1. ᠪᠣᠰᠤᠳ ᠲᠤ ᠡᠨᠡᠷᠢᠩᠭᠦᠢ ᠬᠠᠨᠳᠤ᠄ ︽ᠬᠡᠴᠢᠨᠡᠨ ᠵᠢᠭᠠᠬᠠᠨ ᠵᠦᠢᠯ ᠪᠠᠶᠢᠭᠰᠠᠨ ᠴᠦ ᠪᠣᠰᠤᠳ ᠲᠠᠢ ᠲᠡᠭᠦᠨ ᠢ | ᠪᠠᠨ ᠬᠤᠪᠢᠶᠠᠯᠴᠠ︾︽ᠬᠤᠳᠠᠯ ᠬᠠᠭᠤᠷᠮᠠᠭ ᠪᠣᠯ ᠳᠡᠯᠡᠬᠡᠢ ᠶᠢᠨ ᠬᠠᠮᠤᠭ ᠤᠨ ᠠᠶᠤᠮᠰᠢᠭᠲᠠᠢ ᠭᠠᠢ ᠲᠦᠢᠳᠭᠡᠷ᠂ ᠡᠨᠡᠷᠢᠯ | ᠨᠢᠭᠦᠯᠡᠰᠦᠯ ᠪᠣᠯ ᠵᠢᠩᠬᠢᠨᠢ ᠬᠦᠴᠦ ᠶᠤᠮ︾︽ᠭᠠᠭᠴᠠᠬᠠᠨ ᠵᠢᠵᠢᠭᠬᠡᠨ ᠯᠠ ᠮᠢᠩᠭ᠎ᠠ ᠮᠢᠩᠭᠠᠨ ᠭᠡᠷᠡᠯ ᠢ ᠰᠠᠴᠤᠷᠠᠭᠤᠯᠬᠤ | ᠰᠢᠳᠢ ᠲᠠᠢ︾︽ᠠᠵᠠ ᠵᠢᠷᠭᠠᠯ ᠢ ᠪᠣᠰᠤᠳ ᠲᠠᠢ ᠬᠤᠪᠢᠶᠠᠯᠴᠠᠭᠰᠠᠨ ᠢᠶᠠᠷ ᠳᠤᠨᠳᠠᠷᠠᠨᠠ ᠭᠡᠵᠦ ᠦᠭᠡᠢ︾᠃ | 2. ᠡᠳ᠋ ᠬᠦᠷᠦᠩᠭᠡᠨ ᠳᠤ ᠦᠯᠦ ᠰᠢᠨᠤᠬᠤᠢ᠄ ︽ᠤᠬᠠᠭᠠᠷᠠᠯ ᠠᠴᠠ ᠦᠭᠡᠷ᠎ᠡ ᠦᠨᠡᠲᠦ ᠵᠦᠢᠯ ᠭᠡᠵᠦ ᠡᠨᠡ | ᠬᠤᠷᠸ᠎ᠠ ᠳᠤ ᠦᠭᠡᠢ︾︽ᠡᠪᠡᠳᠴᠢᠨ ᠵᠣᠪᠠᠯᠠᠩ ᠢ ᠪᠢᠳᠡ ᠦᠪᠡᠰᠦᠪᠡᠨ ᠯᠠ ᠰᠤᠩᠭᠤᠳᠠᠭ︾︽ᠪᠦᠬᠦ ᠵᠣᠪᠠᠯᠠᠩ ᠤᠨ | ᠦᠨᠳᠦᠰᠦ ᠪᠣᠯ ᠬᠦᠰᠡᠯ ᠲᠠᠴᠢᠶᠠᠯ ᠮᠦᠨ︾︽ᠮᠠᠲ᠋ᠧᠷᠢᠶᠠᠯᠢᠭ ᠪᠠᠶᠠᠯᠢᠭ ᠪᠣᠯ ᠬᠤᠷᠣᠮᠬᠠᠨ ᠵᠠᠭᠤᠷ᠎ᠠ ᠶᠢᠨ ᠯᠠ ᠶᠤᠮ᠂ | ᠡᠭᠦᠨ ᠢ ᠣᠶᠢᠯᠠᠭᠠᠭᠰᠠᠨ ᠬᠡᠨ ᠪᠦᠬᠦᠨ ᠵᠣᠪᠠᠯᠠᠩ ᠢ ᠪᠠᠭ᠎ᠠ ᠭᠡᠲᠦᠯᠦᠨ᠎ᠡ︾᠃ | 3. ᠠᠮᠤᠷ ᠠᠮᠤᠭᠤᠯᠠᠩ ᠳᠤ ᠬᠦᠷᠬᠦ ᠦᠪᠡᠷ ᠤᠨ ᠵᠠᠮ ᠢ ᠣᠯ᠄ ︽ᠡᠨᠡ ᠳᠡᠯᠡᠬᠡᠢ ᠳᠡᠭᠡᠷᠡᠬᠢ ᠪᠦᠬᠦ ᠬᠦᠮᠦᠰ ᠢ | ᠤᠬᠠᠭᠠᠨᠲᠤ ᠬᠦᠮᠦᠰ ᠭᠡᠵᠦ ᠪᠣᠳᠣᠪᠠᠯ ᠲᠡᠳᠡ ᠪᠦᠭᠦᠳᠡ ᠳᠤ ᠲᠠᠨ ᠳᠤ ᠵᠢᠭᠠᠵᠤ ᠰᠤᠷᠭᠠᠬᠤ ᠨᠢᠭᠡ ᠵᠦᠢᠯ ᠪᠣᠢ︾ | ︽ᠠᠭᠤᠯᠠ ᠪᠣᠯᠭᠠᠨ ᠤ ᠰᠠᠯᠬᠢ ᠦᠭᠡᠷ᠎ᠡ ᠪᠠᠶᠢᠳᠠᠭ ᠯᠤᠭ᠎ᠠ ᠠᠳᠠᠯᠢ ᠤᠬᠠᠭᠠᠨᠲᠤ ᠬᠦᠮᠦᠰ ᠪᠦᠬᠦᠨ ᠤ ᠰᠤᠷᠭᠠᠯ ᠴᠦ | ᠠᠳᠠᠯᠢ ᠦᠭᠡᠢ ᠪᠠᠶᠢᠳᠠᠭ︾᠃ | 4. ᠲᠣᠲᠤᠭᠠᠳᠤ ᠦᠪᠡᠷ ᠢ ᠪᠠᠨ ᠲᠣᠯᠢᠳᠠᠬᠤᠢ᠄ ︽ᠦᠪᠡᠷ ᠠᠴᠠ ᠲᠠᠨᠢ ᠦᠭᠡᠷ᠎ᠡ ᠬᠡᠨ ᠴᠦ ᠲᠠᠨ ᠢ ᠠᠪᠤᠷᠠᠵᠤ | ᠦᠯᠦ ᠴᠢᠳᠠᠨ᠎ᠠ︾︽ᠬᠦᠮᠦᠰ ᠤᠨ ᠭᠠᠷᠭᠠᠳᠠᠭ ᠶᠡᠷᠦ ᠳᠤ ᠪᠠᠨ ᠬᠤᠶᠠᠷᠬᠠᠨ ᠠᠯᠳᠠᠭ᠎ᠠ ᠪᠣᠢ᠃ ᠵᠠᠮ ᠤᠨ ᠳᠤᠮᠳᠠ ᠠᠴᠠ | ᠪᠤᠴᠠᠬᠤ᠂ ᠠᠶᠠᠯᠠᠯ ᠢᠶᠠᠨ ᠡᠬᠢᠯᠡᠬᠦ ᠠᠴᠠ ᠠᠶᠤᠬᠤ ᠬᠤᠶᠠᠷ ᠶᠤᠮ︾︽ᠦᠪᠡᠷ ᠢ ᠪᠠᠨ ᠢᠯᠠᠬᠤ ᠨᠢ ᠲᠦᠮᠡᠨ ᠳᠠᠶᠢᠰᠤᠨ | ᠢᠶᠠᠨ ᠢᠯᠠᠭᠰᠠᠨ ᠠᠴᠠ ᠴᠦ ᠦᠨ᠎ᠠ ᠴᠠᠨ᠎ᠠ ᠲᠠᠢ︾᠃ | 5. ᠪᠠᠷᠳᠠᠮ ᠵᠠᠩ ᠢ ᠬᠠᠶᠠᠬᠤᠢ᠄ ︽ᠪᠡᠶ᠎ᠡ ᠪᠠᠨ ᠲᠣᠭᠤᠭᠰᠠᠨ ᠠᠮᠢᠨᠴᠢ ᠦᠵᠡᠯ ᠢᠶᠠᠨ ᠬᠤᠪᠴᠠᠰᠤ ᠪᠠᠨ | ᠲᠠᠶᠢᠯᠬᠤ ᠯᠤᠭ᠎ᠠ ᠠᠳᠠᠯᠢ ᠲᠠᠶᠠᠭᠳᠠᠨ ᠬᠠᠶᠠ︾︽ᠠᠵᠠ ᠵᠢᠷᠭᠠᠯ ᠳᠤ ᠬᠦᠷᠬᠦ ᠵᠠᠮ ᠦᠭᠡᠢ᠂ ᠲᠡᠷᠡ ᠵᠠᠮ ᠦᠪᠡᠷ ᠢᠶᠠᠨ | ᠠᠵᠠ ᠵᠢᠷᠭᠠᠯ ᠶᠤᠮ︾︽ᠠᠶᠢᠳᠠᠰ ᠢᠶᠠᠨ ᠳᠠᠪᠠᠨ ᠲᠤᠭᠤᠯᠬᠤ᠂ ᠶᠢᠷᠲᠢᠨᠴᠦ ᠶᠢᠨ ᠪᠣᠰᠣᠷᠮᠠᠭ ᠦᠢᠯᠡ ᠠᠴᠠ | ᠲᠠᠲᠠᠭᠠᠯᠵᠠᠵᠤ ᠴᠢᠳᠠᠬᠤ ᠨᠢ ᠬᠠᠮᠤᠭ ᠤᠨ ᠲᠤᠮᠤ ᠡᠷᠳᠡᠨᠢᠰ ᠶᠤᠮ︾᠃ | 6. ᠦᠵᠡᠨ ᠶᠠᠳᠠᠯᠲᠠ᠂ ᠠᠲᠠᠭ᠎ᠠ ᠬᠤᠷᠣᠰᠣᠯ ᠠᠴᠠ ᠦᠪᠡᠷ ᠢ ᠪᠠᠨ ᠴᠢᠯᠦᠭᠡᠯᠡᠬᠦ ᠨᠢ᠄ ︽ᠶᠢᠷᠲᠢᠨᠴᠦ ᠶᠢᠨ ᠪᠦᠬᠦ | ᠵᠦᠢᠯᠡᠰ ᠢ ᠬᠠᠶᠢᠷᠠᠯᠠᠨ ᠡᠨᠡᠷᠢᠬᠦᠢ ᠳᠤ ᠬᠢᠵᠠᠭᠠᠷ ᠭᠡᠵᠦ ᠦᠭᠡᠢ︾︽ᠬᠠᠷᠠᠭᠤᠰᠤᠯ ᠭᠡᠮᠰᠢᠯ ᠠᠴᠠ ᠠᠩᠭᠢᠳᠠ ᠪᠠᠶᠢᠬᠤ ᠳᠤ | ᠠᠵᠠ ᠵᠢᠷᠭᠠᠯ ᠲᠠᠢ ᠠᠮᠢᠳᠤᠷᠠᠬᠤ ᠦᠨᠳᠦᠰᠦᠨ ᠨᠦᠬᠦᠴᠡᠯ ᠰᠠᠶ᠋ᠢ ᠪᠦᠷᠢᠳᠦᠨ᠎ᠡ︾︽ᠲᠠ ᠠᠭᠤᠷᠯᠠᠭᠰᠠᠨ ᠤ ᠪᠠᠨ | ᠲᠦᠯᠦᠭᠡ ᠰᠢᠳᠭᠡᠭᠦᠯᠬᠦ ᠪᠢᠰᠢ᠂ ᠬᠠᠷᠢᠨ ᠠᠭᠤᠷ ᠴᠢᠨᠢ ᠲᠠᠨ ᠤ ᠰᠢᠳᠭᠡᠯ ᠪᠣᠯᠳᠠᠭ︾︽ᠵᠠᠰᠠᠵᠤ ᠵᠠᠯᠠᠷᠠᠭᠤᠯᠵᠤ ᠪᠣᠯᠬᠤ | ᠠᠪᠠᠰᠤ ᠠᠭᠤᠷᠯᠠᠬᠤ ᠭᠡᠳᠡᠭ ᠶᠠᠭᠤᠨ᠂ ᠵᠠᠰᠠᠵᠤ ᠵᠠᠯᠠᠷᠠᠭᠤᠯᠵᠤ ᠪᠣᠯᠬᠤ ᠦᠭᠡᠢ ᠠᠪᠠᠰᠤ ᠠᠭᠤᠷᠯᠠᠭᠠᠳ ᠶᠠᠭᠤᠨ ᠤ | ᠲᠤᠰᠠ ᠣᠯᠬᠤ︖︾᠃ | 7. ᠦᠨᠦᠳᠦᠷ ᠲᠤ ᠪᠠᠨ ᠠᠮᠢᠳᠤᠷᠠ᠄ ︽ᠶᠠᠭ ᠡᠨᠡ ᠮᠦᠴᠡ ᠶᠢᠨ ᠬᠡᠴᠢᠨᠡᠨ ᠭᠠᠭ᠋ᠠᠮᠰᠢᠭᠲᠠᠢ ᠢ ᠮᠡᠳᠡᠵᠦ ᠠᠪᠬᠤ | ᠠᠴᠠ ᠠᠮᠢᠳᠤᠷᠠᠯ ᠤᠨ ᠤᠳᠬ᠎ᠠ ᠤᠴᠢᠷ ᠤᠨ ᠡᠭᠦᠳᠡ ᠨᠡᠭᠡᠭᠡᠭᠳᠡᠨ᠎ᠡ︾︽ᠦᠩᠭᠡᠷᠡᠭᠰᠡᠨ ᠴᠠᠭ ᠬᠤᠭᠤᠴᠠᠭ᠎ᠠ ᠠᠯᠢ | ᠬᠡᠳᠦᠶᠢᠨ ᠦᠩᠭᠡᠷᠡᠭᠰᠡᠨ᠂ ᠢᠷᠡᠭᠡᠳᠦᠢ ᠴᠠᠭ ᠬᠤᠭᠤᠴᠠᠭ᠎ᠠ ᠬᠠᠷᠠᠬᠠᠨ ᠢᠷᠡᠭᠡ ᠦᠭᠡᠢ᠂ ᠠᠳᠡ ᠵᠦᠪᠬᠡᠨ ᠦᠨᠦᠳᠦᠷ ᠯᠠ | ᠨᠣᠶᠠᠯᠠᠵᠤ ᠪᠠᠶᠢᠨ᠎ᠠ︾︽ᠦᠷᠯᠦᠭᠡ ᠪᠦᠬᠦᠨ ᠪᠢᠳᠡ ᠳᠠᠬᠢᠨ ᠲᠦᠷᠦᠳᠡᠭ︾᠃ | 8. ᠵᠦᠪᠬᠡᠨ ᠡᠷᠡᠭᠦᠯ ᠬᠦᠨᠡᠰᠦ ᠯᠠ ᠵᠣᠭᠤᠭᠯᠠ᠄ ︽ᠡᠷᠡᠭᠦᠯ ᠠᠮᠢᠳᠤᠷᠠᠬᠤ ᠦᠭᠡᠢ ᠪᠠᠨ ᠲᠠ ᠯᠠ ᠦᠪᠡᠷ ᠢᠶᠠᠨ | ᠰᠢᠢᠳᠦᠨ᠎ᠡ︾᠃ | 9. ᠠᠮᠢᠳᠤᠷᠠᠯ ᠢᠶᠠᠨ ᠪᠦᠲᠦᠭᠡ᠄ ︽ᠵᠦᠪ ᠪᠣᠳᠣᠯ ᠪᠣᠯ ᠲᠠᠨ ᠤ ᠦᠮᠴᠢ᠃ ᠦᠭᠡᠷ᠎ᠡ ᠬᠡᠨ ᠤ ᠬᠢ ᠴᠦ ᠪᠢᠰᠢ︾ | ︽ᠲᠠ ᠦᠪᠡᠷ ᠤᠨ ᠵᠣᠷᠢᠯᠭ᠎ᠠ ᠪᠠᠨ ᠲᠣᠲᠣᠷᠬᠠᠶᠢᠯᠠ᠂ ᠪᠣᠳ᠋ᠳ᠋ᠾᠠ ᠲᠡᠭᠦᠨ ᠳᠤ ᠬᠦᠷᠬᠦ ᠠᠷᠭ᠎ᠠ ᠵᠠᠮ ᠢ ᠵᠢᠭᠠᠵᠤ ᠦᠭᠬᠦ | ᠳᠤ ᠲᠤᠰᠠᠯᠠᠬᠤ ᠪᠣᠯᠣᠨ᠎ᠠ︾᠃ | 10. ᠪᠣᠳᠠᠲᠤ ᠪᠠᠶᠢᠳᠠᠯ ᠢ ᠪᠤᠤ ᠡᠰᠡᠷᠭᠦᠴᠡ᠄ ︽ᠤᠬᠠᠭᠠᠨᠲᠤ ᠬᠦᠮᠦᠰ ᠡᠷᠡᠭᠦᠯ ᠬᠠᠭᠠᠴᠠᠯ ᠲᠣᠬᠢᠶᠠᠯᠳᠤᠬᠤ ᠳᠤ | ᠭᠤᠲᠤᠷᠠᠳᠠᠭ ᠦᠭᠡᠢ᠂ ᠤᠴᠢᠷ ᠨᠢ ᠲᠡᠳᠡ ᠡᠨᠡ ᠪᠣᠯ ᠬᠤᠷᠸ᠎ᠠ ᠶᠢᠨ ᠴᠣᠷ ᠤᠨ ᠭᠠᠭᠴᠠ ᠦᠨᠡᠨ ᠭᠡᠳᠡᠭ ᠢ ᠮᠡᠳᠡᠳᠡᠭ︾᠃ | |