ᠡᠷᠡᠭᠦᠯ ᠮᠡᠨᠳᠦ ᠶᠢᠨ ᠲᠤᠬᠠᠢ ᠠᠷᠪᠠᠨ ᠲᠠᠪᠤᠨ ᠰᠣᠷᠭᠠᠯ
ᠨᠡᠶᠢᠲᠡᠯᠡᠭᠰᠡᠨ ᠴᠠᠭ᠄
2022/9/26
   ᠡᠷᠡᠭᠦᠯ ᠴᠢᠬᠢᠷᠠᠭ ᠨᠢ ᠡᠳ᠋ ᠤᠨ ᠪᠠᠶᠠᠯᠢᠭ ᠠᠴᠠ ᠡᠷᠬᠢᠮ᠃— ᠷᠧᠯ    ᠠᠮᠢ ᠨᠠᠰᠤᠨ ᠤ ᠤᠷᠤᠰᠢᠬᠤᠢ ᠨᠢ ᠬᠦᠳᠡᠯᠭᠡᠭᠡᠨ ᠬᠢᠬᠦ ᠳᠤ ᠪᠣᠢ᠃— ᠸᠤᠯᠲ᠋ᠧᠷ    ᠢᠳᠡᠭᠡᠨ ᠳᠤ ᠪᠤᠤ ᠬᠡᠲᠦ ᠴᠠᠳ᠂ ᠠᠷᠢᠬᠢᠨ ᠳᠤ ᠪᠤᠤ ᠬᠡᠲᠦ ᠰᠣᠭᠲᠤ᠃— ᠹᠷᠠᠩᠺᠯᠢᠨ    ᠡᠪᠡᠳᠴᠢᠨ ᠢ ᠰᠡᠷᠬᠡᠶᠢᠯᠡᠬᠦ ᠨᠢ ᠡᠪᠡᠳᠴᠢᠨ ᠢ ᠵᠠᠰᠠᠬᠤ ᠠᠴᠠ ᠴᠢᠬᠤᠯᠠ᠃— ᠳ᠋ᠢᠺᠢᠨᠽ    ᠬᠢᠯᠪᠠᠷ ᠪᠠᠶᠠᠷᠯᠠᠳᠠᠭ ᠬᠦᠮᠦᠨ ᠶᠡᠷᠦ ᠨᠢ ᠤᠷᠲᠤ ᠨᠠᠰᠤᠯᠠᠮᠤᠢ᠃—  ᠰᠢᠶᠦ᠋ᠨᠽ    ᠶᠠᠭᠠᠷᠠᠵᠤ ᠰᠠᠨᠳᠤᠷᠴᠤ ᠢᠳᠡᠪᠡᠯ ᠰᠠᠪᠠ ᠬᠤᠳᠤᠭᠤᠳᠤᠨ ᠳᠤ ᠬᠠᠷᠰᠢ — ᠱᠧᠺᠰᠫᠧᠷ    ᠪᠠᠶᠠᠷ ᠪᠠᠶᠠᠰᠬᠤᠯᠠᠩ ᠪᠣᠯ ᠡᠷᠡᠭᠦᠯ ᠮᠡᠨᠳᠦ ᠮᠦᠨ᠂ ᠭᠤᠨᠢᠭ ᠪᠣᠬᠢᠨᠢᠳᠤᠯ ᠪᠣᠯ ᠡᠪᠡᠳᠴᠢᠨ ᠡᠮᠭᠡᠭ ᠮᠦᠨ᠃— ᠬᠠᠯᠢᠪᠧᠷᠤᠨ    ᠬᠢᠯᠢᠩᠨᠡᠬᠦ ᠪᠣᠯ ᠪᠣᠰᠣᠳ ᠤᠨ ᠠᠯᠳᠠᠭ᠎ᠠ ᠪᠠᠷ ᠪᠡᠶ᠎ᠡ ᠪᠠᠨ ᠶᠠᠯᠠᠯᠠᠵᠤ ᠪᠠᠶᠢᠭ᠎ᠠ ᠶᠠᠪᠤᠳᠠᠯ ᠮᠦᠨ᠃—ᠺᠠᠨᠲ    ᠤᠬᠢᠯᠠᠬᠤ ᠦᠭᠡᠢ ᠲᠡᠰᠦᠨ᠎ᠡ ᠭᠡᠳᠡᠭ ᠠᠮᠢ ᠪᠠᠨ ᠬᠤᠤᠷᠯᠠᠵᠤ ᠪᠠᠶᠢᠭ᠎ᠠ ᠬᠡᠷᠡᠭ᠃— ᠸᠢᠯᠾᠢᠮ    ᠪᠠᠶᠠᠷ ᠬᠦᠷ ᠲᠠᠢ ᠪᠠᠶᠢᠬᠤ ᠨᠢ ᠪᠡᠶ᠎ᠡ ᠰᠡᠳᠬᠢᠯ ᠢ ᠬᠠᠮᠠᠭᠠᠯᠠᠬᠤ ᠬᠠᠮᠤᠭ ᠤᠨ ᠰᠠᠶᠢᠨ ᠠᠷᠭ᠎ᠠ ᠮᠦᠨ᠃— ᠰᠠᠩᠳ᠋    ᠪᠣᠷᠣᠭᠵᠢᠭᠤᠨ ᠠᠮᠢᠳᠤᠷᠠᠯ ᠪᠡᠶ᠎ᠡ ᠰᠡᠳᠬᠢᠯ ᠳᠤ ᠠᠰᠢᠭᠲᠠᠢ᠃— ᠠᠶᠢᠨᠰᠲ᠋ᠧᠨ    ᠪᠡᠶ᠎ᠡ ᠮᠠᠬᠠᠪᠤᠳ ᠤᠨ ᠬᠠᠲᠠᠭᠤ ᠴᠢᠬᠢᠷᠠᠭ ᠨᠢ ᠭᠤᠸ᠎ᠠ ᠦᠵᠡᠰᠬᠦᠯᠡᠩ ᠠᠴᠠ ᠬᠤᠯᠠ ᠡᠷᠬᠢᠮ᠃— ᠢᠰᠤᠸ᠋    ᠠᠵᠠ ᠵᠢᠷᠭᠠᠯ ᠤᠨ ᠲᠡᠷᠢᠬᠦᠨ ᠴᠢᠬᠤᠯᠠ ᠨᠦᠬᠦᠴᠡᠯ ᠨᠢ ᠡᠷᠡᠭᠦᠯ ᠴᠢᠬᠢᠷᠠᠭ ᠪᠣᠯᠤᠨ᠎ᠠ᠃— ᠺᠤᠳᠧᠰ    ᠠᠭᠤᠵᠢᠮ ᠪᠠᠭᠲᠠᠭᠠᠮᠵᠢᠲᠠᠢ ᠬᠦᠮᠦᠨ ᠰᠠᠶ᠋ᠢ ᠤᠷᠲᠤ ᠨᠠᠰᠤᠯᠠᠵᠤ ᠴᠢᠳᠠᠨ᠎ᠠ᠃— ᠱᠧᠺᠰᠫᠧᠷ    ᠵᠢᠮ᠎ᠡ ᠶᠤᠰᠤ ᠲᠠᠢ ᠠᠮᠢᠳᠤᠷᠠᠬᠤ ᠪᠣᠯ ᠤᠷᠲᠤ ᠨᠠᠰᠤᠯᠠᠵᠤ ᠤᠳᠠᠭᠠᠨ ᠵᠢᠷᠭᠠᠬᠤ ᠶᠢᠨ ᠨᠢᠭᠤᠴᠠ ᠵᠤᠷ᠃— ᠪᠠᠯᠽᠠᠺ
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号