ᠰᠢᠪᠡᠷ ᠴᠢᠯᠠᠭᠤ ᠶᠢᠨ ᠤᠷᠤᠰᠬᠠᠯ ᠠᠴᠠ ᠵᠠᠶᠢᠯᠠᠬᠤ ᠠᠷᠭ᠎ᠠ
ᠨᠡᠶᠢᠲᠡᠯᠡᠭᠰᠡᠨ ᠴᠠᠭ᠄
2021/9/13
     ᠰᠢᠪᠡᠷ ᠴᠢᠯᠠᠭᠤ ᠶᠢᠨ ᠤᠷᠤᠰᠬᠠᠯ ᠦᠷᠬᠦᠯᠵᠢ ᠠᠭᠤᠯᠠᠨ ᠬᠦᠨᠳᠡᠢ ᠪᠠ ᠭᠠᠵᠠᠷ ᠬᠦᠳᠡᠯᠳᠡᠭ ᠭᠠᠯᠳᠤ ᠠᠭᠤᠯᠨ ᠶᠢᠨ ᠤᠷᠤᠨ ᠳᠤ ᠤᠯᠠᠨ ᠡᠬᠦᠰᠴᠦ᠂ ᠲᠤᠭᠰᠢᠨ ᠪᠤᠷᠤᠭᠠᠨ ᠤ ᠬᠤᠭᠤᠴᠠᠭᠠᠨ ᠳᠤ ᠲᠠᠪᠬᠤᠴᠠᠨ ᠡᠬᠦᠰᠬᠦ ᠴᠢᠨᠠᠷᠳᠠᠢ ᠰᠢᠪᠡᠷ ᠴᠢᠯᠠᠭᠤ ᠶᠢᠨ ᠤᠷᠤᠰᠬᠠᠯ ᠨᠢ ᠬᠡᠨᠡᠳᠳᠡ ᠪᠠᠷ ᠬᠦᠴᠦᠳᠠᠢ ᠪᠤᠯᠪᠠᠯ ᠡᠨᠡᠬᠦ ᠦᠶ᠎ᠡ ᠶᠢᠨ ᠵᠦᠪ ᠤᠨᠤᠪᠴᠢᠳᠠᠢ ᠮᠠᠭᠠᠳᠯᠠᠯᠳᠠ ᠶᠢ ᠤᠷᠢᠳᠴᠢᠯᠠᠨ ᠮᠡᠳᠡᠬᠦᠯᠬᠦ ᠳᠤ ᠲᠤᠩ ᠬᠦᠴᠢᠷᠳᠡᠢ ᠪᠠᠶᠢᠵᠤ᠂ ᠲᠡᠷᠡᠴᠢᠯᠡᠨ ᠰᠢᠪᠡᠷ ᠴᠢᠯᠠᠭᠤ ᠤᠴᠠᠷᠠᠬᠤ ᠦᠶ᠎ᠡ ᠶᠢᠨ ᠵᠦᠪ ᠤᠨᠤᠪᠴᠢᠳᠠᠢ ᠪᠠᠷ ᠠᠶᠤᠯ ᠠᠴᠠ ᠵᠠᠶᠢᠯᠠᠬᠤ ᠠᠷᠭ᠎ᠠ᠂ ᠠᠮᠢ ᠵᠢᠭᠤᠳᠠᠬᠤ ᠲᠤᠩ ᠴᠢᠬᠤᠯᠨ ᠶᠤᠮ᠃      ᠤᠷᠢᠳᠡᠪᠡᠷ ᠰᠢᠪᠡᠷ ᠴᠢᠯᠠᠭᠤ ᠶᠢᠨ ᠤᠷᠤᠰᠬᠠᠯ ᠤᠨ ᠰᠢᠨᠵᠢ ᠲᠡᠮᠳᠡᠭ ᠢ ᠤᠶᠢᠯᠠᠭᠠᠵᠤ᠂ ᠡᠷᠬᠢᠨ ᠲᠤᠭᠤᠷᠢᠨ ᠤ ᠤᠷᠴᠢᠨ ᠲᠤᠭᠤᠷᠢᠨ ᠤ ᠬᠡᠪ ᠤᠨ ᠪᠤᠰᠤ ᠶᠢ ᠠᠩᠬᠠᠷᠤᠨ ᠠᠵᠢᠭᠯᠠᠬᠤ᠂ ᠯᠠᠪᠳᠠᠭᠤᠨ ᠢᠶᠠᠷ ᠮᠠᠭᠠᠳᠯᠠᠵᠤ᠂ ᠶᠠᠭᠠᠷᠠᠤ ᠰᠠᠨᠳᠤᠷᠠᠬᠤ ᠠᠴᠠ ᠠᠷᠭ᠎ᠠ ᠪᠤᠷᠤᠭᠤᠳᠠᠬᠤ ᠶᠢ ᠰᠡᠷᠬᠡᠶᠢᠯᠡᠵᠤ᠂ ᠬᠦᠮᠦᠨ ᠠᠴᠠ ᠪᠤᠯᠤᠭᠰᠠᠨ ᠰᠦᠷᠳᠡᠭᠳᠡᠯ ᠠᠴᠠ ᠵᠠᠶᠢᠯᠠᠨ᠎ᠠ᠃      ᠰᠢᠪᠡᠷ ᠴᠢᠯᠠᠭᠤ ᠶᠢᠨ ᠤᠷᠤᠰᠬᠠᠯ ᠡᠬᠦᠰᠬᠦ ᠰᠢᠨᠵᠢ ᠲᠡᠮᠳᠡᠭ᠄      ① ᠬᠤᠳᠳᠤᠭ ᠤᠨ ᠤᠰᠤ᠂ ᠪᠤᠯᠠᠭ ᠤᠨ ᠤᠰᠤ ᠶᠢᠨ ᠴᠢᠨᠠᠷ ᠬᠡᠨᠡᠳᠳᠡ ᠪᠣᠯᠠᠩᠭᠢᠷ ᠲᠠᠢ ᠪᠤᠯᠵᠤ ᠬᠤᠪᠢᠷᠠᠨ᠎ᠠ      ② ᠤᠤᠯ ᠳᠠᠭᠠᠨ ᠬᠠᠭᠤᠷᠠᠢ ᠪᠠᠶᠢᠭᠰᠠᠨ ᠭᠠᠵᠠᠷ ᠬᠡᠨᠡᠳᠳᠡ ᠪᠠᠷ ᠤᠰᠤ ᠨᠡᠪᠴᠢᠬᠦ ᠪᠤᠶᠤ ᠪᠤᠯᠠᠭ ᠤᠨ ᠤᠰᠤ ᠶᠢ ᠬᠠᠳᠠᠭᠠᠯᠠᠬᠤ ᠬᠤᠩᠬᠢᠯ ᠶᠡᠭᠡ ᠬᠡᠮᠵᠢᠶᠡᠨ ᠤ ᠤᠰᠤ ᠨᠡᠪᠳᠡᠷᠡᠬᠦ ᠦᠵᠡᠭᠳᠡᠯ ᠭᠠᠷᠤᠨ᠎ᠠ᠃      ③ ᠭᠠᠵᠠᠷ ᠲᠤᠤᠷ᠎ᠠ ᠬᠡᠪ ᠤᠨ ᠪᠤᠰᠤ ᠲᠠᠭᠤᠨ ᠡᠬᠦᠰᠴᠦ ᠬᠡᠷ ᠤᠨ ᠠᠮᠢᠳᠠᠨ ᠮᠠᠯ ᠤᠨᠤᠭ᠎ᠠ ᠬᠡᠪ ᠤᠨ ᠪᠤᠰᠤ ᠢᠯᠡᠷᠡᠯ ᠡᠬᠦᠰᠦᠨ᠎ᠡ᠃      ④ ᠭᠤᠤᠯ ᠤᠨ ᠤᠷᠤᠰᠬᠠᠯ ᠲᠤᠮᠳᠠᠬᠢ ᠤᠰᠤᠨ ᠪᠠᠶᠢᠳᠠᠯ ᠬᠡᠨᠡᠳᠳᠡ ᠨᠡᠮᠡᠭᠳᠡᠵᠤ᠂ ᠲᠡᠷᠡᠴᠢᠯᠡᠨ ᠡᠪᠡᠰᠦ᠂ ᠬᠠᠭ᠂ ᠮᠤᠳᠤᠨ ᠨᠠᠪᠴᠢ ᠤᠯᠠᠰᠢᠷᠠᠨ᠎ᠠ᠃      ⑤ ᠲᠤᠤᠷᠠᠳᠤ ᠤᠷᠤᠰᠬᠠᠯ ᠤᠨ ᠭᠤᠤᠯ ᠤᠨ ᠤᠷᠤᠰᠬᠠᠯ ᠬᠡᠨᠡᠳᠳᠡ ᠤᠷᠤᠰᠬᠠᠯ ᠲᠠᠰᠤᠷᠠᠬᠤ ᠵᠡᠷᠬᠡ᠃      ᠪᠤᠳᠠᠳᠤ ᠠᠷᠭ᠎ᠠ᠄ ᠰᠢᠪᠡᠷ ᠴᠢᠯᠠᠭᠤ ᠶᠢᠨ ᠤᠷᠤᠰᠬᠠᠯ ᠤᠨ ᠰᠢᠨᠵᠢ ᠡᠬᠦᠰᠦᠭᠰᠡᠨ ᠦᠶ᠎ᠡ ᠳᠤ᠄ ᠯᠠᠪᠳᠠᠭᠤᠨ ᠲᠤᠭᠳᠠᠭᠤᠨ ᠰᠠᠨᠳᠤᠷᠠᠬᠤ ᠦᠬᠡᠢ ᠪᠠᠶᠢᠵᠤ᠂ ᠠᠮᠤᠷ ᠲᠦᠪᠰᠢᠨ ᠦᠨᠳᠦᠷ ᠭᠠᠵᠠᠷ ᠪᠤᠯ ᠬᠠᠮᠤᠭ ᠰᠠᠶᠢᠨ ᠭᠠᠮᠰᠢᠭ ᠠᠴᠠ ᠵᠠᠶᠢᠯᠠᠬᠤ ᠲᠠᠯᠠᠪᠤᠷ ᠪᠤᠯᠤᠨ᠎ᠠ᠃      ① ᠡᠬᠦᠷᠬᠡ ᠪᠤᠭᠤᠳᠠᠯ ᠵᠡᠷᠬᠡ ᠬᠦᠶᠦᠬᠦ ᠬᠤᠷᠳᠤᠴᠨ ᠶᠢᠨ ᠬᠡᠮᠵᠢᠶ᠎ᠡ ᠶᠢ ᠨᠦᠯᠦᠬᠡᠯᠡᠬᠦ ᠵᠦᠢᠯ ᠢ ᠤᠷᠬᠢᠵᠤ᠂ ᠲᠠᠷᠤᠢ ᠲᠦᠷᠬᠡᠨ ᠰᠢᠪᠡᠷ ᠴᠢᠯᠠᠭᠤ ᠶᠢᠨ ᠤᠷᠤᠰᠬᠠᠯ ᠤᠨ ᠡᠭᠴᠨ ᠴᠢᠭᠯᠡᠯ ᠲᠠᠢ ᠠᠭᠤᠯᠠᠨ ᠬᠦᠳᠦᠯ ᠲᠡᠬᠡᠷ᠎ᠡ ᠬᠦᠶᠦᠵᠤ ᠬᠦᠷᠦᠨ᠎ᠡ᠃ ᠬᠡᠷᠪᠡ ᠬᠤᠶᠠᠷ ᠲᠠᠯ᠎ᠠ ᠨᠢ ᠴᠦᠮ ᠠᠭᠤᠯᠠᠨ ᠬᠦᠳᠦᠯ ᠪᠤᠯ᠂ ᠨᠠᠮ ᠰᠢᠭ ᠠᠭᠤᠯᠠᠨ ᠬᠦᠳᠦᠯ ᠢ ᠰᠤᠩᠭᠤᠨ᠎ᠠ᠃ ᠬᠠᠮᠳᠤ ᠳᠤᠨᠢ ᠰᠢᠪᠡᠷ ᠴᠢᠯᠠᠭᠤ ᠪᠠᠷ ᠤᠷᠤᠰᠬᠠᠯ ᠲᠤᠯᠭᠠᠷᠠᠭᠰᠠᠨ ᠦᠶ᠎ᠡ ᠳᠤ ᠰᠢᠯᠤᠭᠤᠨ ᠱᠤᠭᠤᠮ ᠢᠶᠠᠷ ᠬᠦᠶᠦᠵᠤ ᠪᠤᠯᠬᠤ ᠦᠬᠡᠢ᠂ ᠮᠤᠷᠦ᠋ᠢᠬᠤ ᠭᠠᠵᠠᠷ ᠲᠡᠰᠢ ᠬᠦᠶᠦᠵᠤ ᠪᠤᠯᠬᠤ ᠦᠬᠡᠢ᠂ ᠬᠦᠶᠦᠵᠤ ᠪᠠᠶᠢᠬᠤ ᠳᠠᠭᠠᠨ ᠡᠮᠦᠨᠡᠬᠢ ᠵᠠᠮ ᠨᠤᠷᠠᠭᠰᠠᠨ ᠡᠰᠡᠬᠦ᠂ ᠭᠤᠤ ᠭᠠᠩᠭ᠎ᠠ ᠵᠡᠷᠬᠡ ᠶᠢ ᠠᠩᠬᠠᠷᠤᠨ ᠠᠵᠢᠭᠯᠠᠵᠤ᠂ ᠲᠡᠷᠡᠴᠢᠯᠡᠨ ᠴᠠᠭ ᠢᠮᠠᠭᠳᠠ ᠴᠢᠯᠠᠭᠤ ᠪᠠ ᠮᠤᠳᠤ ᠤᠨᠠᠵᠤ ᠢᠷᠡᠬᠦ ᠶᠢ ᠠᠩᠬᠠᠷᠤᠨ᠎ᠠ᠃      ② ᠬᠦᠶᠦᠵᠤ ᠵᠠᠪᠳᠤᠬᠤ ᠦᠬᠡᠢ ᠦᠶ᠎ᠡ ᠪᠤᠶᠤ ᠦᠷᠬᠦᠯᠵᠢᠯᠡᠨ ᠲᠤᠳᠠᠭᠠᠵᠤ ᠵᠠᠶᠢᠯᠠᠬᠤ ᠠᠷᠭ᠎ᠠ ᠦᠬᠡᠢ ᠦᠶ᠎ᠡ ᠳᠤ ᠲᠠᠷᠤᠢ ᠲᠦᠷᠬᠡᠨ ᠪᠡᠶ᠎ᠡ ᠶᠢᠨ ᠢᠶᠠᠨ ᠲᠡᠷᠬᠡᠳᠡᠬᠢ ᠮᠤᠳᠤ ᠵᠡᠷᠬᠡ ᠲᠤᠭᠳᠠᠮᠠᠯ ᠪᠡᠶᠡᠳᠦ ᠶᠢ ᠲᠡᠪᠡᠷᠢᠨ᠎ᠡ᠃ ᠬᠡᠪᠡᠴᠦ ᠮᠤᠳᠤᠨ ᠲᠡᠬᠡᠷ᠎ᠡ ᠭᠠᠷᠴᠦ ᠵᠠᠶᠢᠯᠠᠵᠤ ᠪᠤᠯᠬᠤ ᠦᠬᠡᠢ᠃ ᠰᠢᠪᠡᠷ ᠴᠢᠯᠠᠭᠤ ᠶᠢᠨ ᠤᠷᠤᠰᠬᠠᠯ ᠲᠤᠮᠳᠠ ᠮᠤᠳᠤ ᠶᠢ ᠲᠠᠰᠤᠳᠠᠨ ᠰᠢᠪᠡᠷ ᠴᠢᠯᠠᠭᠤ ᠶᠢᠨ ᠤᠷᠤᠰᠬᠠᠯ ᠳᠠᠭᠠᠨ ᠬᠤᠮᠢᠬᠤ ᠤᠷᠤᠭᠤᠯᠬᠤ ᠠᠴᠠ ᠰᠡᠷᠬᠡᠶᠢᠯᠡᠨ᠎ᠡ᠃      ③ ᠪᠦᠮᠪᠦᠷᠢᠵᠤ ᠪᠠᠶᠢᠭ᠎ᠠ ᠴᠢᠯᠠᠭᠤ ᠲᠠᠢ ᠪᠤᠶᠤ ᠶᠡᠭᠡ ᠬᠡᠮᠵᠢᠶᠡᠨ ᠤ ᠤᠪᠤᠭᠠᠯᠠᠭᠰᠠᠨ ᠡᠳ᠋ ᠲᠠᠢ ᠠᠭᠤᠯᠨ ᠬᠦᠳᠦᠯ ᠲᠤᠤᠷ᠎ᠠ ᠵᠠᠶᠢᠯᠠᠵᠤ ᠪᠤᠯᠬᠤ ᠦᠬᠡᠢ᠃      ④ ᠬᠡᠷᠪᠡ ᠬᠡᠷ ᠲᠤᠳᠤᠷ᠎ᠠ ᠪᠠᠨ ᠪᠠᠶᠢᠭᠰᠠᠨ ᠪᠤᠯ ᠠᠷᠭ᠎ᠠ ᠪᠤᠳᠤᠨ ᠬᠡᠷ ᠠᠴᠠ ᠪᠠᠨ ᠬᠦᠶᠦᠵᠤ ᠭᠠᠷᠴᠦ ᠢᠷᠡᠨ᠂ ᠠᠭᠤᠳᠠᠮ ᠭᠠᠵᠠᠷ ᠬᠦᠷᠴᠦ᠂ ᠡᠳ᠋ ᠪᠤᠳᠠᠰ ᠲᠠᠭᠠᠨ ᠲᠠᠳᠠᠭᠳᠠᠵᠤ ᠪᠤᠯᠬᠤ ᠦᠬᠡᠢ᠃      ⑤ ᠠᠭᠤᠯᠠᠨ ᠴᠤᠭᠴᠨ ᠢᠪᠡᠷᠡᠨ ᠭᠤᠯᠭᠤᠬᠤ ᠲᠤᠬᠢᠶᠠᠯᠳᠤᠭᠰᠠᠨ ᠦᠶ᠎ᠡ ᠳᠤ᠂ ᠲᠤᠯᠤᠭᠠᠢ ᠶᠢᠨ ᠬᠡᠰᠡᠭ ᠢᠶᠠᠨ ᠰᠠᠶᠢᠳᠤᠷ ᠬᠠᠮᠠᠭᠠᠯᠠᠬᠤ᠂ ᠪᠡᠶ᠎ᠡ ᠶᠢᠨ ᠲᠡᠷᠬᠡᠳᠡᠬᠢ ᠠᠰᠢᠭᠯᠠᠵᠤ ᠪᠤᠯᠬᠤ ᠬᠤᠪᠴᠠᠰᠤ ᠬᠤᠨᠠᠷ ᠢᠶᠠᠷ ᠢᠶᠠᠨ ᠲᠤᠯᠤᠭᠠᠢ ᠪᠠᠨ ᠤᠷᠢᠶᠠᠨ᠎ᠠ᠃      ⑥ ᠬᠡᠷᠪᠡ ᠶᠠᠪᠤᠵᠤ ᠪᠠᠶᠢᠬᠤ ᠳᠤ ᠰᠢᠪᠡᠷ ᠴᠢᠯᠠᠭᠤ ᠶᠢᠨ ᠤᠷᠤᠰᠬᠠᠯ ᠲᠤᠬᠢᠶᠠᠯᠳᠤᠭᠰᠠᠨ ᠪᠤᠯ᠂ ᠲᠡᠷᠬᠡᠨ ᠠᠴᠠ ᠪᠠᠨ ᠲᠦᠷᠬᠡᠨ ᠵᠠᠶᠢᠯᠠᠵᠤ᠂ ᠲᠡᠷᠡᠴᠢᠯᠡᠨ ᠬᠤᠶᠠᠷ ᠲᠡᠰᠢ ᠬᠦᠶᠦᠵᠤ ᠠᠶᠤᠯ ᠠᠴᠠ ᠵᠠᠶᠢᠯᠠᠨ᠎ᠠ᠃ ᠰᠢᠪᠡᠷ ᠴᠢᠯᠠᠭᠤ ᠶᠢᠨ ᠤᠷᠤᠰᠬᠠᠯ ᠢ ᠬᠦᠨᠳᠡᠯᠡᠨ ᠲᠤᠭᠤᠯᠬᠤ ᠪᠠᠷ ᠲᠤᠷᠰᠢᠵᠤ ᠪᠤᠯᠬᠤ ᠦᠬᠡᠢ᠂ ᠨᠡᠩ ᠴᠦ ᠵᠤᠯ ᠵᠠᠪᠰᠢᠶᠠᠨ ᠤ ᠪᠤᠳᠤᠯ ᠪᠠᠶᠢᠵᠤ ᠪᠤᠯᠬᠤ ᠦᠬᠡᠢ᠂ ᠠᠮᠢ ᠨᠠᠰᠤᠨ ᠤ ᠠᠮᠤᠷ ᠲᠦᠪᠰᠢᠨ ᠠᠯᠢᠪᠠ ᠠᠴᠠ ᠴᠢᠬᠤᠯᠨ᠃
 
ᠢᠷᠡᠯᠲᠡ᠄ ᠬᠠᠶᠢᠨᠠᠨ ᠲᠣᠭᠤᠷᠢᠭ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号