ᠶᠠᠫᠤᠨ ᠤ ᠵᠦᠪᠦ᠋ᠸᠧ ᠶᠡᠭᠡ ᠰᠤᠷᠭᠠᠭᠤᠯᠢ ᠶᠢᠨ ᠨᠦᠢᠷ ᠤᠨ ᠶᠡᠷᠦᠩᠭᠡᠶᠢᠯᠡᠭᠰᠡᠨ ᠰᠤᠳᠤᠯᠭᠠᠨ ᠤ ᠭᠠᠵᠠᠷ ᠤᠨ | ᠬᠠᠮᠤᠬ ᠤᠨ ᠰᠢᠨ᠎ᠡ ᠰᠤᠳᠤᠯᠭᠠᠨ ᠢ ᠦᠨᠳᠦᠰᠦᠯᠡᠪᠡᠯ᠂ ᠪᠠᠶᠢᠭᠠᠯᠢᠯᠢᠬ ᠬᠢᠮᠢ ᠶᠢᠨ ᠨᠡᠶᠢᠯᠡᠮᠡᠯ ᠡᠳ᠋ ᠬᠤᠷᠢᠨ ᠨᠠᠢᠮᠠᠨ | ᠠᠯᠺᠤᠤᠯ ᠨᠦᠢᠷ ᠬᠤᠯᠵᠢᠬᠤ ᠶᠢ ᠨᠠᠮᠳᠠᠭᠠᠬᠤ ᠳᠤ ᠳᠤᠰᠠᠳᠠᠢ᠃ | ᠳᠤᠰ ᠬᠢᠮᠢ ᠶᠢᠨ ᠨᠡᠶᠢᠯᠡᠮᠡᠯ ᠡᠳ᠋ ᠨᠢ ᠨᠢᠰᠢᠩᠬᠦ᠂ ᠪᠤᠭᠤᠳᠠᠢ ᠶᠢᠨ ᠬᠠᠯᠢᠰᠤᠨ ᠳᠤᠰᠤ ᠪᠠ ᠵᠦᠭᠡᠢ ᠶᠢᠨ ᠯᠡ ᠳᠤ | ᠡᠯᠪᠡᠭ ᠠᠭᠤᠯᠤᠭᠳᠠᠳᠠᠭ᠃ ᠰᠢᠨᠵᠢᠯᠡᠬᠦ ᠤᠬᠠᠭᠠᠨᠳᠠᠳ ᠬᠤᠶᠠᠷ ᠳᠤᠭᠤᠢᠢᠯᠠᠩ ᠬᠤᠯᠤᠭᠠᠨ᠎ᠠ ᠳᠤ ᠳᠤᠷᠰᠢᠯᠳᠠ ᠬᠢᠵᠦ᠂ | ᠨᠢᠭᠡ ᠳᠤᠭᠤᠢᠢᠯᠠᠩ ᠬᠤᠯᠤᠭᠠᠨ᠎ᠠ ᠶᠢᠨ ᠰᠢᠩᠭᠡᠯᠢᠭ ᠢ ᠦᠭᠡᠷᠡᠴᠢᠯᠡᠭᠡᠳ ᠪᠠᠭ᠎ᠠ ᠳᠠᠷᠤᠯᠳᠠ ᠪᠠᠷ ᠬᠤᠯᠤᠭᠠᠨ᠎ᠠ ᠶᠢᠨ | ᠨᠦᠢᠷ ᠢ ᠬᠠᠷᠰᠢᠯᠠᠨ᠂ ᠨᠦᠬᠦᠭᠡ ᠨᠢᠭᠡ ᠳᠤᠭᠤᠢᠢᠯᠠᠩ ᠤᠨ ᠬᠤᠯᠤᠭᠠᠨ᠎ᠠ ᠶᠢ ᠭᠡᠪ ᠤᠨ ᠪᠠᠶᠢᠯᠭᠠᠪᠠ᠃ ᠳᠤᠭᠤᠢᠢᠯᠠᠩ | ᠪᠦᠷᠢ ᠶᠢᠨ ᠬᠤᠯᠤᠭᠠᠨ᠎ᠠ ᠶᠢᠨ ᠬᠠᠭᠠᠰ ᠳᠤᠭᠠᠨ ᠤ ᠬᠢ ᠳᠤᠨᠢ ᠨᠢᠭᠡ ᠺᠢᠯᠦᠭᠷᠡᠮ ᠪᠡᠶ᠎ᠡ ᠶᠢᠨ ᠬᠦᠨᠳᠦ ᠪᠦᠷᠢ 200 | ᠮᠢᠯᠢᠭᠷᠡᠮ ᠬᠤᠷᠢᠨ ᠨᠠᠢᠮᠠᠨ ᠠᠯᠺᠤᠤᠯ ᠢᠶᠠᠷ ᠲᠡᠵᠢᠭᠡᠵᠦ᠂ ᠨᠦᠬᠦᠭᠡ ᠬᠠᠭᠠᠰ ᠲᠤᠨᠢ ᠡᠬᠦᠨ ᠢ ᠢᠳᠡᠬᠦᠯᠦᠭᠰᠡᠨ ᠦᠭᠡᠢ᠃ | ᠡᠳᠡᠭᠡᠷ ᠢ ᠢᠳᠡᠬᠦᠯᠦᠭᠰᠡᠨ ᠤ 24 ᠴᠠᠭ ᠤᠨ ᠳᠠᠷᠠᠭ᠎ᠠ᠂ ᠰᠢᠨᠵᠢᠯᠡᠬᠦ ᠤᠬᠠᠭᠠᠨᠳᠠᠳ ᠳᠤᠷᠰᠢᠯᠳᠠ ᠶᠢᠨ | ᠬᠤᠯᠤᠭᠠᠨ᠎ᠠ ᠳᠤ ᠨᠦᠢᠷ ᠤᠨ ᠳᠤᠬᠠᠢ ᠭᠡᠮᠵᠢᠨ ᠪᠠᠶᠢᠴᠠᠭᠠᠯᠳᠠ ᠬᠢᠬᠦ ᠶᠢᠨ ᠬᠠᠮᠳᠤ ᠬᠤᠯᠤᠭᠠᠨ᠎ᠠ ᠶᠢᠨ ᠴᠢᠰᠤᠨ ᠳᠠᠬᠢ | ᠳᠠᠷᠤᠯᠳᠠ ᠶᠢ ᠭᠡᠮᠵᠢᠬᠦ ᠪᠤᠷᠤ ᠡᠳ᠋ ᠤᠨ ᠺᠧᠲ᠋ᠤᠨ ᠤ ᠭᠡᠮᠵᠢᠶ᠎ᠡ ᠶᠢ ᠪᠠᠶᠢᠴᠠᠭᠠᠵᠠᠢ᠃ ᠡᠬᠦᠨ ᠤ ᠬᠠᠮᠳᠤ᠂ ᠳᠠᠳᠠ ᠪᠠᠰᠠ | ᠺᠤᠮᠫᠢᠦ᠋ᠲ᠋ᠧᠷ ᠤᠨ ᠵᠢᠷᠤᠭ ᠢᠶᠠᠷ ᠬᠤᠯᠤᠭᠠᠨ᠎ᠠ ᠶᠢᠨ ᠶᠡᠭᠡ ᠳᠠᠷᠢᠬᠢᠨ ᠤ ᠠᠵᠢᠯᠯᠠᠭ᠎ᠠ ᠶᠢ ᠬᠢᠨᠠᠨ ᠭᠡᠮᠵᠢᠪᠡ᠃ ᠡᠬᠦᠨ ᠳᠤ᠂ | ᠡᠶᠢᠮᠦᠷᠬᠦ ᠬᠢᠮᠢ ᠶᠢᠨ ᠨᠡᠶᠢᠯᠡᠮᠡᠯ ᠡᠳ᠋ ᠨᠢ ᠭᠡᠪ ᠤᠨ ᠬᠤᠯᠤᠭᠠᠨ᠎ᠠ ᠳᠤ ᠶᠠᠮᠠᠷᠴᠤ ᠨᠦᠯᠦᠭᠡ ᠪᠤᠯᠤᠭᠰᠠᠨ ᠦᠭᠡᠢ | ᠪᠤᠯᠪᠠᠴᠤ ᠤᠨᠴᠠᠭᠠᠢ ᠰᠢᠩᠭᠡᠯᠢᠭ ᠲᠤ ᠬᠤᠷᠢᠭᠰᠠᠨ ᠬᠤᠯᠤᠭᠠᠨ᠎ᠠ ᠬᠠᠷᠢᠨ ᠬᠤᠷᠢᠨ ᠨᠠᠢᠮᠠᠨ ᠠᠯᠺᠤᠤᠯ ᠢ ᠢᠳᠡᠭᠰᠡᠨ ᠤ | ᠳᠠᠷᠠᠭ᠎ᠠ ᠳᠤᠭ ᠨᠦᠢᠷ ᠲᠠᠭᠠᠨ ᠪᠠᠶᠢᠬᠤ ᠬᠤᠭᠤᠴᠠᠭ᠎ᠠ ᠨᠢ ᠢᠯᠡᠳᠳᠡ ᠤᠷᠳᠤ ᠪᠤᠯᠤᠭᠰᠠᠨ ᠮᠦᠷᠲᠡᠭᠡᠨ ᠳᠤᠩ | ᠲᠦᠷᠭᠡᠨ ᠤᠨᠳᠠᠭᠰᠠᠨ ᠪᠠᠶᠢᠪᠠ᠃ | ᠰᠢᠨᠵᠢᠯᠡᠬᠦ ᠤᠬᠠᠭᠠᠨᠳᠠᠳ ᠤᠨ ᠦᠵᠡᠬᠦ ᠪᠠᠷ᠂ ᠳᠠᠷᠤᠯᠳᠠ ᠶᠡᠭᠡ ᠬᠤᠯᠤᠭᠠᠨ᠎ᠠ ᠳᠤ ᠬᠤᠷᠢᠨ ᠨᠠᠢᠮᠠᠨ ᠠᠯᠺᠤᠤᠯ ᠢ | ᠢᠳᠡᠬᠦᠯᠦᠭᠰᠡᠨ ᠤ ᠳᠠᠷᠠᠭ᠎ᠠ᠂ ᠤᠨᠳᠠᠭᠰᠠᠨ ᠠᠴᠠ ᠰᠡᠷᠢᠬᠦ ᠪᠤᠯᠳᠠᠯᠠᠬᠢ ᠯᠠᠪᠯᠠᠯᠳᠠ ᠳᠤᠭ᠎ᠠ ᠨᠢ ᠭᠡᠪ ᠤᠨ | ᠬᠤᠯᠤᠭᠠᠨ᠎ᠠ ᠲᠠᠢ ᠠᠳᠠᠯᠢᠪᠳᠤᠷ᠃ ᠳᠠᠷᠤᠢ᠂ ᠬᠤᠷᠢᠨ ᠨᠠᠢᠮᠠᠨ ᠠᠯᠺᠤᠤᠯ ᠨᠢ ᠳᠠᠷᠤᠯᠳᠠ ᠶᠢ ᠬᠦᠩᠭᠡᠷᠡᠬᠦᠯᠦᠨ᠂ | ᠭᠡᠪ ᠤᠨ ᠨᠦᠢᠷ ᠢ ᠪᠠᠳᠤᠯᠠᠳᠠᠭ ᠪᠠᠶᠢᠪᠠ᠃ ᠤᠳᠤᠬᠠᠨ ᠤ ᠭᠡᠷᠡᠭᠯᠡᠵᠦ ᠪᠤᠯᠬᠤ ᠠᠮᠤᠷᠵᠢᠭᠤᠯᠬᠤ ᠡᠮ ᠲᠠᠢ | ᠬᠠᠷᠢᠴᠠᠭᠤᠯᠪᠠᠯ᠂ ᠬᠤᠷᠢᠨ ᠨᠠᠢᠮᠠᠨ ᠠᠯᠺᠤᠤᠯ ᠳᠠᠪᠠᠭᠤᠯᠢᠬ ᠳᠠᠯ᠎ᠠ ᠲᠠᠢ᠃ ᠢᠳᠡᠭᠡᠨ ᠠᠴᠠ ᠢᠷᠡᠯᠳᠡ ᠲᠠᠢ | ᠪᠠᠶᠢᠭᠠᠯᠢᠯᠢᠬ ᠨᠡᠶᠢᠯᠡᠮᠡᠯ ᠡᠳ᠋ ᠪᠤᠯᠤᠭᠰᠠᠨ ᠤ ᠬᠤᠪᠢ ᠳᠤ ᠲᠡᠷᠡ ᠨᠢ ᠵᠤᠬᠢᠶᠠᠮᠠᠯ ᠬᠢᠮᠢ ᠶᠢᠨ ᠨᠡᠶᠢᠯᠡᠮᠡᠯ ᠡᠳ᠋ ᠤᠨ | ᠬᠦᠮᠦᠨ ᠤ ᠮᠠᠬᠠᠪᠤᠳ ᠲᠤ ᠦᠵᠡᠬᠦᠯᠬᠦ ᠮᠠᠭᠤ ᠦᠢᠯᠡᠳᠦᠯ ᠠᠴᠠ ᠵᠠᠶᠢᠯᠠᠰᠬᠢᠳᠠᠭ᠃ ᠡᠶᠢᠮᠦ ᠠᠴᠠ ᠰᠢᠨᠵᠢᠯᠡᠬᠦ | ᠤᠬᠠᠭᠠᠨᠳᠠᠳ ᠤᠨ ᠰᠠᠨᠠᠭᠤᠯᠬᠤ ᠪᠠᠷ᠂ ᠬᠤᠷᠢᠨ ᠨᠠᠢᠮᠠᠨ ᠠᠯᠺᠤᠤᠯ ᠢ ᠤᠤᠭᠤᠵᠤ ᠳᠠᠷᠤᠯᠳᠠ ᠠᠴᠠ ᠪᠤᠯᠤᠭᠰᠠᠨ ᠨᠦᠢᠷ | ᠬᠤᠯᠵᠢᠬᠤ ᠶᠢ ᠠᠷᠭᠠᠴᠠᠵᠤ ᠪᠤᠯᠤᠨ᠎ᠠ᠃ |