ᠰᠢᠪᠠᠭᠤᠳ ᠤᠨ ᠬᠠᠮᠤᠭ
ᠨᠡᠶᠢᠲᠡᠯᠡᠭᠰᠡᠨ ᠴᠠᠭ᠄
2023/3/27
     ᠲᠠᠯᠠᠭᠡᠢ ᠲᠠᠭᠡᠷ᠎ᠠ ᠬᠠᠮᠤᠭ ᠤᠨ ᠳᠤᠮᠤ ᠰᠢᠪᠠᠭᠤ ᠪᠤᠯ ᠤᠮᠠᠷᠠᠳᠤ ᠠᠹᠷᠢᠺᠠ ᠶᠢᠨ ᠲᠠᠮᠠᠭᠡᠨ ᠬᠢᠷᠭᠤᠤᠯ ᠪᠤᠯᠤᠨ᠎ᠠ᠃ ᠡᠷᠡᠭᠴᠢᠨ ᠤ ᠪᠦᠭᠦ ᠪᠠᠶ᠎ᠠ ᠶᠢᠨ ᠭᠦᠨᠳᠤ ᠨᠢ 156.6 ᠺᠢᠯᠦᠭᠷᠠᠮ᠂ 2.94 ᠮᠧᠲᠷ ᠦᠨᠳᠤᠷ ᠪᠠᠶᠢᠳᠠᠭ᠃      ᠬᠠᠮᠤᠭ ᠤᠨ ᠵᠢᠵᠢᠭ ᠰᠢᠪᠠᠭᠤ ᠪᠤᠯ ᠺᠦᠪᠠ ᠶᠢᠨ ᠹᠠᠩᠽᠢ ᠠᠷᠠᠯ ᠤᠨ ᠵᠦᠭᠡᠢ ᠰᠢᠪᠠᠭᠤ ᠪᠤᠯᠤᠨ᠎ᠠ᠃ ᠪᠠᠶ᠎ᠠ ᠶᠢᠨ ᠭᠦᠨᠳᠤ ᠨᠢ ᠵᠦᠪᠭᠡᠨ 2 ᠭᠷᠠᠮ᠂ 2 — 5 ᠰᠠᠨᠲ᠋ᠢᠮᠧᠲᠷ ᠤᠷᠳᠤ ᠯᠠ ᠪᠠᠶᠢᠳᠠᠭ᠃      ᠬᠠᠮᠤᠭ ᠤᠨ ᠲᠦᠷᠭᠡᠨ ᠨᠢᠰᠳᠡᠭ ᠰᠢᠪᠠᠭᠤ ᠪᠤᠯ ᠰᠠᠭᠦᠯ ᠳᠡᠭᠡᠨ ᠰᠠᠭᠡᠷ ᠶᠠᠰᠤ ᠲᠠᠢ ᠮᠤᠷᠢᠨ ᠬᠠᠷᠢᠶᠠᠴᠠᠢ ᠪᠤᠯᠤᠨ᠎ᠠ᠃ ᠴᠠᠭ ᠲᠤ 170 ᠭᠠᠷᠤᠢ ᠺᠢᠯᠦᠮᠧᠲᠷ ᠨᠢᠰᠳᠡᠭ᠃      ᠬᠠᠮᠤᠭ ᠤᠨ ᠬᠤᠯᠠ ᠨᠢᠰᠳᠡᠭ ᠰᠢᠪᠠᠭᠤ ᠪᠤᠯ ᠤᠮᠠᠷᠠᠳᠤ ᠳᠦᠢᠯ ᠤᠨ ᠬᠠᠷᠢᠶᠠᠴᠠᠢ ᠴᠠᠬᠤᠯᠠᠢ ᠪᠤᠯᠤᠨ᠎ᠠ᠃ ᠡᠮᠤᠨᠡᠳᠤ ᠤᠮᠠᠷᠠᠳᠤ ᠳᠦᠢᠯ ᠤᠨ ᠬᠤᠭᠤᠷᠤᠨᠳᠤ ᠪᠤᠴᠠᠵᠤ ᠢᠷᠡᠭᠦ ᠳᠡᠭᠡᠨ 2 ᠲᠦᠮᠠᠨ ᠺᠢᠯᠦᠮᠧᠲᠷ ᠨᠢᠰᠳᠡᠭ᠃      ᠬᠠᠮᠤᠭ ᠤᠨ ᠤᠳᠠᠭᠠᠨ ᠦᠨᠳᠡᠭᠡ ᠪᠠᠨ ᠲᠠᠷᠤᠳᠠᠭ ᠰᠢᠪᠠᠭᠤ ᠪᠤᠯ ᠬᠤᠪᠢᠴᠢ ᠰᠢᠪᠠᠭᠤ ᠶᠤᠮ᠃ ᠶᠠᠷᠤ ᠶᠢᠨ ᠪᠠᠶᠢᠳᠠᠯ ᠳᠤ 75 — 82 ᠡᠳᠤᠷ ᠤᠨ ᠲᠠᠷᠠᠭ᠎ᠠ ᠠᠩᠭᠠᠬᠠᠢ ᠨᠢ ᠰᠠᠶ᠋ᠢ ᠨᠠᠪᠴᠢᠵᠤ ᠭᠠᠷᠳᠠᠭ᠃      ᠠᠩᠭᠠᠬᠠᠢ ᠨᠢ ᠬᠠᠮᠤᠭ ᠤᠨ ᠲᠦᠷᠭᠡᠨ ᠨᠠᠪᠴᠢᠳᠡᠭ ᠨᠢ ᠭᠦᠭᠦᠯᠳᠤ ᠭᠦᠭᠡ ᠪᠤᠯᠵᠤᠮᠤᠷ ᠪᠤᠯᠤᠨ᠎ᠠ᠃ 9 — 10 ᠡᠳᠤᠷ ᠲᠠᠷᠤᠪᠠᠯ ᠠᠩᠭᠠᠬᠠᠢ ᠨᠢ ᠨᠠᠪᠴᠢᠭᠡᠳ ᠭᠠᠷᠴᠢᠬᠠᠳᠠᠭ᠃      ᠡᠷᠡᠭᠴᠢᠨ ᠡᠮᠡᠭᠴᠢᠨ ᠤ ᠪᠠᠶ᠎ᠠ ᠶᠢᠨ ᠭᠦᠨᠳᠤ ᠶᠢᠨ ᠵᠦᠷᠢᠶ᠎ᠠ ᠨᠢ ᠬᠠᠮᠤᠭ ᠶᠡᠭᠡ ᠰᠢᠪᠠᠭᠤ ᠪᠤᠯ ᠳᠤᠭᠤᠳᠠᠭ ᠪᠤᠯᠤᠨ᠎ᠠ᠃ ᠡᠷᠡᠭᠴᠢᠨ ᠤ ᠭᠢᠨᠢ ᠪᠠᠶ᠎ᠠ ᠶᠢᠨ ᠭᠦᠨᠳᠤ 11 — 16 ᠺᠢᠯᠦᠭᠷᠠᠮ ᠪᠠᠶᠢᠬᠤ ᠳᠤ᠂ ᠡᠮᠡᠭᠴᠢᠨ ᠤ ᠭᠢᠨᠢ ᠵᠦᠪᠭᠡᠨ 5 — 6 ᠺᠢᠯᠦᠭᠷᠠᠮ ᠯᠠ ᠪᠠᠶᠢᠳᠠᠭ᠃      ᠳᠤᠭ᠎ᠠ ᠭᠡᠮᠵᠢᠶ᠎ᠠ ᠨᠢ ᠬᠠᠮᠤᠭ ᠤᠨ ᠤᠯᠠᠨ ᠰᠢᠪᠠᠭᠤ ᠪᠤᠯ ᠠᠹᠷᠢᠺᠠ ᠲᠢᠪ ᠤᠨ ᠰᠠᠬᠠᠷᠠ ᠶᠢᠨ ᠡᠯᠡᠰᠤᠨ ᠴᠦᠯ ᠤᠨ ᠡᠮᠤᠨᠡᠳᠤ ᠭᠡᠰᠡᠭ ᠲᠤ ᠠᠮᠢᠳᠤᠷᠠᠵᠤ ᠪᠠᠶᠢᠬᠤ ᠤᠯᠠᠭᠠᠨ ᠬᠤᠰᠢᠭᠤᠳᠤ ︽ᠵᠢᠯᠢ ᠰᠢᠪᠠᠭᠤ︾ ᠪᠤᠯᠤᠨ᠎ᠠ᠃ ᠵᠢᠱᠢᠯᠳᠠ ᠪᠠᠷ ᠤᠳᠤᠬᠠᠨ ᠳᠤ ᠪᠠᠷᠤᠭ 100 ᠳ᠋ᠦᠡᠭᠰᠢᠭᠤᠷ ᠪᠤᠢ᠃      ᠬᠠᠮᠤᠭ ᠤᠨ ᠳᠤᠭᠰᠢᠨ ᠰᠢᠪᠠᠭᠤ ᠪᠤᠯ ᠠᠮᠧᠷᠢᠺᠠ ᠲᠢᠪ ᠤᠨ ᠬᠤᠵᠢᠭᠡᠷ ᠪᠠᠶᠢᠵᠤ᠂ ᠪᠠᠶ᠎ᠠ ᠨᠢ 1.2 ᠮᠧᠲᠷ ᠤᠷᠳᠤ ᠪᠠᠶᠢᠵᠤ᠂ ︽ᠲᠦᠮᠠᠨ ᠰᠢᠪᠠᠭᠤᠨ ᠤ ᠸᠠᠩ︾ ᠭᠡᠵᠤ ᠨᠠᠷᠡᠯᠡᠭᠳᠡᠭᠰᠡᠨ ᠪᠠᠶᠢᠳᠠᠭ᠃      ᠬᠠᠮᠤᠭ ᠤᠨ ᠤᠷᠳᠤ ᠬᠤᠨᠭ᠍ᠰᠢᠶᠠᠷ ᠲᠠᠢ ᠰᠢᠪᠠᠭᠤ ᠪᠤᠯ ᠡᠮᠤᠨᠡᠳᠤ ᠠᠹᠷᠢᠺᠠ ᠲᠢᠪ ᠤᠨ ᠪᠷᠠᠽᠢᠯ ᠤᠨ ᠲᠦᠸᠧᠺᠦ᠋ᠡᠭ ᠰᠢᠪᠠᠭᠤ ᠪᠤᠯᠤᠨ᠎ᠠ᠃ ᠬᠤᠰᠢᠭᠤ ᠨᠢ 66 — 100 ᠰᠠᠨᠲ᠋ᠢᠮᠧᠲᠷ ᠤᠷᠳᠤ ᠪᠠᠶᠢᠳᠠᠭ᠃      ᠬᠠᠮᠤᠭ ᠤᠨ ᠤᠷᠳᠤ ᠲᠠᠯᠠᠪᠴᠢ ᠲᠠᠢ ᠰᠢᠪᠠᠭᠤ ᠪᠤᠯ ᠠᠹᠠᠨᠭ᠌ ᠰᠢᠪᠠᠭᠤ ᠪᠤᠯᠤᠨ᠎ᠠ᠃ ᠬᠤᠶᠠᠷ ᠲᠠᠯᠠᠪᠴᠢ ᠪᠠᠨ ᠲᠠᠯᠭᠡᠪᠡᠯ 4 — 5 ᠮᠧᠲᠷ ᠤᠷᠳᠤ ᠪᠠᠶᠢᠳᠠᠭ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号