ᠲᠠᠮ ᠢᠶᠠᠷ ᠨᠦᠯᠦᠭᠡᠯᠡᠬᠦ ᠶᠢᠨ ᠦᠨ᠎ᠡ ᠦᠷᠳᠡᠭ
ᠨᠡᠶᠢᠲᠡᠯᠡᠭᠰᠡᠨ ᠴᠠᠭ᠄
2023/9/11
     ᠨᠢᠭᠡ ᠬᠦᠮᠦᠨ ᠦᠯᠦ ᠮᠡᠳᠡᠭᠳᠡᠮ᠎ᠡ ᠪᠠᠶᠢᠳᠠᠯ ᠲᠤᠥᠷ᠎ᠠ ᠪᠤᠰᠤᠳ ᠬᠦᠮᠦᠨ ᠤ ᠦᠭᠡ ᠭᠡᠯᠡ᠂ ᠢᠯᠡᠷᠡᠯ᠂ ᠦᠢᠯᠡ ᠬᠦᠳᠡᠯᠭᠡᠭᠡᠨ ᠵᠡᠷᠭᠡ ᠲᠠᠯ᠎ᠠ ᠶᠢᠨ ᠨᠦᠯᠦᠭᠡᠯᠡᠯ ᠢ ᠬᠦᠷᠳᠡᠵᠤ᠂ ᠤᠷᠮ᠎ᠠ ᠪᠠᠬ᠎ᠠ᠂ ᠤᠪᠤᠷ ᠰᠤᠷᠳᠠᠯ ᠵᠡᠷᠭᠡ ᠲᠠᠯ᠎ᠠ ᠪᠠᠷ ᠬᠠᠷᠠᠭᠠᠯᠵᠠᠭᠰᠠᠨ ᠬᠤᠪᠢᠷᠠᠯᠳᠠ ᠭᠠᠷᠴᠤ ᠪᠠᠶᠢᠪᠠᠯ ᠡᠨᠡ ᠬᠦᠮᠦᠨ ᠲᠠᠷᠤᠢ ᠪᠤᠰᠤᠳ ᠤᠨ ᠬᠢ ᠳᠤ ᠲᠠᠮ ᠢᠶᠠᠷ ᠨᠦᠯᠦᠭᠡᠯᠡᠭᠳᠡᠵᠤ ᠪᠠᠶᠢᠬᠤ ᠶᠤᠮ᠃      ᠮᠠᠨ ᠤ ᠮᠤᠩᠭᠤᠯᠴᠤᠳ ᠡᠷᠳᠡ ᠲᠡᠭᠡᠳᠦ ᠠᠴᠠ ᠪᠠᠨ ᠲᠡᠭᠡᠳᠦ ᠦᠶ᠎ᠡ ᠨᠢ ᠲᠤᠥᠷ᠎ᠠ ᠦᠶ᠎ᠡ ᠶᠢᠨ ᠢᠶᠠᠨ ᠲᠠᠮ  ᠢᠶᠠᠷ ᠨᠦᠯᠦᠭᠡᠯᠡᠭᠰᠡᠭᠡᠷ ᠢᠷᠡᠭᠰᠡᠨ ᠢᠷᠠᠭᠤ ᠰᠠᠶᠢᠬᠠᠨ ᠤᠳᠤᠮᠰᠢᠯ ᠲᠠᠢ ᠪᠢᠯᠡ᠃ ᠲᠠᠷᠤᠢ ᠭᠡᠷ ᠪᠦᠯᠢ ᠶᠢᠨ ᠠᠮᠢᠳᠤᠷᠠᠯ  ᠤᠨ ᠲᠤᠮᠳᠠ ᠲᠠᠮ ᠢᠶᠠᠷ ᠭᠡᠥᠭᠡᠳ ᠢ ᠨᠦᠯᠦᠭᠡᠯᠡᠭᠦ ᠪᠤᠶᠤ ᠬᠦᠮᠦᠵᠢᠭᠦᠯᠦᠨ ᠰᠤᠷᠭᠠᠬᠤ ᠶᠢ ᠡᠷᠬᠢᠮᠯᠡᠳᠡᠭ᠃ ᠲᠠᠮ ᠢᠶᠠᠷ ᠨᠦᠯᠦᠭᠡᠯᠡᠬᠦ ᠨᠢ ᠬᠤᠪᠢ ᠬᠦᠮᠦᠨ ᠢ ᠠᠵᠤ ᠠᠮᠢᠳᠤᠷᠠᠯ ᠪᠠ ᠠᠵᠢᠯ ᠦᠢᠯᠡᠰ ᠤᠨ ᠶᠠᠮᠠᠷ ᠨᠢᠭᠡᠨ ᠲᠤᠭᠳᠠᠭᠰᠠᠨ ᠲᠤᠭᠤᠷᠢᠨ ᠳᠤ ᠲᠤᠬᠢᠷᠠᠯᠴᠠᠭᠤᠯᠬᠤ ᠶᠤᠮ᠃ ᠨᠡᠩ ᠴᠦ ᠦᠪᠡᠷ ᠢ ᠪᠠᠨ ᠲᠠᠰᠤᠷᠠᠯᠳᠠ ᠦᠭᠡᠢ ᠲᠡᠭᠦᠯᠳᠡᠷᠵᠢᠭᠦᠯᠵᠤ᠂ ᠪᠠᠰᠠ ᠵᠦᠢᠯ ᠪᠦᠷᠢ ᠶᠢᠨ ᠰᠠᠶᠢᠨ ᠰᠠᠶᠢᠬᠠᠨ ᠲᠤᠷᠰᠢᠯᠭ᠎ᠠ ᠶᠢ ᠬᠤᠷᠠᠮᠳᠤᠭᠤᠯᠳᠠᠭ᠃ ᠡᠶᠢᠮᠦ ᠠᠴᠠ ᠭᠡᠥᠭᠡᠳ ᠢ ︽ᠭᠠᠷ ᠢ  ᠨᠢ ᠭᠠᠨᠵᠤᠭᠠᠨ ᠳᠤ᠂ ᠬᠦᠯ ᠢ ᠨᠢ ᠲᠦᠷᠦᠭᠡᠨ ᠳᠤ ᠭᠠᠷᠭᠠᠬᠤ︾ ᠳᠤ᠂ ᠵᠠᠪᠠᠯ ᠲᠠᠮ ᠢᠶᠠᠷ ᠨᠦᠯᠦᠭᠡᠯᠡᠬᠦ ᠡᠨᠡᠬᠦ ᠰᠤᠷᠭᠠᠨ ᠬᠦᠮᠦᠵᠢᠯ ᠢ ᠡᠷᠬᠢᠮᠯᠡᠨ ᠲᠡᠭᠦᠯᠳᠡᠷᠵᠢᠭᠦᠯᠬᠦ ᠴᠢᠬᠤᠯᠠ ᠲᠠᠢ ᠪᠢᠯᠡ᠃      ᠭᠡᠥᠭᠡᠳ ᠤᠨ ᠮᠡᠳᠡᠯᠭᠡ ᠶᠢᠨ ᠲᠤᠷᠰᠢᠯᠭ᠎ᠠ ᠪᠤᠯᠤᠨ ᠮᠠᠭᠠᠳᠯᠠᠬᠤ ᠴᠢᠳᠠᠪᠤᠷᠢ ᠨᠢ ᠬᠢᠵᠠᠭᠠᠷᠲᠠᠢ᠂ ᠯᠤᠬᠢᠭ ᠴᠢᠳᠠᠪᠤᠷᠢ ᠨᠢ ᠲᠤᠥᠷ᠎ᠠ᠃ ᠭᠡᠪᠡᠴᠤ ᠬᠦᠯᠢᠶᠡᠨ ᠠᠪᠬᠤ ᠴᠢᠳᠠᠪᠤᠷᠢ ᠨᠢ ᠴᠢᠩᠭ᠎ᠠ ᠪᠤᠯᠬᠤᠷ᠂ ᠠᠪᠤ ᠡᠵᠢ ᠶᠢᠨ ᠢᠶᠠᠨ ᠵᠢᠭᠠᠨ ᠰᠤᠷᠭᠠᠬᠤ ᠪᠠ ᠡᠳᠦᠷ ᠲᠤᠳᠤᠮ ᠤᠨ ᠦᠢᠯᠡ ᠶᠠᠷᠢᠶᠠᠨ ᠲᠡᠭᠡᠷᠡᠬᠢ  ᠶᠠᠪᠤᠴᠠ ᠳᠤ ᠠᠶᠠᠨᠳᠠᠭᠠᠨ ᠲᠠᠮ ᠢᠶᠠᠷ ᠨᠦᠯᠦᠭᠡᠯᠡᠭᠳᠡᠳᠡᠭ ᠶᠤᠮ᠃ ᠡᠶᠢᠮᠦ ᠠᠴᠠ ᠡᠴᠢᠭᠡ ᠡᠭᠡ ᠪᠤᠯᠤᠭᠰᠠᠳ ᠵᠠᠪᠠᠯ ᠦᠷ᠎ᠡ ᠭᠡᠥᠭᠡᠳ ᠲᠡᠭᠡᠨ ᠢᠳᠡᠪᠬᠢᠳᠡᠢ ᠪᠦᠭᠡᠳ ᠵᠦᠪ ᠲᠠᠯ᠎ᠠ ᠶᠢᠨ ᠵᠢᠭᠠᠨ ᠰᠤᠷᠭᠠᠯᠳᠠ ᠶᠢ ᠦᠭᠬᠦ ᠠᠴᠠ ᠪᠢᠰᠢ ᠶᠠᠭᠠᠬᠢᠭᠰᠠᠨ ᠴᠦ ᠨᠠᠵᠠᠭᠠᠢ ᠲᠠᠯ᠎ᠠ ᠶᠢᠨ ᠮᠠᠭᠤ ᠵᠠᠩᠰᠢᠯ ᠤᠨ ᠲᠠᠮ ᠰᠤᠷᠭᠠᠯᠳᠠ ᠶᠢ ᠬᠦᠷᠳᠡᠭᠡᠵᠤ ᠪᠤᠯᠬᠤ ᠦᠭᠡᠢ᠃ ᠡᠴᠢᠭᠡ ᠡᠭᠡ ᠶᠢᠨ ᠦᠷ᠎ᠡ ᠭᠡᠥᠭᠡᠳ ᠲᠡᠭᠡᠨ ᠦᠯᠡᠳᠡᠭᠡᠬᠦ ᠲᠠᠮ ᠰᠤᠷᠭᠠᠯᠳᠠ ᠨᠢ ᠵᠠᠷᠢᠮ ᠳᠠᠭᠠᠨ ᠰᠠᠨᠠᠭᠠᠨ ᠠᠴᠠ ᠭᠠᠳᠠᠭᠤᠷ ᠦᠷ᠎ᠡ ᠠᠰᠢᠭ ᠲᠠᠢ ᠪᠠᠶᠢᠳᠠᠭ᠃ ᠢᠩᠭᠢᠬᠦᠯᠡᠷ ᠡᠭᠡ ᠡᠴᠢᠭᠡ ᠪᠤᠯᠤᠭᠰᠠᠳ ᠦᠪᠡᠷ ᠤᠨ ᠬᠢ ᠦᠭᠡ ᠬᠡᠯᠡ ᠦᠢᠯᠡ ᠬᠦᠳᠡᠯᠭᠡᠭᠡᠨ ᠢᠶᠠᠨ ᠤᠨᠴᠠ ᠠᠩᠬᠠᠷᠴᠤ ᠪᠠᠶᠢᠬᠤ ᠭᠡᠷᠡᠭᠳᠡᠢ᠃ ᠲᠡᠷᠡᠴᠢᠯᠡᠨ ᠭᠡᠥᠭᠡᠳ ᠲᠡᠭᠡᠨ ᠦᠭᠬᠦ ᠨᠦᠯᠦᠭᠡ ᠶᠢ ᠪᠤᠳᠤᠯᠬᠢᠯᠠᠵᠤ ᠪᠠᠰᠠ ᠭᠡᠥᠭᠡᠳ  ᠲᠤ ᠭᠠᠳᠠᠭᠠᠳᠤ ᠠᠴᠠ ᠦᠭᠬᠦ ᠲᠠᠮ ᠰᠤᠷᠭᠠᠯᠳᠠ ᠶᠢᠨ ᠨᠦᠯᠦᠭᠡ ᠶᠢ ᠤᠨᠴᠠ ᠠᠩᠬᠠᠷᠬᠤ ᠭᠡᠷᠡᠭᠳᠡᠢ᠃      ᠭᠡᠷ ᠪᠦᠯᠢ ᠶᠢᠨ ᠰᠤᠷᠭᠠᠨ ᠬᠦᠮᠦᠵᠢᠯ ᠳᠤ ᠭᠡᠥᠭᠡᠳ ᠲᠤ ᠦᠭᠴᠦ ᠮᠡᠳᠡᠭᠦ ᠤᠪᠤᠷ ᠰᠤᠷᠳᠠᠯ᠂ ᠦᠵᠡᠯ ᠲᠠᠨᠢᠯᠳᠠ᠂ ᠤᠷᠮ᠎ᠠ ᠪᠠᠬ᠎ᠠ᠂ ᠢᠳᠡᠭᠡᠯ ᠵᠤᠷᠢᠭ᠂ ᠬᠠᠶᠢᠷ᠎ᠠ ᠰᠡᠳᠭᠢᠯᠭᠡ᠂ ᠲᠦᠷᠢ ᠲᠦᠯᠦᠪ᠂ ᠦᠢᠯᠡ ᠬᠦᠳᠡᠯᠦᠯ ᠵᠡᠷᠭᠡ ᠲᠠᠯ᠎ᠠ ᠶᠢᠨ ᠭᠡᠥᠭᠡᠳ ᠤᠨ ᠤᠶᠤᠨ ᠤ ᠪᠤᠰᠤ ᠶᠢᠨ ᠡᠯᠧᠮᠧᠨ᠋ᠲ ᠶᠢ ᠨᠦᠯᠦᠭᠡᠯᠡᠭᠦ ᠶᠢ ᠵᠠᠪᠠᠯ ᠠᠩᠬᠠᠷᠬᠤ ᠭᠡᠷᠡᠭᠳᠡᠢ᠃ ᠠᠵᠢᠯ ᠬᠦᠳᠡᠯᠮᠦᠷᠢ ᠶᠢᠨ ᠭᠡᠷᠡᠭᠴᠡᠭᠡ ᠠᠴᠠ ᠪᠤᠯᠵᠤ᠂ ᠦᠭᠡ ᠬᠡᠯᠡᠨ ᠤ ᠬᠦᠳᠡᠯᠭᠡᠭᠡᠨ᠂ ᠨᠢᠭᠤᠷ ᠲᠦᠷᠢ ᠶᠢᠨ ᠢᠯᠡᠷᠡᠯ  ᠤᠨ ᠭᠠᠳᠠᠭᠠᠳᠤ ᠪᠠᠶᠢᠳᠠᠯ᠂ ᠦᠰᠦᠭ ᠪᠢᠴᠢᠭ ᠤᠨ ᠲᠢᠭ ᠮᠠᠶ᠋ᠢᠭ᠂ ᠡᠳ᠋ ᠪᠤᠳᠠᠰ ᠢ ᠪᠠᠶᠢᠷᠢᠯᠠᠭᠤᠯᠬᠤ᠂ ᠪᠤᠰᠤᠳ ᠲᠠᠢ ᠶᠠᠪᠤᠯᠴᠠᠬᠤ ᠵᠡᠷᠭᠡ ᠲᠠᠯ᠎ᠠ ᠪᠠᠷ ᠲᠤᠬᠢᠷᠠᠮᠵᠢᠳᠠᠢ ᠠᠷᠭ᠎ᠠ ᠶᠢ ᠠᠪᠴᠤ᠂ ᠰᠢᠭᠤᠳ ᠪᠤᠶᠤ ᠲᠠᠮ ᠢᠶᠠᠷ ᠭᠡᠥᠭᠡᠳ ᠲᠤ ᠰᠤᠷᠭᠠᠨ ᠬᠦᠮᠦᠵᠢᠭᠦᠯᠦᠯ ᠬᠦᠷᠳᠡᠭᠡᠭᠦ ᠶᠢ ᠴᠢᠬᠤᠯᠠᠴᠢᠯᠠᠨ᠎ᠠ᠃ ᠭᠡᠥᠭᠡᠳ ᠤᠨ ᠦᠰᠦᠯᠳᠡ ᠪᠤᠶᠢᠵᠢᠯᠳᠠ ᠶᠢ ᠲᠠᠭᠠᠯᠳᠤᠨ ᠠᠪᠤ ᠡᠵᠢ ᠪᠤᠯᠤᠭᠰᠠᠳ ᠵᠠᠪᠠᠯ ᠭᠡᠥᠭᠡᠳ ᠢ ᠬᠠᠪᠰᠤᠷᠴᠤ ᠲᠡᠳᠡᠨ ᠳᠤ ᠲᠡᠷᠡᠭᠦ ᠠᠮᠠᠷᠬᠠᠨ ᠢᠶᠠᠷ ᠵᠦᠪ ᠪᠤᠰᠤ ᠲᠠᠯ᠎ᠠ ᠪᠠᠷ᠂ ᠲᠠᠮ ᠢᠶᠠᠷ ᠨᠡᠷᠪᠡᠬᠦ ᠰᠤᠷᠭᠠᠯ ᠬᠦᠷᠳᠡᠭᠦ ᠶᠢ ᠰᠡᠷᠡᠮᠵᠢᠯᠡᠭᠦᠯᠵᠤ᠂ ᠭᠡᠥᠭᠡᠳ ᠢ ᠬᠠᠪᠰᠤᠷᠴᠤ ᠨᠠᠷᠢᠨ ᠨᠢᠭᠳᠠ ᠪᠤᠳᠤᠯᠬᠢᠯᠠᠨ᠂ ᠪᠡᠶ᠎ᠡ ᠪᠠᠨ ᠲᠠᠭᠠᠭᠠᠬᠤ ᠳᠡᠰᠪᠦᠷᠢᠲᠦ ᠴᠢᠨᠠᠷ ᠢᠶᠠᠨ ᠬᠦᠭᠵᠢᠬᠦᠯᠬᠦ ᠶᠢ ᠵᠤᠷᠢᠭᠵᠢᠭᠤᠯᠤᠨ᠂ ᠰᠤᠷᠭᠠᠨ ᠬᠦᠮᠦᠵᠢᠭᠦᠯᠬᠦ ᠵᠤᠷᠢᠯᠭ᠎ᠠ ᠳᠠᠭᠠᠨ ᠬᠦᠷᠦᠨ᠎ᠡ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号