ᠡᠳᠦᠷ ᠲᠣᠲᠤᠮ ᠤᠨ ᠠᠮᠢᠲᠥᠷᠠᠯ ᠳᠤᠮᠲᠠᠭᠢ ᠵᠠᠷᠢᠮ ᠵᠦᠢᠯᠡᠰ ᠨᠢ ᠠᠷᠠᠰᠤ ᠮᠢᠬ᠎ᠠ ᠶᠢ ᠰᠠᠶᠢᠵᠢᠷᠠᠭᠤᠯᠳᠠᠭ
ᠨᠡᠶᠢᠲᠡᠯᠡᠭᠰᠡᠨ ᠴᠠᠭ᠄
2022/8/8
1. ᠳᠦᠪᠡᠳ ᠬᠠᠰᠢ          ᠵᠢᠮᠢᠰ ᠪᠤᠯᠥᠨ ᠢᠳᠡᠰᠢᠨ ᠨᠤᠭᠤᠭ᠎ᠠ ᠶᠢᠨ ᠳᠤᠳᠤᠷ᠎ᠠ᠂ ᠳᠦᠪᠡᠳ ᠬᠠᠰᠢ ᠳᠤ ᠬᠠᠮᠤᠭ ᠠᠷᠪᠢᠨ ᠸᠢᠲ᠋ᠠᠮᠢᠨ C ᠠᠭᠤᠯᠤᠬᠳᠠᠵᠤ ᠪᠠᠶᠢᠳᠠᠭ ᠶᠤᠮ᠃ ᠢᠢᠮᠦ ᠠᠴᠠ ᠡᠳᠥᠷ ᠪᠤᠯᠭᠠᠨ ᠬᠠᠮᠤᠭ ᠪᠠᠭ᠎ᠠ ᠳᠠᠭᠠᠨ ᠨᠢᠭᠡ ᠲᠦᠪᠡᠳ ᠬᠠᠰᠢ ᠢᠳᠡᠭᠦ ᠬᠡᠷᠡᠭᠳᠡᠢ᠃ ᠢᠩᠭᠢᠮᠡᠨᠵᠢᠨ ᠰᠠᠶ᠋ᠢ ᠨᠢᠭᠡ ᠡᠳᠥᠷ ᠤᠨ ᠭᠡᠷᠡᠭᠰᠡᠭᠦ ᠸᠢᠲ᠋ᠠᠮᠢᠨ C ᠶᠢ ᠬᠠᠩᠭᠠᠵᠦ ᠳᠡᠶᠢᠯᠦᠨ᠎ᠠ᠃      2. ᠨᠢᠭᠡ ᠴᠤᠮᠤ ᠼᠤᠤ          ᠭᠤᠷᠪᠠᠨ ᠡᠷᠡᠨ ᠤ ᠬᠤᠭᠤᠯᠠᠨ ᠳᠤ ᠽᠤᠤ ᠢᠳᠡᠭᠦ ᠨᠢ ᠴᠢᠰᠤᠨ ᠰᠤᠳᠠᠯ ᠤᠨ ᠬᠠᠲᠠᠭᠤᠷᠠᠯ ᠢ ᠰᠠᠷᠭᠡᠶᠢᠯᠡᠵᠦ ᠴᠢᠳᠠᠨ᠎ᠠ᠃ ᠡᠨᠡ ᠨᠢ ᠨᠢᠭᠡᠨᠳᠡ ᠤᠯᠠᠠᠲᠠ ᠳᠠᠪᠲᠠᠬᠳᠠᠵᠦ ᠪᠠᠶᠢᠭ᠎ᠠ ᠡᠷᠡᠭᠦᠯᠵᠢᠯ ᠤᠨ ᠮᠡᠳᠡᠯᠭᠡ ᠪᠤᠯᠵᠠᠢ᠃ ᠭᠡᠷᠪᠡ ᠲᠠᠨ  ᠤ ᠰᠠᠭᠤᠭ᠎ᠠ ᠭᠠᠵᠠᠷ ᠤᠨ ᠴᠢᠨᠢ ᠲᠦᠭᠡᠭᠡᠯ ᠤᠰᠤᠨ ᠤ ᠴᠢᠨᠠᠷ ᠨᠢ ᠬᠠᠲᠠᠭᠤ ᠪᠤᠯ ᠡᠳᠦᠷ ᠪᠦᠷᠢ ᠨᠢᠭᠤᠷ ᠤᠭᠢᠶᠠᠬᠤ ᠤᠰᠤᠨ ᠳᠠᠭᠠᠨ ᠵᠢᠭᠠᠬᠠᠨ ᠽᠤᠤ ᠲᠤᠰᠤᠭᠠᠪᠠᠯ ᠭᠤᠸᠠᠯᠠᠭᠵᠢᠭᠤᠯᠬᠤ ᠦᠢᠯᠠᠳᠥᠯ ᠲᠠᠢ ᠶᠤᠮ᠃      3. ᠨᠢᠭᠡ ᠴᠤᠮᠤ ᠡᠭᠡᠳᠡᠭᠰᠡᠨ ᠰᠦ          ᠺᠠᠯᠼ ᠨᠦᠭᠦᠪᠦᠷᠢᠯᠠᠭᠦ ᠡᠭᠦᠳᠦᠨ ᠠᠴᠠ ᠠᠪᠴᠦ ᠦᠵᠠᠪᠡᠯ ᠡᠮᠡᠭᠲᠡᠶᠢᠴᠤᠳ ᠬᠠᠮᠤᠭ ᠭᠢᠯᠪᠠᠷ ᠺᠠᠯᠼ ᠳᠤᠳᠠᠬᠠᠳᠠᠳᠠᠭ ᠶᠤᠮ᠃ ᠦᠨᠢᠶᠠᠨ ᠰᠦ ᠶᠢᠨ ᠺᠠᠯᠼ ᠨᠦᠭᠦᠭᠦ ᠦᠷ᠎ᠡ ᠳ᠋ᠦᠩ ᠨᠢ ᠶᠠᠮᠠᠷᠴᠦ ᠢᠳᠡᠭᠡᠨ ᠠᠴᠠ ᠰᠠᠶᠢᠨ ᠪᠠᠶᠢᠳᠠᠭ᠂ ᠡᠭᠡᠳᠡᠭᠰᠡᠨ ᠰᠦ ᠭᠦᠮᠦᠨ ᠤ ᠪᠡᠶᠠᠨ ᠳᠤ ᠨᠡᠩ ᠬᠢᠯᠪᠷ ᠰᠢᠩᠭᠡᠳᠡᠭ ᠶᠤᠮ᠃ ᠡᠶᠢᠮᠦ ᠠᠴᠠ ᠡᠮᠡᠭᠳᠡᠶᠢᠴᠤᠳ ᠡᠳᠤᠷ ᠪᠦᠷᠢ ᠨᠢᠭᠡ ᠴᠤᠮᠤ ᠡᠭᠡᠳᠡᠭᠰᠡᠨ ᠰᠦ ᠤᠤᠭᠤᠬᠤ ᠭᠡᠷᠡᠭᠲᠠᠢ᠃      4. ᠨᠢᠭᠡ ᠯᠤᠩᠬᠤ ᠷᠠᠰᠢᠶᠠᠨ ᠤᠰᠤ          ᠵᠠᠪᠠᠯ ᠵᠢᠩᠬᠢᠨᠢ ᠷᠠᠰᠢᠶᠠᠨ ᠤᠰᠤ ᠪᠠᠶᠢᠬᠤ ᠭᠡᠷᠡᠭᠲᠠᠢ᠃ ᠤᠴᠢᠷ ᠨᠢ ᠲᠡᠭᠦᠨ ᠳᠤ ᠠᠭᠤᠯᠤᠬᠲᠠᠵᠤ ᠪᠠᠶᠢᠭ᠎ᠠ ᠪᠢᠴᠢᠯ ᠡᠯᠧᠮᠧᠨ᠋ᠲ ᠬᠢᠭᠡᠳ ᠠᠭᠤᠷᠬᠠᠢ ᠶᠢᠨ ᠪᠤᠳᠠᠰ ᠨᠢ ᠠᠷᠠᠰᠤ ᠮᠢᠬᠠᠨ ᠳᠤ ᠬᠠᠮᠤᠭ ᠠᠴᠠ ᠭᠡᠷᠡᠭᠴᠡᠭᠡ ᠲᠠᠢ᠃ ᠨᠢᠭᠤᠷ ᠢᠶᠠᠨ ᠤᠭᠢᠶᠠᠠᠭᠰᠠᠨ ᠤ ᠰᠡᠭᠦᠯᠠᠷ ᠳᠡᠭᠡᠭᠰᠢ ᠬᠠᠷᠠᠵᠤ ᠭᠡᠪᠳᠡᠭᠡᠳ ᠷᠠᠰᠢᠶᠠᠨ ᠤᠰᠤᠨ ᠳᠤ ᠨᠣᠷᠤᠭᠠᠭᠰᠠᠨ ᠴᠡᠪᠡᠷ ᠱᠠ ᠪᠦᠰ ᠢᠶᠠᠷ ᠨᠢᠭᠤᠷ ᠢᠶᠠᠨ ᠪᠦᠳᠡᠭᠡᠳ ᠱᠠ ᠪᠦᠰ ᠬᠠᠲᠠᠬᠰᠠᠨ ᠤ ᠳᠠᠷᠠᠭ᠎ᠠ ᠳᠠᠭᠢᠨ ᠨᠣᠷᠤᠭᠠᠭᠠᠳ ᠪᠦᠳᠡᠭᠡᠨ᠎ᠠ᠃ ᠢᠩᠭᠢᠵᠤ ᠳᠠᠭᠢᠨ ᠳᠠᠪᠳᠠᠨ ᠭᠢᠪᠡᠯ ᠨᠢᠭᠤᠷ ᠲᠡᠭᠡᠨ ᠪᠢᠴᠢᠯ ᠡᠯᠧᠮᠧᠨ᠋ᠲ ᠤᠨ ᠰᠢᠮ᠎ᠡ ᠳᠡᠵᠢᠭᠡᠯ ᠨᠦᠭᠦᠭᠰᠡᠨ ᠲᠠᠢ ᠲᠡᠩᠴᠡᠨ᠎ᠠ᠃      5. ᠨᠢᠭᠡ ᠤᠭᠤᠲᠠ ᠴᠠᠢ            ᠡᠮᠡᠭᠳᠡᠶᠢᠴᠤᠳ ᠵᠠᠪᠠᠯ ᠴᠠᠢ ᠤᠤᠭᠤᠬᠤ ᠭᠡᠷᠡᠭᠳᠡᠢ᠃ ᠭᠡᠷᠪᠡ ᠬᠤᠳᠤᠭᠠᠳᠤᠨ ᠡᠪᠡᠳᠴᠢᠨ ᠦᠭᠡᠢ ᠪᠤᠯ ᠨᠤᠭᠤᠭᠠᠨ ᠴᠠᠢ ᠪᠤᠯᠤᠨ ᠦᠯᠦᠩ ᠴᠠᠢ ᠬᠠᠮᠤᠭ ᠰᠠᠶᠢᠨ ᠶᠤᠮ᠃ ᠢᠯᠠᠩᠭᠤᠶ᠎ᠠ ᠮᠠᠷᠢᠶ᠎ᠠ ᠰᠢᠭᠤᠷᠠᠭᠤᠯᠬᠤ ᠭᠡᠵᠦ ᠪᠠᠶᠢᠭ᠎ᠠ ᠡᠮᠡᠭᠳᠡᠶᠢᠴᠤᠳ ᠲᠤ ᠠᠪᠴᠤ ᠭᠡᠯᠠᠪᠡᠯ ᠴᠠᠢ ᠨᠢ ᠪᠠᠶᠢᠭᠠᠯᠢᠯᠢᠭ ᠮᠦᠷᠲᠡᠭᠡᠨ ᠬᠠᠮᠤᠭ ᠪᠦᠳᠦᠮᠵᠢᠲᠠᠢ ᠮᠠᠷᠢᠶ᠎ᠠ ᠰᠢᠭᠤᠷᠠᠭᠤᠯᠬᠤ ᠡᠳ᠋ ᠪᠤᠯᠬᠤ ᠶᠤᠮ᠃  ᠭᠡᠳᠡᠰᠤᠨ ᠤ ᠦᠭᠡᠭᠦ ᠶᠢ ᠠᠷᠢᠯᠭᠠᠬᠤ ᠳᠤ ᠴᠠᠢ ᠠᠴᠠ ᠰᠠᠶᠢᠨ‌ᠤᠮᠳᠠᠭᠠᠨ ᠪᠠᠶᠢᠬᠤ ᠦᠭᠡᠢ᠃  
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号