ᠠᠮᠵᠢᠯᠳ᠋ᠨ ᠳᠤ ᠬᠦᠷᠬᠦ 8 ᠨᠢᠭᠤᠴᠠ
ᠨᠡᠶᠢᠲᠡᠯᠡᠭᠰᠡᠨ ᠴᠠᠭ᠄
2023/8/28
     ᠬᠦᠮᠦᠰ ᠶᠠᠭᠠᠬᠢᠭᠠᠳ ᠠᠮᠵᠢᠯᠳ᠋ᠨ ᠳᠤ ᠬᠦᠷᠳᠡᠭ ᠪᠤᠢ︖ ᠲᠡᠳᠡ ᠤᠬᠠᠭᠠᠨ ᠲᠠᠢ ᠪᠣᠯᠬᠤᠷ ᠦᠦ︖ ᠡᠰᠡᠪᠡᠯ ᠵᠦᠭᠡᠷ ᠯᠠ ᠠᠵᠠᠲᠠᠢ ᠤᠴᠢᠷ ᠠᠴᠠ ᠦᠦ︖ ᠠᠯᠢ ᠨᠢ ᠴᠤ ᠪᠢᠰᠢ᠃ ᠰᠢᠨᠵᠢᠭᠡᠴᠢ ᠷᠢᠴᠠᠷᠳ᠋ ᠵᠣᠨ᠋ᠰ ᠠᠮᠵᠢᠯᠲᠠ ᠶᠢᠨ ᠪᠣᠳᠠᠲᠤ ᠨᠢᠭᠤᠴᠠ ᠶᠢ ᠭᠤᠷᠪᠠᠭ᠋ᠠᠨ ᠮᠢᠨᠦ᠋ᠲ ᠦᠷᠭᠦᠯᠵᠢᠯᠡᠬᠦ ᠢᠯᠡᠳᠬᠡᠯ ᠳᠤ ᠪᠠᠭᠲᠠᠭᠠᠵᠠᠢ᠂ ᠳᠣᠯᠣᠭᠠᠨ ᠵᠢᠯ ᠤᠨ ᠲᠤᠷᠰᠢ ᠲᠧᠭᠨᠢᠭ᠂ ᠵᠤᠭ᠎ᠠ ᠴᠡᠩᠭᠡᠯ᠂ ᠳ᠋ᠢᠽᠠᠶᠢᠨ ᠤ ᠬᠤᠷᠠᠯ ᠳᠤ ᠲᠠᠯᠪᠢᠭᠰᠠᠨ 500 ᠭᠠᠷᠤᠢ ᠢᠯᠡᠳᠬᠡᠯ ᠤᠨ ᠢᠶᠠᠨ ᠦᠷ᠎ᠡ ᠳ᠋ᠦᠩ ᠳᠤ ᠠᠮᠵᠢᠯᠳ᠋ᠨ ᠳᠤ ᠬᠦᠷᠭᠡᠳᠡᠭ ᠨᠢᠭᠤᠴᠠ ᠶᠢ ᠣᠯᠤᠭᠰᠠᠨ ᠶᠤᠮ᠃              1᠂ ᠲᠡᠮᠦᠯᠡᠯ      ᠹᠷᠢᠮᠠᠨ ᠲᠣᠮᠠᠰ ᠬᠡᠯᠡᠬᠦ ᠳᠤ ᠪᠠᠨ᠄ ︽ᠪᠢ ᠥᠪᠡᠷ ᠤᠨ ᠢᠶᠠᠨ ᠲᠡᠮᠦᠯᠡᠯ ᠳᠤ ᠬᠥᠲᠦᠯᠦᠭᠳᠡᠳᠡᠭ︾ ᠭᠡᠵᠦ ᠬᠡᠯᠡᠭᠰᠡᠨ᠃ ᠠᠮᠵᠢᠯᠳ᠋ᠨ ᠳᠤ ᠬᠦᠷᠦᠭᠰᠡᠨ ᠬᠦᠮᠦᠰ ᠮᠥᠩᠭᠦᠨ ᠤ ᠲᠥᠯᠥᠭᠡ ᠪᠤᠰᠤ ᠬᠠᠷᠢᠨ ᠥᠪᠡᠷ ᠤᠨ ᠳᠤᠷ᠎ᠠ ᠬᠦᠰᠡᠯ ᠢᠶᠠᠨ ᠳᠠᠭᠠᠳᠠᠭ᠃ ᠮᠥᠨ ᠺᠷᠧᠯ ᠺᠣᠯᠯᠧᠲ᠋ᠠ ︽ᠪᠢ ᠥᠪᠡᠷ ᠤᠨ ᠢᠶᠠᠨ ᠬᠢᠳᠡᠭ ᠵᠦᠢᠯ ᠢ ᠥᠭᠡᠷ᠎ᠡ ᠬᠦᠮᠦᠨ ᠢᠶᠠᠷ ᠮᠥᠩᠭᠦ ᠲᠥᠯᠥᠨ ᠬᠢᠯᠭᠡᠬᠦ ᠳᠤ ᠪᠡᠯᠡᠨ ᠪᠠᠶᠢᠨ᠎ᠠ︾ ᠭᠡᠵᠡᠢ᠃      2᠂ ᠠᠵᠢᠯ      ᠰᠢᠷᠭᠠᠭᠤ ᠬᠥᠳᠡᠯᠮᠦᠷᠢ ᠶᠢᠨ ᠦᠷ᠎ᠡ ᠳ᠋ᠦᠩ ᠳᠤ ᠶᠠᠮᠠᠷ ᠴᠤ ᠠᠵᠢᠯ ᠪᠦᠲᠦᠳᠡᠭ᠃ ᠢᠩᠭᠢᠵᠦ ᠠᠵᠢᠯᠯᠠᠭᠰᠠᠨ ᠢᠶᠠᠷ ᠮᠠᠰᠢ ᠶᠡᠭᠡ ᠪᠠᠶᠠᠷ ᠬᠥᠷ ᠢ ᠠᠪᠳᠠᠭ ᠭᠡᠵᠦ ᠷᠦᠪᠧᠷᠲ ᠮᠣᠷᠳᠠᠺ ᠬᠡᠯᠡᠵᠦ ᠪᠠᠶᠢᠭᠰᠠᠨ ᠶᠤᠮ᠃ ᠲᠧᠭᠨᠢᠭ᠂ ᠵᠤᠭ᠎ᠠ ᠴᠡᠩᠭᠡᠯ᠂ ᠳ᠋ᠢᠽᠠᠶᠢᠨ ᠤ ᠬᠤᠷᠠᠯᠳᠤᠭᠴᠢᠳ ᠪᠠᠶᠠᠷ ᠬᠥᠷᠲᠡᠢ ᠠᠵᠢᠯᠯᠠᠳᠠᠭ᠂ ᠲᠡᠳᠡ ᠪᠠᠰᠠ ᠰᠢᠷᠭᠠᠭᠤ ᠠᠵᠢᠯᠯᠠᠳᠠᠭ᠂ ᠬᠠᠷᠢᠨ ᠠᠵᠢᠯ ᠠᠴᠠ ᠪᠠᠨ ᠪᠠᠶᠠᠷ ᠬᠥᠷ ᠠᠪᠳᠠᠭ ᠶᠤᠮ᠃      3᠂ ᠭᠠᠷᠤᠰᠢ      ᠠᠮᠵᠢᠯᠳ᠋ᠨ ᠳᠤ ᠬᠦᠷᠬᠦ ᠶᠢᠨ ᠲᠤᠯᠠᠳᠠ ᠨᠢᠭᠡ ᠵᠦᠢᠯ ᠪᠠᠷᠢᠵᠤ ᠠᠪᠤᠭᠠᠳ ᠲᠡᠭᠦᠨ ᠳᠤ ᠪᠠᠨ ᠭᠠᠷᠤᠰᠢ᠃ ᠶᠠᠮᠠᠷ ᠨᠢᠭᠡᠨ ᠢᠳᠢ ᠰᠢᠳᠢ ᠭᠡᠵᠦ ᠪᠠᠶᠢᠬᠤ ᠦᠭᠡᠢ᠂ ᠡᠨᠡ ᠪᠣᠯ ᠵᠥᠪᠬᠡᠨ ᠲᠤᠷᠰᠢᠯᠭ᠎ᠠ᠂ ᠲᠤᠷᠰᠢᠯᠭ᠎ᠠ᠂ ᠲᠤᠷᠰᠢᠯᠭ᠎ᠠ︕      4᠂ ᠲᠥᠪᠯᠡᠷᠡ      ᠥᠪᠡᠷᠰᠡᠳ ᠢ ᠪᠠᠨ ᠨᠢᠭᠡ ᠵᠦᠢᠯ ᠳᠤ ᠲᠥᠪᠯᠡᠷᠡᠭᠦᠯᠬᠦ ᠨᠢ ᠮᠠᠰᠢ ᠰᠠᠶᠢᠨ ᠵᠠᠩ ᠴᠢᠨᠠᠷ ᠶᠤᠮ᠃      5᠂ ᠥᠪᠡᠷ ᠢ ᠪᠠᠨ ᠰᠢᠬ᠎ᠠ      ᠥᠪᠡᠷ ᠢ ᠪᠠᠨ ᠳᠠᠶᠢᠴᠢᠯᠠ᠂ ᠰᠢᠬ᠎ᠠ᠃ ᠥᠪᠡᠷ ᠠᠴᠠ ᠪᠠᠨ ᠭᠠᠷᠴᠤ ᠪᠣᠯᠬᠤ ᠪᠦᠬᠦ ᠵᠦᠢᠯ ᠢ ᠰᠢᠬ᠎ᠠ᠂ ᠱᠠᠭᠠᠷᠳᠠ᠃ ᠳ᠋ᠠᠸᠢᠳᠠ ᠭᠤᠯᠯᠠ ᠬᠡᠯᠡᠬᠦ ᠳᠤ ᠪᠠᠨ᠄ ︽ᠥᠪᠡᠷ ᠠᠴᠠ ᠪᠠᠨ ᠪᠡᠶ᠎ᠡ ᠪᠢᠯᠳᠠᠷ ᠪᠣᠯᠤᠨ ᠣᠶᠤᠨ ᠰᠠᠨᠠᠭᠠᠨ ᠤ ᠬᠤᠪᠢ ᠳᠤ ᠢᠯᠡᠭᠦᠦ ᠶᠡᠭᠡ ᠶᠢ ᠱᠠᠭᠠᠷᠳᠠ︾ ᠭᠡᠵᠡᠢ᠃            6᠂ ᠥᠪᠡᠷᠲᠡᠭᠡᠨ ᠢᠲᠡᠭᠡ      ᠢᠴᠢᠮᠡᠬᠡᠢ᠂ ᠥᠪᠡᠷᠲᠡᠭᠡᠨ ᠢᠲᠡᠭᠡᠯ ᠦᠭᠡᠢ ᠵᠠᠩ ᠴᠢᠨᠠᠷ ᠢᠶᠠᠨ ᠥᠪᠡᠷ ᠠᠴᠠ ᠪᠠᠨ ᠭᠡᠭᠡᠬᠦ ᠶᠢ ᠱᠠᠭᠠᠷᠳᠠᠬᠤ ᠬᠡᠷᠡᠭᠲᠡᠢ᠃ ᠪᠢ ᠥᠪᠡᠷᠲᠡᠭᠡᠨ ᠢᠲᠡᠭᠡᠯ ᠦᠭᠡᠢ ᠪᠠᠶᠢᠭᠰᠠᠨ᠃ ᠪᠢ ᠲᠡᠶᠢᠮᠦ ᠴᠤ ᠰᠠᠶᠢᠨ ᠪᠢᠰᠢ᠂ ᠪᠠᠰᠠ ᠤᠬᠠᠭᠠᠯᠢᠭ ᠪᠢᠰᠢ᠂ ᠪᠢ ᠬᠢᠵᠦ ᠴᠢᠳᠠᠬᠤ ᠦᠭᠡᠢ ᠭᠡᠵᠦ ᠳᠠᠩᠳᠠ ᠪᠣᠳᠣᠳᠠᠭ ᠪᠠᠶᠢᠭᠰᠠᠨ᠂ ᠡᠨᠡ ᠨᠢ ᠲᠡᠶᠢᠮᠦ ᠴᠤ ᠠᠮᠠᠷᠬᠠᠨ ᠵᠦᠢᠯ ᠪᠢᠰᠢ ᠯᠠ ᠳ᠋ᠡ᠂ ᠲᠡᠶᠢᠮᠦ ᠠᠴᠠ ᠯᠠ ᠡᠵᠢ ᠭᠡᠳᠡᠭ ᠬᠦᠮᠦᠨ ᠢ ᠪᠦᠲᠦᠭᠡᠭᠰᠡᠨ ᠶᠤᠮ᠃ ᠹᠷᠠᠨᠺ ᠭᠧᠷᠢ ︽ᠮᠠᠨ ᠤ ᠡᠵᠢ ᠪᠠᠶᠢᠩᠭᠤ ᠯᠠ ᠨᠠᠮ᠎ᠠ ᠶᠢ ᠰᠢᠬᠠᠳᠠᠭ ᠪᠠᠶᠢᠭᠰᠠᠨ︾ ᠭᠡᠵᠡᠢ᠃      7᠂ ᠦᠢᠯᠡᠴᠢᠯᠡ      ᠱᠧᠷᠸᠢᠨ ᠨᠦᠯᠠᠨᠳ᠋ ︽ᠪᠢ ᠡᠮᠴᠢ ᠪᠣᠯᠵᠤ ᠪᠤᠰᠤᠳ ᠲᠤ ᠦᠢᠯᠡᠴᠢᠯᠡᠬᠦ ᠨᠢ ᠦᠷᠭᠦᠯᠵᠢ ᠨᠠᠮ᠎ᠠ ᠶᠢ ᠠᠵᠠ ᠵᠢᠷᠭᠠᠯ ᠲᠠᠢ ᠪᠣᠯᠭᠠᠳᠠᠭ ᠪᠠᠶᠢᠭᠰᠠᠨ᠃ ᠶᠡᠭᠡ ᠵᠠᠪᠰᠢᠶᠠᠨ ᠪᠣᠯᠤᠭᠰᠠᠨ︾ ᠭᠡᠵᠡᠢ᠃      8᠂ ᠰᠠᠨᠠᠭ᠎ᠠ      ᠪᠢᠯ ᠭᠧᠲᠰ ︽ᠨᠠᠳᠠ ᠳᠤ ᠠᠩᠬᠠᠨ ᠤ ᠮᠢᠺᠷᠣ᠋ ᠺᠣᠮᠫᠢᠦ᠋ᠲ᠋ᠧᠷ ᠤᠨ ᠫᠷᠤᠭ᠍ᠷᠠᠮ ᠬᠠᠩᠭᠠᠮᠵᠢ ᠬᠢᠬᠦ ᠰᠠᠨᠠᠭ᠎ᠠ ᠲᠦᠷᠦᠭᠰᠡᠨ︾ ᠭᠡᠵᠦ ᠬᠡᠯᠡᠭᠰᠡᠨ᠃ ᠪᠦᠲᠦᠭᠡᠯᠴᠢ ᠪᠠᠶᠢᠵᠤ ᠰᠢᠨ᠎ᠡ ᠰᠠᠨᠠᠭ᠎ᠠ ᠲᠥᠷᠥᠭᠦᠯᠬᠦ ᠳᠤ ᠢᠳᠢ ᠰᠢᠳᠢ ᠭᠡᠵᠦ ᠪᠠᠶᠢᠬᠤ ᠦᠭᠡᠢ᠂ ᠰᠢᠷᠭᠠᠭᠤ ᠪᠠᠢ︕ ᠰᠢᠷᠭᠠᠭᠤ ᠪᠠᠶᠢᠵᠤ ᠯᠠ ᠪᠦᠲᠤᠯ ᠦᠭᠡᠶᠢᠳᠡᠯ ᠢ ᠳᠠᠪᠠᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号