ᠵᠠᠷᠢᠮ ᠦᠶ᠎ᠡ ᠳᠤ᠂ ᠤᠨᠲᠠᠭᠠᠳ ᠰᠡᠷᠢᠬᠦ ᠳᠤ ᠶᠠᠳᠠᠷᠠᠭ᠎ᠠ ᠴᠢᠯᠡᠭᠡ ᠲᠠᠶᠢᠯᠤᠭᠳᠠᠬᠰᠡᠨ ᠦᠭᠡᠢ ᠮᠦᠷᠲᠡᠭᠡᠨ | ᠭᠡᠳᠡᠷᠭᠦ ᠪᠠᠨ ᠪᠦᠬᠦ ᠪᠡᠶ᠎ᠡ ᠬᠦᠰᠢᠵᠦ᠂ ᠬᠦᠵᠦᠭᠦᠤ ᠨᠢᠷᠤᠭᠤ ᠡᠪᠡᠳᠳᠡᠭ᠃ ᠡᠨᠡ ᠨᠢ ᠶᠠᠭᠤᠨ ᠠᠴᠠ ᠪᠤᠯᠤᠬᠰᠡᠨ ᠪᠤᠯ︖ | | | ᠡᠯᠢᠭᠡᠳᠡᠵᠦ ᠬᠡᠪᠲᠡᠬᠦ ᠨᠢ ᠨᠢᠷᠤᠭᠤᠨ ᠳᠤ ᠮᠠᠭᠤ | ᠵᠠᠷᠢᠮ ᠬᠦᠮᠦᠨ ᠤᠨᠲᠠᠬᠤ ᠠᠴᠠ ᠪᠠᠨ ᠡᠮᠦᠨ᠎ᠡ ᠡᠯᠢᠭᠡᠳᠡᠵᠦ ᠬᠡᠪᠲᠡᠭᠡᠳ ᠨᠤᠮ ᠦᠵᠡᠬᠦ ᠪᠤᠶᠤ ᠭᠠᠷ ᠤᠲᠠᠰᠦ | ᠨᠠᠭᠠᠳᠴᠦ᠂ ᠨᠦᠢᠷ ᠬᠦᠷᠪᠡᠯ ᠲᠡᠷᠡ ᠬᠡᠪ ᠢᠶᠠᠷ ᠢᠶᠠᠨ ᠤᠨᠲᠠᠴᠢᠬᠠᠳᠠᠭ᠃ ᠪᠠᠭ᠎ᠠ ᠲᠤᠬᠬᠢᠭᠠᠳ ᠠᠪᠤᠪᠠᠯ ᠴᠦ | ᠶᠠᠭᠠᠬᠢᠬᠤᠪ︕ ᠬᠠᠷᠢᠨ ᠰᠦᠨᠢᠵᠢᠨ ᠢᠡᠭᠬᠢᠭᠡᠳ ᠤᠨᠳᠠᠬᠤ ᠶᠤᠮ ᠪᠤᠯ ᠰᠡᠷᠡᠭᠰᠡᠨ ᠤ ᠳᠠᠷᠠᠭ᠎ᠠ ᠬᠦᠵᠦᠭᠦᠦ ᠨᠢᠷᠤᠭᠤ | ᠡᠪᠡᠳᠴᠦ ᠮᠡᠳᠡᠨ᠎ᠡ᠃ ᠤᠴᠢᠷ ᠨᠢ ᠡᠯᠢᠭᠡᠳᠡᠵᠦ ᠬᠡᠪᠲᠡᠬᠦ ᠨᠢ ᠰᠡᠭᠡᠷ ᠪᠠ ᠨᠢᠷᠤᠭᠤᠨ ᠤ ᠬᠡᠪ ᠤᠨ ᠪᠠᠶᠢᠳᠠᠯ ᠢ | ᠨᠦᠯᠦᠭᠡᠯᠡᠵᠦ᠂ ᠨᠤᠮᠤᠯᠵᠢᠨ ᠬᠡᠯᠪᠡᠷᠢ ᠲᠠᠢ ᠪᠤᠯᠵᠦ᠂ ᠠᠮᠢᠰᠬᠤᠬᠤ ᠳᠤ ᠲᠦᠭᠦᠮ ᠦᠭᠡᠢ ᠪᠤᠯᠬᠤᠷ ᠬᠦᠵᠦᠭᠦᠤ ᠪᠠᠨ | ᠪᠠᠰᠠ ᠨᠢᠭᠡ ᠲᠡᠶᠢᠰᠢ ᠪᠠᠨ ᠭᠡᠯᠪᠠᠶᠢᠯᠭᠡᠳᠡᠭ᠃ | | ᠠᠲᠤᠷᠢᠵᠦ ᠬᠡᠪᠲᠡᠬᠦ ᠨᠢ ᠨᠢᠷᠤᠭᠤᠨ ᠳᠤ ᠮᠠᠭᠤ | ᠵᠠᠷᠢᠮ ᠬᠦᠮᠦᠨ ᠳᠠᠭᠠᠷᠠᠬᠰᠠᠭᠠᠷ ᠬᠦᠨᠵᠢᠯᠡ ᠳᠡᠭᠡᠨ ᠰᠢᠷᠭᠤᠵᠦ ᠠᠲᠤᠷᠢᠵᠦ ᠬᠡᠪᠲᠡᠳᠡᠭ᠂ ᠢᠡᠭᠭᠢᠵᠦ ᠤᠷᠲᠦ | ᠬᠤᠭᠤᠴᠠᠭ᠎ᠠ ᠪᠠᠷ ᠬᠡᠪᠳᠡᠪᠡᠯ ᠨᠢᠷᠤᠭᠤ ᠱᠠᠷᠬᠢᠷᠠᠨ ᠡᠪᠡᠳᠦᠨ᠎ᠡ᠃ ᠤᠴᠢᠷ ᠨᠢ ᠠᠲᠤᠷᠢᠵᠦ ᠬᠡᠪᠲᠡᠬᠦ ᠨᠢ | ᠪᠦᠭᠲᠦ᠋ᠢᠭᠰᠡᠨ ᠲᠠᠢ ᠠᠳᠠᠯᠢ ᠪᠠᠶᠢᠵᠦ ᠨᠢᠷᠤᠭᠤ ᠪᠤᠯᠴᠢᠩ ᠪᠦᠷᠢᠮᠦᠰᠦᠨ ᠲᠠᠯᠪᠢᠬᠳᠠᠵᠦ ᠴᠢᠳᠠᠬᠤ ᠦᠭᠡᠢ ᠮᠦᠷᠲᠡᠭᠡᠨ | ᠤᠯᠠᠮ ᠴᠢᠯᠡᠭᠡᠷᠬᠡᠵᠦ ᠨᠢᠷᠤᠭᠤ ᠱᠠᠷᠬᠢᠷᠠᠨ ᠡᠪᠡᠳᠳᠡᠭ᠃ | | ᠲᠡᠭᠡᠪᠡᠯ ᠶᠠᠭᠠᠬᠢᠵᠦ ᠬᠡᠪᠲᠡᠪᠡᠯ ᠵᠤᠬᠢᠬᠤ ᠪᠤᠢ︖ | ᠳᠡᠭᠡᠭᠡᠰᠢ ᠬᠠᠷᠠᠵᠦ ᠬᠡᠪᠲᠡᠪᠡᠯ ᠬᠤᠷᠳᠤᠨ ᠤᠨᠲᠠᠳᠠᠭ | ᠳᠡᠭᠡᠭᠰᠢ ᠬᠠᠷᠠᠵᠦ ᠲᠡᠭᠰᠢᠬᠡᠨ ᠬᠡᠪᠲᠡᠪᠡᠯ ᠨᠢᠷᠤᠭᠤ ᠬᠦᠵᠦᠭᠦᠨ ᠤ ᠪᠤᠯᠴᠢᠩ ᠰᠤᠯᠠᠷᠠᠵᠦ᠂ ᠴᠢᠯᠡᠭᠡ | ᠲᠠᠶᠢᠯᠤᠭᠳᠠᠨ ᠪᠡᠶ᠎ᠡ ᠰᠡᠳᠬᠢᠯ ᠲᠠᠶᠢᠪᠤᠰᠢᠷᠠᠵᠦ ᠬᠤᠷᠳᠦᠨ ᠤᠨᠲᠠᠵᠤ ᠴᠢᠳᠠᠳᠠᠭ᠃ ᠡᠪᠦᠳᠦᠭ ᠲᠤᠤᠷ᠎ᠠ ᠪᠠᠨ ᠲᠡᠷᠡ | ᠪᠤᠶᠤ ᠲᠡᠪᠢᠰᠭᠡᠷ ᠲᠠᠯᠪᠢᠵᠦ ᠬᠡᠪᠲᠡᠪᠡᠯ ᠨᠢᠷᠦᠭᠤ ᠪᠠ ᠰᠡᠭᠡᠷ ᠤᠨ ᠡᠷᠡᠭᠦᠯ ᠮᠡᠨᠲᠦ ᠳᠤ ᠠᠰᠢᠬᠲᠠᠢ ᠪᠦᠭᠡᠳ ᠨᠢᠷᠤᠭᠤ | ᠡᠪᠡᠳᠬᠦ ᠶᠢ ᠰᠡᠷᠭᠡᠶᠢᠯᠡᠬᠦ ᠪᠤᠶᠤ ᠨᠠᠮᠳᠠᠭᠠᠳᠠᠭ᠂ ᠬᠠᠵᠠᠭᠤᠯᠠᠵᠦ ᠭᠡᠪᠲᠡᠬᠦ ᠳᠡᠭᠡᠨ ᠲᠠᠷᠡ ᠶᠢᠨ ᠦᠨᠳᠦᠷ ᠢ | ᠨᠢᠳᠤᠷᠭ᠎ᠠ ᠶᠢᠨ ᠬᠢᠷᠢ ᠪᠠᠶᠢᠯᠭᠠᠪᠠᠯ ᠪᠤᠯᠴᠢᠬᠠᠨ᠎ᠡ᠃ ᠬᠡᠲᠦ ᠦᠨᠳᠦᠷ ᠪᠤᠶᠤ ᠬᠡᠲᠦ ᠲᠤᠤᠷ᠎ᠠ ᠲᠡᠷᠡᠯᠡᠬᠦ ᠦᠭᠡᠢ ᠪᠤᠯ | ᠰᠠᠶᠢᠨ᠃ | | ᠲᠡᠬᠢᠪᠠᠯ ᠲᠤᠤᠷᠠᠬᠢ ᠭᠤᠷᠪᠠᠨ ᠵᠦᠢᠯ ᠤᠨ ᠬᠦᠮᠦᠨ ᠬᠠᠵᠠᠭᠤᠯᠠᠵᠦ ᠬᠡᠪᠲᠡᠪᠡᠯ ᠰᠠᠶᠢᠨ᠄ | ᠨᠢᠭᠡ᠂ ᠬᠠᠮᠠᠷ ᠲᠠᠳᠠᠳᠠᠭ ᠬᠦᠮᠦᠨ | ᠲᠡᠭᠡᠭᠰᠢ ᠬᠠᠷᠠᠵᠦ ᠬᠡᠪᠲᠡᠪᠡᠯ ᠠᠮᠠ ᠠᠮᠠᠷᠬᠠᠨ ᠠᠩᠭᠠᠢᠢᠵᠦ᠂ ᠬᠡᠯᠡ ᠮᠡᠳᠡᠶᠢᠳᠠᠭ ᠠᠴᠠ ᠠᠮᠢᠰᠬᠤᠯ ᠤᠨ ᠵᠠᠮ ᠢ | ᠬᠠᠷᠰᠢᠯᠠᠵᠦ᠂ ᠬᠠᠮᠠᠷ ᠲᠠᠳᠠᠬᠤ ᠨᠢ ᠠᠬᠠᠳᠠᠳᠠᠭ᠃ ᠬᠠᠷᠢᠨ ᠬᠠᠵᠠᠭᠤᠯᠠᠵᠦ ᠬᠡᠪᠲᠡᠪᠡᠯ ᠠᠮᠢᠰᠬᠤᠯ ᠤᠨ ᠵᠠᠮ | ᠠᠶᠠᠨᠳᠠᠭᠠᠨ ᠰᠢᠯᠤᠭᠤᠳᠴᠦ᠂ ᠬᠤᠷᠬᠢᠷᠠᠬᠤ ᠪᠤᠶᠤ ᠬᠠᠮᠠᠷ ᠲᠡᠳᠠᠬᠤ ᠶᠢ ᠠᠶᠠᠨᠳᠠᠭᠠᠨ ᠨᠠᠮᠳᠠᠭᠠᠳᠠᠭ᠃ | ᠬᠤᠶᠠᠷ᠂ ᠬᠦᠵᠦᠭᠦᠤ ᠨᠢᠷᠤᠭᠤᠨ ᠤ ᠠᠷᠬᠠᠭ ᠲᠠᠢ ᠬᠦᠮᠦᠨ | ᠬᠠᠵᠠᠭᠤᠯᠠᠵᠦ ᠬᠡᠪᠲᠡᠬᠦ ᠳᠡᠭᠡᠨ ᠬᠦᠯ ᠤᠨ ᠲᠤᠮᠳᠠ ᠪᠠᠨ ᠲᠡᠷᠡ ᠪᠤᠶᠤ ᠲᠡᠪᠢᠰᠭᠡᠷ ᠬᠠᠪᠴᠢᠭᠤᠯᠪᠠᠯ | ᠨᠢᠷᠤᠭᠤ ᠶᠢᠨ ᠡᠷᠡᠭᠦᠯ ᠮᠡᠨᠲᠦ ᠳᠤ ᠠᠰᠢᠬᠲᠠᠢ ᠮᠦᠷᠲᠡᠭᠡᠨ ᠨᠢᠷᠤᠭᠤ ᠡᠪᠳᠡᠬᠦ ᠶᠢ ᠰᠡᠷᠭᠡᠶᠢᠯᠡᠳᠡᠭ᠃ | ᠭᠤᠷᠪᠠ᠂ ᠠᠮᠠᠷᠬᠠᠨ ᠰᠢᠷ᠎ᠠ ᠬᠤᠰᠤᠳᠠᠭ ᠬᠦᠮᠦᠨ | ᠠᠮᠠᠷᠬᠠᠨ ᠰᠢᠷ᠎ᠡ ᠬᠤᠰᠤᠳᠠᠭ ᠪᠤᠶᠤ ᠤᠷᠤᠢ ᠶᠢᠨ ᠬᠤᠭᠤᠯᠠ ᠪᠠᠨ ᠬᠡᠳᠦᠷᠡᠳᠡᠯ᠎ᠡ ᠢᠳᠡᠭᠰᠡᠨ ᠪᠤᠯ | ᠪᠦᠰᠡᠯᠡᠭᠦᠷ ᠠᠴᠠ ᠳᠡᠭᠡᠭᠰᠢᠬᠢ ᠬᠡᠰᠡᠭ ᠤᠨ ᠤᠷᠦ ᠪᠠᠨ ᠵᠢᠭᠠᠬᠠᠨ ᠦᠨᠳᠦᠷ ᠪᠤᠯᠭᠠᠵᠦ ᠵᠠᠭᠦᠨ ᠲᠡᠯ᠎ᠡ ᠪᠠᠷ ᠢᠶᠠᠨ | ᠬᠠᠵᠠᠭᠤᠯᠠᠵᠦ ᠬᠡᠪᠲᠡᠨ᠎ᠡ᠃ ᠢᠡᠭᠬᠢᠪᠡᠯ ᠰᠢᠷ᠎ᠡ ᠬᠤᠰᠤᠬᠤ ᠦᠭᠡᠢ ᠮᠦᠷᠲᠡᠭᠡᠨ ᠰᠠᠶᠢᠬᠠᠨ ᠠᠮᠠᠷᠠᠵᠦ ᠲᠡᠶᠢᠯᠦᠨ᠎ᠡ᠃ |