ᠵᠤᠯ ᠵᠢᠷᠭᠠᠯ ᠲᠠᠢ ᠠᠮᠢᠳᠤᠷᠠᠬᠤ ᠶᠢᠨ ᠶᠢᠰᠦᠨ ᠨᠦᠬᠦᠴᠡᠯ
ᠨᠡᠶᠢᠲᠡᠯᠡᠭᠰᠡᠨ ᠴᠠᠭ᠄
2023/5/15
     ᠢᠳᠡᠪᠬᠢᠲᠡᠢ‌‍ᠲ᠋ᠠᠯ᠎ᠠ‌ᠡᠴᠠ‌ᠠᠪᠴᠤ‌‍ᠬᠡᠯᠡᠪᠡᠯ᠂ ᠬᠦᠮᠦᠨ‌‍ᠪᠦ᠋ᠷᠢ ᠴᠦᠮ ᠪᠡᠶ᠎ᠡ‌‍ᠪᠠᠨ ᠵᠠᠰᠠᠵᠤ᠂ ᠦᠵᠡᠯ ᠰᠡᠳᠭᠢᠯᠭᠡ‌‍ᠪᠠᠨ ᠪᠠᠯᠪᠠᠰᠤᠷᠠᠵᠤ᠂ ᠨᠡᠩ‌‍ᠰᠠᠶᠢᠨ‌ᠵᠠᠩ ᠠᠪᠤᠷᠢ ᠲᠠᠢ ᠪᠣᠯᠪᠠᠯ ᠵᠤᠬᠢᠨ᠎ᠠ᠃ ᠳᠣᠣᠷᠠᠬᠢ ᠮᠡᠲᠦ ᠶᠢᠰᠦᠨ‌ᠵᠠᠩ‌ᠠᠪᠤᠷᠢ‌‍ᠪᠣᠯ ᠬᠠᠮᠲᠤ ᠨᠡᠶᠢᠲᠡ‌‍ᠪᠠᠷ ᠵᠶ᠋ᠠᠨ‌ᠮᠡᠳᠡᠷᠡᠭᠰᠡᠨ ᠵᠤᠯ‌ᠵᠢᠷᠭᠠᠯ ᠲᠠᠢ ᠪᠣᠯᠬᠤ ᠴᠢᠬᠤᠯᠠ‌‍ᠪᠦ᠋ᠬᠦᠢ‌ᠨᠦ᠋ᠬᠦᠴᠡᠯ ᠪᠣᠯᠣᠨ᠎ᠠ᠃      1. ᠰᠤᠷᠤᠯᠴᠠᠬᠤ ᠳᠤᠷ᠎ᠠ ᠲᠠᠢ᠄ ᠡᠷᠳᠡᠮ ᠰᠤᠷᠬᠤ ᠴᠢᠩᠭ᠎ᠠ ᠬᠦᠰᠡᠯ᠂ ᠰᠢᠨ᠎ᠡ ᠮᠡᠳᠡᠯᠭᠡ ᠰᠢᠨ᠎ᠡ ᠮᠡᠷᠭᠡᠵᠢᠯ ᠢ ᠡᠵᠡᠮᠰᠢᠬᠦ ᠱᠠᠭᠠᠷᠳᠠᠯᠭ᠎ᠠ ᠨᠢ ᠬᠦᠮᠦᠰ ᠢ ᠨᠡᠩ ᠰᠡᠴᠡᠨ ᠰᠡᠷᠭᠦᠯᠡᠩ᠂ ᠨᠡᠩ ᠢᠲᠡᠭᠡᠯ ᠲᠠᠢ ᠪᠣᠯᠭᠠᠨ᠎ᠠ᠃            2. ᠪᠦᠲᠦᠭᠡᠯᠴᠢ ᠬᠦᠴᠦᠨ᠄ ᠰᠢᠨ᠎ᠡ ᠶᠢ ᠬᠦᠭᠡᠭᠡᠴᠡᠯᠳᠦᠭᠰᠡᠨ᠂ ᠶᠡᠷᠦ ᠪᠣᠰᠤ ᠶᠢᠨ᠂ ᠬᠤᠪᠣᠷ ᠴᠤᠬᠠᠭ ᠰᠢᠨ᠎ᠡ ᠡᠭᠦᠳᠦᠯᠲᠡ ᠨᠢ ᠬᠦᠮᠦᠰ ᠤᠨ ᠵᠠᠯᠠᠭᠤ ᠰᠡᠳᠭᠢᠯᠭᠡ ᠲᠠᠢ ᠪᠠᠶᠢᠬᠤ ᠳᠤ ᠲᠤᠰᠠᠯᠠᠮᠵᠢ ᠲᠠᠢ ᠶᠤᠮ᠃            3. ᠳᠠᠷᠤᠤ ᠬᠢᠴᠢᠶᠡᠩᠭᠦᠢ ᠪᠡᠶ᠎ᠡ ᠪᠠᠨ ᠮᠡᠳᠡᠬᠦ᠄ ᠦᠪᠡᠷ ᠤᠨ ᠴᠢᠳᠠᠪᠤᠷᠢ ᠪᠣᠯᠣᠨ ᠠᠮᠵᠢᠯᠲᠠ ᠪᠦᠲᠦᠭᠡᠯ ᠢᠶᠠᠨ ᠪᠣᠳᠠᠰᠴᠢ ᠪᠦᠭᠡᠳ ᠦᠨᠡᠨ ᠢᠶᠠᠷ ᠦᠨᠡᠯᠡᠬᠦ ᠵᠢᠴᠢ ᠪᠣᠰᠤᠳ ᠤᠨ ᠳᠠᠪᠠᠭᠤᠯᠢᠭ ᠢ ᠪᠠᠭ᠋ᠠᠷᠬᠠᠵᠤ ᠪᠢᠰᠢᠷᠡᠨ᠎ᠡ᠃            4. ᠶᠦᠮᠦᠷ ᠪᠠᠶᠢᠬᠤ᠄ ᠶᠠᠷᠰᠢᠭ ᠲᠦᠪᠡᠭ ᠲᠤ ᠲᠣᠬᠢᠶᠠᠯᠳᠤᠬᠤ ᠪᠤᠶᠤ ᠪᠡᠷᠬᠡ ᠪᠠᠶᠢᠳᠠᠯ ᠳᠣᠣᠷ᠎ᠠ᠂ ᠮᠦᠨ ᠯᠠ ᠪᠠᠶᠠᠷ ᠪᠠᠶᠠᠰᠬᠤᠯᠠᠩ ᠲᠠᠢ ᠪᠠᠶᠢᠬᠤ᠃            5. ᠵᠣᠷᠢᠭ ᠰᠠᠨᠠᠭ᠎ᠠ ᠶᠢᠨ ᠬᠦᠴᠦᠨ᠄ ᠬᠦᠴᠢᠷ ᠪᠡᠷᠬᠡᠰᠢᠶᠡᠯ ᠳᠤ ᠲᠤᠯᠭᠠᠷᠠᠵᠤ᠂ ᠤᠷᠮ᠎ᠠ ᠵᠣᠷᠢᠭ ᠨᠢ ᠮᠤᠬᠤᠷᠳᠠᠭᠰᠠᠨ ᠦᠶᠡᠰ ᠲᠤ ᠵᠣᠷᠢᠭᠰᠠᠨ ᠬᠠᠷᠠᠯᠲᠠ ᠵᠦᠭ ᠢᠶᠠᠨ ᠮᠡᠷᠡᠶᠢᠨ ᠲᠡᠮᠡᠴᠡᠬᠦ ᠬᠦᠴᠦᠨ ᠲᠠᠢ ᠪᠠᠶᠢᠬᠤ᠃            6. ᠠᠴᠢ ᠡᠨᠡᠷᠢᠯ ᠳᠤ ᠲᠠᠯᠠᠷᠬᠠᠬᠤ ᠰᠡᠳᠭᠢᠯᠭᠡ᠄ ᠪᠣᠰᠤᠳ ᠤᠨ ᠬᠠᠶᠢᠷ᠎ᠠ ᠬᠠᠯᠠᠮᠵᠢ ᠪᠠ ᠬᠠᠪᠰᠤᠷᠤᠯᠭ᠎ᠠ ᠳᠡᠮᠵᠢᠯᠭᠡ ᠶᠢ ᠮᠠᠷᠲᠠᠬᠤ ᠦᠭᠡᠢ᠂ ᠪᠣᠰᠤᠳ ᠤᠨ ᠵᠣᠷᠢᠭᠵᠢᠭᠤᠯᠤᠯ ᠬᠦᠮᠦᠵᠢᠭᠦᠯᠦᠯ ᠢ ᠬᠡᠵᠢᠶᠡᠳᠡ ᠰᠠᠨᠠᠨ ᠪᠣᠳᠣᠵᠤ ᠶᠠᠪᠤᠨ᠎ᠠ᠂ ᠭᠠᠷᠠᠭ ᠪᠦᠷᠢ ᠬᠡᠳᠦᠨ ᠮᠢᠨᠦ᠋ᠲ ᠴᠠᠭ ᠭᠠᠷᠭᠠᠵᠤ ᠪᠠᠶᠢᠭᠠᠳ ᠦᠪᠡᠷ ᠤᠨ ᠣᠯᠣᠭᠰᠠᠨ ᠠᠯᠢᠪᠠ ᠪᠦᠬᠦᠨ ᠳᠤ  ᠪᠠᠨ ᠲᠠᠯᠠᠷᠬᠠᠵᠤ ᠡᠷᠭᠢᠴᠡᠭᠦᠯᠦᠨ᠎ᠡ᠃            7. ᠠᠭᠤᠴᠢᠯᠠᠯ᠄ ᠲᠠᠨ ᠢ ᠬᠤᠣᠷᠯᠠᠵᠤ ᠦᠩᠭᠡᠷᠡᠭᠰᠡᠨ ᠬᠦᠮᠦᠨ ᠢ ᠠᠭᠤᠴᠢᠯᠠᠨ᠎ᠠ᠂ ᠰᠡᠳᠭᠢᠯ ᠰᠠᠨᠠᠭ᠎ᠠ ᠠᠭᠤᠵᠢᠭᠤ ᠲᠠᠯᠪᠢᠭᠤ᠂ ᠦᠩᠭᠡᠷᠡᠭᠰᠡᠨ ᠤ ᠶᠠᠪᠤᠳᠠᠯ ᠢ ᠦᠯᠦ ᠨᠡᠬᠡᠬᠦ᠂ ᠤᠶᠤᠨ ᠰᠠᠨᠠᠭᠠᠨ ᠤ ᠪᠠᠶᠢᠳᠠᠯ ᠢᠶᠠᠨ ᠲᠦᠪ ᠪᠠᠶᠢᠯᠭᠠᠨ᠎ᠠ᠃      8. ᠪᠢᠰᠢᠷᠡᠮ᠎ᠡ ᠬᠦᠮᠦᠨ ᠤ ᠶᠢᠷᠲᠢᠨᠴᠦ᠄ ᠰᠦᠨᠳᠡᠷᠯᠡᠨ ᠬᠠᠷᠠᠭᠳᠠᠬᠤ ᠠᠭᠤᠯᠠ ᠨᠢᠷᠤᠭᠤ᠂ ᠬᠤᠷᠴᠢᠭᠢᠨᠠᠨ ᠣᠷᠣᠰᠬᠤ ᠭᠤᠣᠯ ᠭᠤᠷᠤᠬ᠎ᠠ᠂ ᠨᠣᠮᠢᠨ ᠨᠣᠭᠤᠭᠠᠨ ᠲᠠᠯ᠎ᠠ ᠨᠤᠲᠤᠭ᠂ ᠡᠭᠡᠰᠢᠭᠯᠡᠨ ᠳᠣᠩᠭᠤᠳᠬᠤ ᠭᠠᠯᠠᠭᠤ ᠰᠢᠪᠠᠭᠤ᠂ ᠬᠦᠮᠦᠨ ᠤ ᠶᠢᠷᠲᠢᠨᠴᠦ ᠭᠠᠶᠢᠬᠠᠮᠰᠢᠭ ᠰᠠᠶᠢᠬᠠᠨ᠂ ᠡᠨᠡ ᠪᠦᠬᠦᠨ ᠤ ᠪᠢᠰᠢᠷᠡᠮ᠎ᠡ ᠰᠠᠶᠢᠬᠠᠨ ᠳᠤ ᠠᠵᠤ ᠠᠮᠢᠳᠤᠷᠠᠯ ᠳᠤ  ᠪᠠᠨ ᠢᠲᠡᠭᠡᠯ ᠲᠠᠢ ᠶᠠᠪᠤᠨ᠎ᠠ᠃       9. ᠦᠷᠨᠢᠯ ᠪᠠᠳᠠᠷᠠᠩᠭᠤᠢ ᠠᠮᠢ ᠨᠠᠰᠤ᠄ ᠭᠡᠷ ᠦᠷᠦᠭᠡᠨ ᠠᠴᠠ ᠪᠠᠨ ᠭᠠᠷᠴᠤ᠂ ᠪᠠᠶᠢᠭᠠᠯᠢ ᠶᠢᠷᠲᠢᠨᠴᠦ ᠲᠠᠢ ᠬᠠᠨᠢᠯᠠᠵᠤ᠂ ᠪᠡᠶ᠎ᠡ ᠮᠠᠬᠠᠪᠤᠳ ᠢᠶᠠᠨ ᠪᠣᠯᠪᠠᠰᠤᠷᠠᠬᠤ ᠶᠢ ᠴᠢᠩᠭᠠᠳᠬᠠᠵᠤ᠂ ᠠᠵᠢᠯᠯᠠᠵᠤ ᠠᠮᠠᠷᠠᠬᠤ ᠪᠠᠨ ᠰᠠᠶᠢᠲᠤᠷ ᠲᠣᠬᠢᠷᠠᠭᠤᠯᠵᠤ᠂ ᠳᠡᠭᠵᠢᠭᠦᠨ ᠲᠠᠮᠢᠷ ᠬᠦᠴᠦ ᠲᠠᠢ ᠵᠢᠷᠭᠠᠵᠤ ᠶᠠᠪᠤᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号