᠢ ᠣᠷᠢᠳᠠᠪᠡᠷ ᠪᠤᠲᠤᠯᠭᠢᠯᠠᠭᠰᠠᠨ᠂ ᠪᠣᠬᠢᠷᠲᠤᠯ ᠥᠬᠡᠶ ᠬᠥᠭᠵᠢᠯᠲᠡ ᠪᠠᠷ ᠤᠳᠤᠷᠢᠳᠤᠮᠵᠢ ᠪᠣᠯᠭᠠᠭᠰᠠᠨ ᠴᠢᠨᠠᠷ ᠰᠠᠶᠢᠲᠠᠶ ᠬᠥᠭᠵᠢᠯᠲᠡ ᠶᠢᠨ ᠰᠢᠨ᠎ᠡ ᠵᠠᠮ ᠢᠶᠠᠷ ᠭᠤᠶᠢᠪᠢᠰᠢ ᠥᠬᠡᠶ ᠰᠠᠶᠢᠲᠤᠷ ᠵᠠᠮᠨᠠᠬᠤ ᠬᠡᠷᠡᠭᠲᠡᠶ᠃ ᠡᠯ᠎ᠡ ᠱᠠᠲᠤᠨ ᠤ ᠤᠳᠤᠷᠢᠳᠬᠤ ᠪᠠᠭ ᠤᠨ ᠲᠥᠪᠯᠡᠷᠡᠭᠦᠯᠦᠨ ᠬᠤᠭᠤᠴᠠᠭ᠎ᠠ ᠰᠣᠯᠢᠬᠤ ᠶᠢ ᠨᠠᠷᠢᠨ ᠨᠢᠮᠪᠠᠶ ᠵᠣᠬᠢᠶᠠᠨ ᠪᠠᠶᠢᠭᠤᠯᠵᠤ᠂ ᠰᠤᠷᠲᠠᠯ ᠴᠢᠬᠡᠴᠢ ᠣᠪᠣᠷ ᠲᠥᠪ ᠬᠤᠭᠤᠴᠠᠭ᠎ᠠ ᠰᠣᠯᠢᠬᠤ ᠣᠷᠴᠢᠨ ᠲᠣᠭᠤᠷᠢᠨ ᠢ ᠪᠤᠢ ᠪᠣᠯᠭᠠᠵᠤ᠂ ᠨᠠᠮ ᠤᠨ ᠪᠠᠶᠢᠭᠤᠯᠤᠯᠲᠠ ᠶᠢᠨ ᠠᠵᠢᠯ ᠢ ᠰᠠᠶᠢᠲᠤᠷ ᠠᠳᠬᠤᠬᠤ ᠳᠤ ᠣᠷᠣᠰᠢᠵᠤ ᠪᠠᠶᠢᠭ᠎ᠠ ᠠᠰᠠᠭᠤᠳᠠᠯ ᠣᠨᠴᠠᠭᠠᠶᠢᠯᠠᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠱᠦᠵᠢ ᠱᠢ ᠲᠠᠢ ᠹᠧᠩ ᠡᠯ᠎ᠡ ᠠᠶᠢᠮᠠᠭ ᠬᠤᠳᠠ ᠶᠢᠨ ᠨᠠᠮ ᠤᠨ ᠬᠤᠷᠢᠶᠠᠨ ᠤ ᠱᠦᠵᠢ ᠶᠢᠨ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢ ᠠᠳᠬᠤᠭᠰᠠᠨ ᠠᠵᠢᠯ ᠤᠨ ᠬᠠᠷᠢᠭᠤ ᠮᠡᠳᠡᠭᠦᠯᠦᠯᠲᠡ ᠶᠢ ᠰᠣᠨᠣᠰᠬᠤ ᠳᠠᠭᠠᠨ ᠠᠰᠠᠭᠤᠳᠠᠯ ᠢ ᠴᠡᠭᠴᠡᠯᠡᠨ ᠰᠠᠶᠢᠵᠢᠷᠠᠭᠤᠯᠵᠤ ᠨᠠᠶᠢᠳᠠᠪᠤᠷᠢᠵᠢᠭᠤᠯᠬᠤ ᠶᠢ ᠦᠨᠡᠯᠡᠵᠦ᠂ ᠤᠨᠴᠠᠯᠢᠬᠳᠤ ᠨᠠᠮ ᠤᠨ ᠪᠠᠶᠢᠭᠤᠯᠤᠯᠲᠠ ᠶᠢᠨ ᠲᠦᠷᠦᠯ ᠲᠡᠮᠳᠡᠭ ᠢ ᠢᠳᠡᠪᠬᠢᠲᠡᠢ ᠡᠭᠦᠳᠴᠦ᠂ ᠪᠦᠬᠦ ᠬᠤᠳᠠ ᠶᠢᠨ ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢ ᠨᠡᠩ ᠪᠠᠲᠤ ᠴᠢᠩᠭ᠎ᠠ ᠬᠦᠴᠦᠨ ᠲᠠᠢ ᠪᠣᠯᠭᠠᠨ ᠪᠠᠶᠢᠭᠤᠯᠬᠤ ᠬᠡᠷᠡᠭᠲᠡᠢ᠃ ᠰᠤᠷᠲᠠᠯ ᠢᠶᠠᠨ ᠲᠥᠪ ᠪᠣᠯᠭᠠᠨ ᠰᠠᠬᠢᠯᠭ᠎ᠠ ᠪᠠᠲᠤ ᠶᠢ ᠴᠢᠩᠳᠠᠯᠠᠵᠤ ᠢᠯᠵᠢᠷᠡᠯ ᠢ ᠡᠰᠡᠷᠭᠦᠴᠡᠬᠦ ᠶᠢ ᠴᠥᠬᠦᠷᠡᠰᠢ ᠦᠭᠡᠢ ᠪᠠᠷᠢᠮᠲᠠᠯᠠᠵᠤ᠂ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠡᠯ᠎ᠡ ᠵᠦᠢᠯ ᠤᠨ ᠭᠤᠣᠯᠳᠠᠯᠭ᠎ᠠ ᠲᠠᠢ ᠡᠭᠦᠷᠭᠡ᠂ ᠭᠤᠣᠯᠳᠠᠯᠭ᠎ᠠ ᠲᠠᠢ ᠠᠵᠢᠯ ᠢ ᠨᠠᠶᠢᠳᠠᠪᠤᠷᠢᠵᠢᠭᠤᠯᠤᠭᠰᠠᠨ ᠪᠠᠶᠢᠳᠠᠯ ᠲᠠᠢ ᠤᠶᠠᠯᠳᠤᠭᠤᠯᠤᠨ ᠤᠯᠤᠰ ᠲᠦᠷᠦ ᠶᠢᠨ ᠬᠢᠨᠠᠯᠲᠠ ᠪᠠᠨ ᠦᠷᠭᠦᠯᠵᠢᠯᠡᠨ ᠴᠢᠩᠭᠠᠳᠬᠠᠵᠤ᠂ ︽ᠲᠦᠷᠪᠡᠨ ᠰᠤᠷᠲᠠᠯ︾ ᠢ ᠥᠴᠦᠬᠡᠨ ᠴᠦ ᠰᠤᠯᠠᠷᠠᠭᠤᠯᠤᠯ ᠦᠭᠡᠢ ᠵᠠᠯᠠᠷᠠᠭᠤᠯᠤᠨ ᠵᠠᠰᠠᠵᠤ᠂ ᠡᠯ᠎ᠡ ᠬᠦᠷᠢᠶᠡᠨ ᠤ ᠲᠤᠰᠬᠠᠢ ᠲᠦᠷᠦᠯ ᠤᠨ ᠴᠡᠭᠴᠡᠯᠡᠨ ᠵᠠᠰᠠᠯᠲᠠ ᠶᠢ ᠨᠠᠷᠢᠨ ᠬᠢᠨᠠᠮᠠᠭᠠᠢ ᠰᠠᠶᠢᠲᠤᠷ ᠠᠳᠬᠤᠵᠤ᠂ ᠤᠯᠤᠰ ᠲᠦᠷᠦ ᠶᠢᠨ ᠠᠮᠢ ᠠᠬᠤᠢ ᠶᠢ ᠴᠡᠪᠡᠷᠰᠢᠭᠦᠯᠬᠦ ᠪᠠᠶᠢᠩᠭᠤᠵᠢᠭᠤᠯᠬᠤ ᠠᠷᠭ᠎ᠠ ᠬᠡᠮᠵᠢᠶ᠎ᠡ ᠶᠢ ᠰᠠᠶᠢᠲᠤᠷ ᠨᠠᠶᠢᠳᠠᠪᠤᠷᠢᠵᠢᠭᠤᠯᠵᠤ᠂ ᠤᠯᠤᠰ ᠲᠦᠷᠦ ᠶᠢᠨ ᠠᠮᠢ ᠠᠬᠤᠢ ᠪᠠᠷ ᠣᠷᠣᠨ ᠨᠤᠲᠤᠭ ᠤᠨ ᠠᠵᠤ ᠠᠬᠤᠢ ᠨᠡᠶᠢᠭᠡᠮ ᠤᠨ ᠦᠷᠭᠦᠯᠵᠢᠯᠡᠬᠦ ᠬᠥᠭᠵᠢᠯᠲᠡ ᠶᠢ ᠠᠬᠢᠭᠤᠯᠬᠤ ᠬᠡᠷᠡᠭᠲᠡᠢ᠃ ᠨᠠᠮ ᠤᠨ ᠪᠠᠶᠢᠭᠤᠯᠤᠯᠲᠠ ᠶᠢ ᠰᠠᠶᠢᠲᠤᠷ ᠠᠳᠬᠤᠬᠤ ᠶᠢ ᠬᠠᠮᠤᠭ ᠤᠨ ᠶᠡᠭᠡ ᠠᠵᠢᠯ ᠤᠨ ᠪᠦᠲᠦᠮᠵᠢ ᠪᠣᠯᠭᠠᠵᠤ᠂ ᠨᠠᠮ ᠢ ᠬᠠᠮᠢᠶᠠᠷᠴᠤ ᠨᠠᠮ ᠢ ᠵᠠᠰᠠᠬᠤ ᠤᠯᠤᠰ ᠲᠦᠷᠦ ᠶᠢᠨ ᠬᠠᠷᠢᠭᠤᠴᠠᠯᠭ᠎ᠠ ᠶᠢ ᠦᠨᠡᠨᠬᠦ ᠡᠭᠦᠷᠭᠡᠯᠡᠵᠦ᠂ ᠭᠠᠷ ᠲᠠᠭᠠᠨ ᠠᠳᠬᠤᠵᠤ᠂ ᠪᠣᠳᠠᠲᠠᠢ ᠳᠤ ᠨᠠᠶᠢᠳᠠᠪᠤᠷᠢᠵᠢᠭᠤᠯᠵᠤ᠂ ᠪᠦᠬᠦ ᠬᠤᠳᠠ ᠶᠢᠨ ᠨᠠᠮ ᠤᠨ ᠪᠠᠶᠢᠭᠤᠯᠤᠯᠲᠠ ᠶᠢᠨ ᠠᠵᠢᠯ ᠤᠨ ᠶᠠᠰᠤ ᠴᠢᠨᠠᠷ ᠢ ᠳᠡᠭᠡᠭᠰᠢᠯᠡᠭᠦᠯᠵᠦ ᠦᠷ᠎ᠡ ᠠᠰᠢᠭ ᠢ ᠨᠡᠮᠡᠭᠳᠡᠭᠦᠯᠬᠦ ᠶᠢ ᠪᠦᠬᠦ ᠲᠠᠯ᠎ᠠ ᠪᠠᠷ ᠠᠬᠢᠭᠤᠯᠵᠤ᠂ ᠭᠠᠵᠠᠷ ᠣᠷᠣᠨ ᠤ ᠴᠢᠨᠠᠷ ᠰᠠᠶᠢᠲᠠᠢ ᠬᠥᠭᠵᠢᠯᠲᠡ ᠳᠤ ᠨᠠᠶᠢᠳᠠᠪᠤᠷᠢᠲᠠᠢ ᠪᠠᠲᠤᠯᠠᠭ᠎ᠠ ᠬᠠᠩᠭᠠᠬᠤ ᠬᠡᠷᠡᠭᠲᠡᠢ ᠬᠡᠵᠡᠢ᠃
 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号