ᠬᠡᠥᠬᠡᠳ ᠤᠨ ᠦᠰᠦᠯᠳᠡ ᠶᠢᠨ ᠭᠤᠷᠪᠠᠨ ᠵᠦᠢᠯ ᠢ ᠤᠨᠴᠠ ᠠᠩᠬᠠᠷᠬᠤ ᠬᠡᠷᠡᠭᠳᠡᠢ
ᠨᠡᠶᠢᠲᠡᠯᠡᠭᠰᠡᠨ ᠴᠠᠭ᠄
2023/6/26
     ᠶᠠᠭᠤᠨ ᠤ ᠡᠮᠦᠨ᠎ᠡ ᠬᠡᠥᠬᠡᠳ ᠢ ᠡᠷᠡᠭᠦᠯ ᠴᠠᠬᠢᠷᠠᠭ ᠢᠶᠠᠷ ᠬᠦᠮᠦᠵᠢᠭᠦᠯᠬᠦ ᠳᠤ᠂ ᠦᠷᠭᠦᠯᠵᠢ ᠬᠡᠥᠬᠡᠳ ᠲᠠᠢ ᠪᠠᠨ ᠬᠠᠮᠳᠤ ᠪᠠᠶᠢᠬᠤ ᠪᠦᠭᠡᠳ ᠬᠡᠥᠬᠡᠳ ᠢᠶᠠᠨ ᠵᠠᠪᠠᠯ ᠬᠠᠷᠠᠬᠠᠨ ᠪᠠᠭ᠎ᠠ ᠠᠴᠠ ᠪᠠᠨ ᠨᠤᠮ ᠤᠩᠰᠢᠬᠤ ᠰᠠᠶᠢᠨ ᠰᠠᠶᠢᠬᠠᠨ ᠵᠠᠩ ᠲᠠᠳᠬᠠᠯ ᠲᠠᠢ ᠪᠤᠯᠭᠠᠬᠤ ᠭᠤᠷᠪᠠᠨ ᠲᠠᠯ᠎ᠠ ᠶᠢ ᠤᠨᠴᠠ ᠠᠩᠬᠠᠷᠬᠤ ᠬᠡᠷᠡᠭᠳᠡᠢ᠃ ᠬᠡᠥᠬᠡᠳ ᠢᠶᠠᠨ ᠪᠤᠶᠢᠵᠢᠭᠤᠯᠬᠤ  ᠳᠤ᠂ ᠰᠢᠨᠵᠢᠯᠡᠬᠦ ᠤᠬᠠᠭᠠᠨᠴᠢ ᠠᠷᠭ᠎ᠠ ᠪᠠᠷ ᠲᠡᠳᠡᠨ ᠤ ᠢᠳᠡᠵᠦ ᠤᠥᠭᠤᠬᠤ᠂ ᠶᠠᠪᠤᠵᠤ ᠰᠠᠭᠤᠬᠤ᠂ ᠰᠤᠷᠤᠯᠴᠠᠬᠤ ᠵᠡᠷᠭᠡ ᠤᠯᠠᠨ ᠲᠠᠯ᠎ᠠ ᠶᠢ ᠨᠢ ᠠᠩᠬᠠᠷᠴᠤ ᠪᠠᠶᠢᠭᠠᠳ ᠡᠷᠡᠭᠦᠯ ᠴᠠᠬᠢᠷᠠᠭ ᠪᠡᠶ᠎ᠡ ᠮᠠᠬᠠᠪᠤᠳ ᠲᠠᠢ᠂ ᠰᠠᠷᠠᠭᠤᠯ ᠲᠤᠩᠭᠠᠯᠠᠭ ᠪᠢᠯᠢᠭ ᠤᠬᠠᠭᠠᠨ ᠲᠠᠢ᠂ ᠠᠵᠢᠯᠴᠢ ᠬᠦᠳᠡᠯᠮᠦᠷᠢᠴᠢ ᠲᠠᠳᠬᠠᠯ ᠲᠠᠢ ᠪᠤᠯᠭᠠᠨ ᠬᠦᠮᠦᠵᠢᠭᠦᠯᠬᠦ ᠬᠡᠷᠡᠭᠳᠡᠢ᠃ ᠲᠠᠷᠤᠢ ᠬᠡᠥᠬᠡᠳ ᠢ ᠢᠷᠡᠭᠡᠳᠦᠢ ᠳᠤ ᠴᠢᠳᠠᠪᠤᠷᠢᠳᠠᠨ ᠪᠤᠯᠭᠠᠬᠤ ᠳᠤ ᠬᠠᠮᠤᠭ ᠦᠨᠳᠦᠰᠦᠨ ᠨᠦᠬᠦᠴᠡᠯ ᠪᠤᠯᠬᠤ ᠪᠡᠶ᠎ᠡ ᠮᠠᠬᠠᠪᠤᠳ ᠤᠨ ᠡᠷᠡᠭᠦᠯ ᠴᠠᠬᠢᠷᠠᠭ ᠪᠠᠶᠢᠬᠤ ᠶᠢ ᠪᠠᠳᠤᠯᠠᠬᠤ ᠬᠡᠷᠡᠭᠳᠡᠢ᠃ ᠡᠨᠡ ᠨᠢ ᠲᠠᠷᠤᠢ ᠡᠩ ᠤᠨ ᠦᠭᠡᠨ ᠳᠤ ᠬᠢ ︽ᠪᠡᠶ᠎ᠡ ᠪᠠᠶᠢᠪᠠᠯ ᠪᠡᠭᠡᠵᠢᠩ︾ ᠭᠡᠳᠡᠭ ᠭᠦᠨ ᠤᠬᠠᠭᠠᠯᠢᠭ ᠶᠤᠰᠤᠨ ᠳᠤ ᠪᠤᠢ᠃      ᠭᠡᠷ ᠤᠨ ᠠᠬᠠᠮᠠᠳ ᠵᠠᠪᠠᠯ ᠬᠡᠥᠬᠡᠳ ᠲᠠᠢ ᠪᠠᠨ ᠦᠷᠭᠦᠯᠵᠢ ᠬᠠᠮᠳᠤ ᠪᠠᠶᠢᠬᠤ ᠬᠡᠷᠡᠭᠳᠡᠢ᠃ ᠬᠡᠥᠬᠡᠳ ᠲᠠᠢ ᠬᠠᠮᠳᠤ ᠪᠠᠶᠢᠬᠤ ᠳᠤ ᠶᠠᠭᠤᠨ ᠤ ᠡᠮᠦᠨ᠎ᠡ ᠬᠡᠥᠬᠡᠳ ᠢᠶᠠᠨ ᠲᠠᠭᠠᠭᠤᠯᠵᠤ ᠡᠬᠡ ᠪᠠᠶᠢᠭᠠᠯᠢ ᠶᠢᠨ ᠤᠷᠴᠢᠨ ᠳᠤ ᠬᠦᠷᠴᠦ᠂ ᠶᠡᠭᠡ ᠪᠠᠶᠢᠭᠠᠯᠢ ᠶᠢᠨ ᠵᠢᠷᠤᠭ ᠰᠢᠭ᠋ ᠠᠬᠤᠢ ᠦᠵᠡᠮᠵᠢ ᠶᠢ ᠦᠵᠡᠭᠦᠯᠬᠦ ᠶᠢᠨ ᠬᠠᠮᠳᠤ ᠢᠯᠠᠭᠠᠨ ᠲᠠᠨᠢᠬᠤ ᠴᠢᠳᠠᠪᠤᠷᠢ ᠶᠢ ᠨᠢ ᠲᠡᠭᠡᠭᠰᠢᠯᠡᠭᠦᠯᠵᠦ᠂ ᠬᠡᠥᠬᠡᠳ ᠤᠨ ᠡᠯ᠎ᠡ ᠡᠷᠬᠡᠳᠡᠨ ᠢ ᠵᠠᠪᠠᠯ ᠵᠡᠷᠭᠡ ᠪᠠᠷ ᠬᠦᠭᠵᠢᠭᠦᠯᠬᠦ ᠶᠢ ᠪᠠᠳᠤᠯᠠᠬᠤ ᠬᠡᠷᠡᠭᠳᠡᠢ᠂ ᠡᠬᠡ ᠪᠠᠶᠢᠭᠠᠯᠢ ᠲᠡᠷᠡᠬᠦ ᠤᠷᠴᠢᠨ ᠳᠤ ᠬᠦᠷᠬᠦ ᠳᠤ ᠬᠡᠥᠬᠡᠳ ᠶᠡᠭᠡ ᠬᠦᠮᠦᠨ ᠲᠠᠢ ᠬᠡᠳᠦᠶᠢᠪᠡᠷ ᠠᠳᠠᠯᠢ ᠪᠤᠰᠤ ᠶᠢᠨ ᠦᠵᠡᠯᠳᠡ ᠲᠠᠢ ᠪᠠᠶᠢᠭᠰᠠᠨ ᠴᠤ ᠬᠠᠷᠢᠨ ᠬᠡᠥᠬᠡᠳ ᠪᠤᠯ ᠲᠡᠷᠢᠬᠢᠨ ᠲᠤᠳᠤᠷ᠎ᠠ ᠪᠠᠨ ᠬᠡᠭᠦᠳᠡᠭ ᠲᠦᠭᠦᠷᠡᠩ ᠬᠦᠰᠡᠯ ᠵᠡᠭᠦᠳᠦ ᠲᠠᠢ᠂ ᠤᠷᠭᠢᠯᠤᠮ᠎ᠠ ᠰᠠᠶᠢᠬᠠᠨ ᠬᠡᠢ ᠬᠦᠰᠡᠯ ᠲᠠᠢ ᠪᠠᠶᠢᠳᠠᠭ ᠶᠤᠮ᠃ ᠬᠡᠥᠬᠡᠳ ᠬᠡᠷᠪᠡ ᠲᠤᠳᠤᠷ᠎ᠠ ᠪᠠᠨ ᠠᠮᠢᠳᠤ ᠴᠣᠪᠤᠭᠠᠯᠢᠭ ᠬᠦᠰᠡᠯ ᠲᠠᠢ᠂ ᠤᠷᠮ᠎ᠠ ᠪᠠᠬ᠎ᠠ ᠲᠠᠢ ᠶᠤᠮ ᠪᠤᠯ ᠲᠡᠷᠡ ᠯᠠᠪᠳᠠᠢ ᠰᠠᠶᠢᠨ ᠰᠠᠶᠢᠬᠠᠨ ᠤ ᠪᠡᠯᠡᠭ ᠲᠡᠮᠪᠡᠷᠢᠯ  ᠲᠠᠢ ᠶᠠᠪᠤᠳᠠᠯ ᠤᠴᠢᠷ ᠢ ᠬᠢᠬᠦ ᠪᠦᠭᠡᠳ ᠢᠷᠡᠭᠡᠳᠦᠢ ᠳᠤ ᠪᠠᠨ ᠨᠡᠩ ᠢᠳᠡᠭᠡᠯ ᠲᠡᠭᠦᠯᠳᠡᠷ ᠪᠠᠶᠢᠬᠤ ᠶᠤᠮ᠂ ᠬᠡᠥᠬᠡᠳ ᠬᠡᠷᠪᠡ ᠠᠪᠤ ᠡᠵᠢ ᠲᠠᠢ ᠪᠠᠨ ᠶᠠᠪᠤᠵᠤ ᠪᠠᠶᠢᠭᠠᠳ ᠯᠧᠢ ᠹᠧᠩ ᠤᠨ ᠱᠤᠭᠤᠮᠠᠯ ᠢ ᠤᠯᠵᠤ ᠦᠵᠡᠭᠡᠳ ᠡᠨᠡ ᠶᠠᠮᠠᠷ ᠬᠦᠮᠦᠨ ᠪᠤᠢ︖ ᠭᠡᠵᠦ ᠠᠰᠠᠭᠤᠪᠠᠯ ᠠᠪᠤ ᠡᠵᠢ ᠠᠴᠠ ᠵᠠᠪᠠᠯ ᠯᠧᠢ ᠹᠧᠩ ᠤᠨ ᠲᠤᠬᠠᠢ ᠦᠯᠢᠭᠡᠷ ᠲᠤᠮᠤᠭ᠂ ᠶᠠᠮᠠᠷ ᠰᠠᠶᠢᠨ ᠰᠠᠶᠢᠬᠠᠨ ᠦᠢᠯᠡ ᠠᠵᠢᠯᠯᠠᠭ᠎ᠠ ᠬᠢᠭᠰᠡᠨ᠂ ᠪᠦᠬᠦ ᠤᠯᠤᠰ ᠲᠤ ᠶᠠᠮᠠᠷ ᠲᠤᠰᠬᠠᠯ ᠭᠠᠷᠭᠠᠭᠰᠠᠨ᠂᠂᠂᠂ ᠵᠡᠷᠭᠡ ᠤᠯᠠᠨ ᠮᠡᠳᠡᠯᠭᠡ ᠶᠢ ᠤᠯᠠᠮᠵᠢᠯᠠᠨ ᠶᠡᠷᠢᠵᠦ ᠦᠭᠪᠡᠯ ᠬᠡᠥᠬᠡᠳ ᠲᠡᠷᠡ ᠲᠤᠥᠷ᠎ᠠ ᠨᠢ ᠰᠡᠩᠭᠡᠷᠡᠨ ᠤᠬᠠᠭᠠᠷᠠᠵᠤ᠂ ᠤᠪᠠᠶᠢᠨ ᠦᠭᠡᠢ ᠪᠠᠷ ᠮᠡᠳᠡᠯᠭᠡ ᠤᠯᠵᠤ ᠬᠦᠷᠳᠡᠬᠦ ᠶᠤᠮ᠃ ᠨᠡᠷᠡᠳᠦ ᠬᠦᠮᠦᠨ ᠤ ᠦᠭᠡᠨ ᠳᠤ᠄ ︽ᠨᠤᠮ ᠲᠤᠳᠤᠷ᠎ᠠ ᠤᠬᠠᠭᠠᠨ ᠪᠤᠢ᠂ ᠵᠠᠮ ᠪᠤᠢ᠂ ᠢᠷᠡᠭᠡᠳᠦᠢ ᠪᠤᠢ︾ ᠭᠡᠳᠡᠭ᠃ ᠬᠡᠥᠬᠡᠳ ᠪᠠᠰᠠ ᠤᠷᠠᠨ ᠵᠤᠬᠢᠶᠠᠯ ᠳᠤ ᠤᠷᠮ᠎ᠠ ᠪᠠᠬ᠎ᠠ ᠲᠠᠢ ᠶᠤᠮ ᠪᠤᠯ ᠬᠡᠥᠬᠡᠳ ᠢᠶᠠᠨ ᠲᠠᠭᠠᠭᠤᠯᠵᠤ᠂ ᠨᠤᠮ ᠤᠨ ᠰᠠᠩ ᠳᠤ ᠬᠦᠷᠴᠦ ᠲᠡᠭᠦᠨ ᠤ ᠪᠠᠭ᠋ᠠᠷᠠᠵᠤ ᠪᠢᠰᠢᠷᠡᠳᠡᠭ ᠬᠡᠥᠬᠡᠳ ᠤᠨ ᠰᠠᠶᠢᠨ ᠰᠠᠶᠢᠬᠠᠨ ᠰᠤᠩᠭᠤᠳᠠᠭ ᠤᠷᠠᠨ ᠵᠤᠬᠢᠶᠠᠯ ᠠᠴᠠ ᠠᠪᠴᠤ ᠤᠩᠰᠢᠭᠤᠯᠪᠠᠯ ᠵᠤᠬᠢᠨ᠎ᠠ᠃      ᠢᠩᠭᠢᠵᠦ ᠢᠳᠡᠭ ᠢᠳᠡᠭ ᠢᠶᠠᠷ ᠬᠡᠥᠬᠡᠳ ᠢᠶᠠᠨ ᠨᠤᠮ ᠤᠩᠰᠢᠬᠤ ᠤᠷᠮ᠎ᠠ ᠪᠠᠬ᠎ᠠ ᠳᠤ ᠲᠠᠳᠠᠨ ᠤᠷᠤᠭᠤᠯᠬᠤ  ᠶᠢᠨ ᠬᠠᠮᠳᠤ ᠬᠡᠥᠬᠡᠳ ᠤᠨ ᠢᠶᠠᠨ ᠡᠷᠳᠡᠮ ᠮᠡᠳᠡᠯᠭᠡ ᠶᠢᠨ ᠬᠦᠷᠢᠶ᠎ᠡ ᠬᠡᠪᠴᠢᠶ᠎ᠡ ᠶᠢ ᠨᠢ ᠦᠷᠭᠡᠳᠭᠡᠵᠦ᠂ ᠨᠢᠭᠡᠨ ᠰᠢᠯᠢᠳᠡᠭ ᠰᠠᠶᠢᠨ ᠠᠷᠠᠨᠰᠢᠨ ᠢ ᠬᠦᠮᠦᠵᠢᠭᠦᠯᠬᠦ ᠨᠢ ᠵᠠᠪᠠᠯ ᠨᠤᠮ ᠤᠩᠰᠢᠬᠤ ᠪᠠᠷ ᠲᠠᠮᠵᠢᠨ᠂ ᠲᠠᠮ ᠲᠤᠷᠰᠢᠯᠭ᠎ᠠ ᠶᠢ ᠤᠯᠠᠨ ᠡᠵᠡᠮᠰᠢᠭᠦᠯᠵᠦ᠂ ᠠᠯᠤᠰ ᠢᠷᠡᠭᠡᠳᠦᠢ ᠶᠢᠨ ᠡᠷᠳᠡᠮ ᠤᠨ ᠰᠠᠭᠤᠷᠢ ᠶᠢ ᠨᠢ ᠲᠠᠯᠪᠢᠬᠤ ᠬᠡᠷᠡᠭᠳᠡᠢ᠃      ᠤᠯᠠᠩᠬᠢ ᠪᠠᠶᠢᠳᠠᠯ ᠲᠤᠥᠷ᠎ᠠ ᠭᠡᠷ ᠤᠨ ᠠᠬᠠᠮᠠᠳ ᠬᠡᠥᠬᠡᠳ ᠤᠨ ᠢᠶᠠᠨ ᠰᠠᠶᠢᠨ ᠰᠠᠶᠢᠬᠠᠨ ᠵᠠᠩ ᠮᠤᠷᠠᠯ᠂ ᠰᠢᠯᠢᠳᠡᠭ ᠰᠤᠷᠳᠠᠯ ᠢ ᠨᠢ ᠵᠠᠪᠠᠯ ᠲᠡᠳᠡᠨ ᠤ ᠨᠠᠰᠤᠨ ᠤ ᠤᠨᠴᠠᠯᠢᠭ ᠲᠠᠢ ᠨᠢ ᠤᠶᠠᠯᠳᠤᠭᠤᠯᠵᠤ᠂ ᠴᠠᠭ ᠢ ᠠᠮᠵᠢᠨ᠂ ᠵᠢᠭᠠᠨ ᠲᠤᠬᠢᠵᠤ ᠪᠠᠶᠢᠭᠠᠳ ᠬᠡᠥᠬᠡᠳ ᠤᠨ ᠦᠰᠦᠯᠳᠡ ᠪᠤᠶᠢᠵᠢᠯᠳᠠ ᠲᠠᠢ ᠤᠶᠠᠯᠳᠤᠭᠤᠯᠤᠨ᠂ ᠬᠡᠥᠬᠡᠳ ᠲᠤ ᠪᠠᠨ ᠰᠠᠶᠢᠨ ᠰᠠᠶᠢᠬᠠᠨ ᠮᠤᠷᠠᠯ ᠮᠡᠳᠡᠯᠭᠡ ᠬᠤᠥᠰᠯᠠᠭᠤᠯᠬᠤ ᠲᠠᠯ᠎ᠠ ᠪᠠᠷ ᠲᠦᠷᠭᠡᠳᠭᠡᠭᠦᠷ ᠤᠨ ᠦᠢᠯᠡᠳᠦᠯ ᠦᠵᠡᠭᠦᠯᠬᠦ ᠬᠡᠷᠡᠭᠳᠡᠢ᠃      ᠮᠠᠨ ᠤ ᠵᠠᠷᠢᠮ ᠭᠡᠷ ᠤᠨ ᠠᠬᠠᠮᠠᠳ ᠬᠡᠥᠬᠡᠳ ᠢᠶᠠᠨ ᠪᠤᠰᠤᠳ ᠬᠡᠥᠬᠡᠳ ᠲᠠᠢ ᠠᠳᠠᠯᠢᠳᠬᠠᠨ ᠵᠢᠮᠡᠯᠡᠵᠦ ᠪᠠᠶᠢᠳᠠᠭ᠂ ᠦᠨᠡᠨ ᠳᠤ ᠪᠠᠨ ᠮᠠᠨ ᠤ ᠤᠯᠠᠨ ᠭᠡᠷ ᠤᠨ ᠠᠬᠠᠮᠠᠳ ᠬᠡᠥᠬᠡᠳ ᠲᠠᠢ ᠪᠠᠨ ᠦᠷᠭᠦᠯᠵᠢ ᠬᠠᠮᠳᠤ ᠪᠠᠶᠢᠬᠤ ᠦᠭᠡᠢ ᠶᠤᠮ ᠪᠤᠯ ᠬᠡᠥᠬᠡᠳ ᠢᠶᠠᠨ ᠪᠦᠷᠢᠨ ᠪᠦᠳᠦᠨ ᠢᠯᠭᠠᠬᠤ ᠦᠭᠡᠢ ᠪᠦᠭᠡᠳ ᠬᠠᠷᠠᠬᠠᠨ ᠪᠠᠭ᠎ᠠ ᠠᠴᠠ ᠨᠢ ᠨᠣᠮ ᠤᠩᠰᠢᠭᠤᠯᠬᠤ ᠰᠠᠶᠢᠨ ᠰᠠᠶᠢᠬᠠᠨ ᠵᠠᠩ ᠲᠠᠳᠬᠠᠯ ᠢ ᠬᠦᠮᠦᠵᠢᠭᠦᠯᠬᠦ ᠵᠤᠷᠢᠯᠭ᠎ᠠ ᠳᠤ ᠪᠠᠨ ᠬᠦᠷᠴᠦ ᠴᠢᠳᠠᠬᠤ ᠦᠭᠡᠢ ᠪᠠᠶᠢᠳᠠᠭ᠂ ᠡᠭᠦᠨ ᠤ ᠤᠯᠠᠮ ᠠᠴᠠ ᠢᠳᠡᠭ ᠢᠳᠡᠭ ᠢᠶᠠᠷ ᠬᠡᠥᠬᠡᠳ ᠤᠨ ᠨᠠᠰᠤᠨ ᠤ ᠤᠨᠴᠠᠯᠢᠭ ᠤᠨ ᠲᠤᠬᠢᠷᠠᠮᠵᠢᠳᠠᠢ ᠰᠠᠶᠢᠬᠠᠨ ᠰᠢᠵᠢᠷ ᠠᠯᠳᠠᠨ ᠴᠠᠭ ᠢ ᠠᠰᠢᠭᠯᠠᠬᠤ ᠦᠭᠡᠢ ᠶᠤᠮ ᠪᠤᠯ ᠨᠢᠭᠡᠨᠳᠡ ᠦᠩᠭᠡᠷᠡᠭᠡᠳ ᠭᠠᠷᠪᠠᠯ ᠬᠠᠷᠠᠮᠰᠠᠪᠠᠴᠤ ᠬᠤᠵᠢᠮᠳᠠᠬᠤ ᠶᠤᠮ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号