ᠤᠰᠤᠨ ᠳᠤ ᠤᠮᠪᠠᠭ᠋ᠤ 
ᠨᠡᠶᠢᠲᠡᠯᠡᠭᠰᠡᠨ ᠴᠠᠭ᠄
2023/5/22
     ᠲᠠᠮᠢᠷ ᠤᠨ ᠬᠦᠳᠡᠯᠭᠡᠭᠡᠨ ᠳᠤ ᠤᠰᠤᠨ ᠳᠤ ᠤᠮᠪᠠᠭ᠋ᠤ ᠨᠢ ᠬᠠᠮᠤᠭ ᠰᠠᠶᠢᠨ ᠭᠡᠵᠤ ᠬᠡᠯᠡᠳᠡᠭ᠃      1. ᠣᠯᠠᠩᠬᠢ ᠬᠦᠳᠡᠯᠭᠡᠭᠡᠨ ᠴᠦᠮ ᠪᠣᠰᠤᠭ᠎ᠠ ᠪᠠᠷ ᠬᠢᠳᠡᠭ᠂ ᠭᠡᠲᠡᠯ᠎ᠡ ᠤᠰᠤᠨ ᠳᠤ ᠤᠮᠪᠠᠭ᠋ᠤ ᠨᠢ ᠬᠡᠪᠲᠡᠭᠡ ᠬᠦᠳᠡᠯᠭᠡᠭᠡᠨ ᠬᠢᠳᠡᠭ᠃      2. ᠤᠰᠤᠨ ᠳᠤ ᠤᠮᠪᠠᠭ᠋ᠤ ᠳᠤ ᠪᠦᠬᠦ ᠪᠡᠶ᠎ᠡ ᠶᠢᠨ ᠪᠣᠯᠴᠢᠩ ᠪᠦᠭᠦᠳᠡ ᠠᠵᠢᠯᠯᠠᠨ᠎ᠠ ᠭᠡᠵᠤ ᠬᠡᠯᠡᠳᠡᠭ᠃      3. ᠬᠦᠮᠦᠰ ᠵᠣᠭᠰᠤᠬᠤ ᠳᠤ ᠡᠪᠦᠳᠦᠭ ᠰᠠᠭ᠎ᠠ ᠶᠢᠨ ᠦᠶ᠎ᠡ ᠴᠦᠮ ᠪᠡᠶ᠎ᠡ ᠶᠢᠨ ᠳᠠᠷᠤᠯᠲᠠ ᠶᠢ ᠬᠦᠯᠢᠶᠡᠳᠡᠭ᠂ ᠭᠡᠲᠡᠯ᠎ᠡ ᠤᠰᠤᠨ ᠳᠤ ᠪᠦᠬᠦ ᠪᠡᠶ᠎ᠡ ᠬᠦᠪᠪᠦᠵᠤ ᠶᠠᠮᠠᠷ ᠴᠦ ᠳᠠᠷᠤᠯᠲᠠ ᠦᠭᠡᠢ ᠪᠠᠶᠢᠳᠠᠭ᠂ ᠲᠡᠶᠢᠮᠦ ᠠᠴᠠ ᠦᠶ᠎ᠡ ᠭᠡᠰᠢᠭᠦᠦ ᠶᠢ ᠠᠮᠠᠷᠠᠭᠤᠯᠳᠠᠭ᠃      4. ᠤᠰᠤᠨ ᠳᠤ ᠤᠮᠪᠠᠭ᠋ᠤ ᠳᠤ ᠪᠡᠶ᠎ᠡ ᠶᠢ ᠤᠰᠦ ᠢᠯᠢᠵᠤ ᠠᠷᠠᠭ ᠶᠠᠰᠤ ᠪᠣᠯᠴᠢᠩ ᠰᠢᠷᠪᠦᠰᠤ ᠳᠤ ᠮᠠᠰᠢ ᠰᠠᠶᠢᠨ ᠪᠠᠶᠢᠳᠠᠭ᠃ ᠲᠡᠶᠢᠮᠦ ᠠᠴᠠ ᠪᠡᠶ᠎ᠡ ᠶᠢᠨ ᠬᠡᠯᠪᠡᠷᠢ ᠭᠤᠸᠠᠯᠢᠭ ᠪᠣᠯᠳᠠᠭ᠃      5. ᠤᠰᠤᠨ ᠳᠤ ᠤᠮᠪᠠᠭ᠋ᠤ ᠨᠢ ᠬᠤᠳᠣᠭᠠᠳᠤ ᠭᠡᠳᠡᠰᠤᠨ ᠤ ᠰᠢᠩᠭᠡᠯᠲᠠ ᠳᠤ ᠮᠠᠰᠢ ᠰᠠᠶᠢᠨ᠂ ᠨᠡᠩ ᠢᠯᠠᠩᠭᠤᠶ᠎ᠠ ᠠᠭᠤᠰᠭᠢ ᠳᠤ ᠶᠡᠭᠡ ᠰᠠᠶᠢᠨ᠃      6. ᠣᠯᠠᠩᠬᠢ ᠤᠰᠤᠨ ᠳᠤ ᠤᠮᠪᠠᠭᠴᠢᠳ ᠤᠨ ᠬᠡᠯᠡᠬᠦ ᠪᠠᠷ ᠤᠰᠤᠨ ᠳᠤ ᠤᠮᠪᠠᠭ᠋ᠤ ᠨᠢ ᠨᠦᠢᠷ ᠢ ᠰᠠᠶᠢᠵᠢᠷᠠᠭᠤᠯᠳᠠᠭ ᠭᠡᠨ᠎ᠡ᠃      7. ᠦᠷᠭᠦᠯᠵᠢ ᠤᠰᠤᠨ ᠳᠤ ᠤᠮᠪᠠᠳᠠᠭ ᠬᠦᠮᠦᠰ ᠤᠨ ᠪᠡᠶ᠎ᠡ ᠶᠢᠨ ᠳᠠᠷᠬᠠᠯᠠᠭ᠎ᠠ ᠲᠡᠭᠡᠰᠢᠯᠡᠵᠤ ᠣᠯᠠᠨ ᠡᠪᠡᠳᠴᠢᠨ ᠨᠢ ᠠᠷᠢᠯᠠᠳᠠᠭ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号