ᠴᠠᠬᠠᠷ ᠮᠤᠩᠭᠤᠯᠴᠤᠳ ᠤᠨ ᠮᠦᠴᠢ ᠲᠠᠯᠪᠢᠬᠤ ᠶᠤᠰᠤᠨ
ᠨᠡᠶᠢᠲᠡᠯᠡᠭᠰᠡᠨ ᠴᠠᠭ᠄
2024/1/22
   ᠴᠠᠬᠠᠷ ᠮᠤᠩᠭᠤᠯᠴᠤᠳ ᠶᠡᠷᠦ ᠶᠢᠨ ᠴᠠᠭ ᠲᠤ ᠮᠢᠬ᠎ᠠ ᠴᠢᠨᠠᠵᠤ ᠢᠳᠡᠬᠦᠯᠬᠦ ᠳᠤ ᠪᠠᠨ ᠨᠠᠰᠤᠳᠠᠨ ᠲᠤᠮᠤᠭᠠᠳᠠᠨ ᠪᠠᠶᠢᠳᠤᠭᠠᠢ ᠪᠠᠭ᠎ᠠ ᠬᠡᠤᠭᠡᠳ ᠲᠡᠬᠦᠦ ᠨᠠᠷ ᠲᠤ ᠴᠤ ᠠᠳᠠᠯᠢ ᠪᠠᠷ ᠮᠦᠴᠢ ᠶᠢ ᠡᠷᠭᠡᠪᠰᠢ ᠲᠠᠪᠠᠭ ᠲᠤ ᠲᠠᠪᠠᠭᠯᠠᠵᠤ ᠦᠭᠳᠡᠭ᠃ ᠲᠠᠪᠠᠭ ᠲᠤ ᠲᠠᠪᠠᠭᠯᠠᠬᠤ ᠳᠤ ᠪᠠᠨ ᠲᠤᠤᠷᠠᠬᠢ ᠮᠡᠳᠦ ᠶᠤᠰᠤ ᠵᠢᠷᠤᠮ ᠲᠠᠢ ᠪᠠᠶᠢᠳᠠᠭ᠃    ᠨᠢᠭᠡ᠄ ᠬᠠᠪᠢᠷᠭ᠎ᠠ ᠶᠢᠨ ᠪᠤᠷ᠎ᠠ ︵ᠲᠡᠭᠡ ᠲᠠᠢ ᠦᠵᠦᠬᠦᠷ︶ ᠶᠢ ᠵᠤᠴᠢᠨ ᠤ ᠵᠦᠭ ᠬᠠᠨᠳᠤᠭᠤᠯᠳᠠᠭ᠃    ᠬᠤᠶᠠᠷ᠄ ᠰᠡᠭᠡᠷ ᠤᠨ ᠪᠦᠳᠦᠬᠦᠨ ᠦᠵᠦᠬᠦᠷ ᠢ ᠵᠤᠴᠢᠨ ᠤ ᠵᠦᠭ ᠬᠠᠨᠳᠤᠭᠤᠯᠳᠠᠭ᠃      ᠭᠤᠷᠪᠠ᠄ ᠲᠠᠯᠤ ᠶᠢᠨ ᠲᠤᠭᠤᠭ᠎ᠠ ᠶᠢ ᠵᠤᠴᠢᠨ ᠤ ᠵᠦᠭ ᠲᠤ᠂ ᠮᠦᠭᠡᠷᠰᠦ ᠲᠠᠢ ᠲᠠᠯ᠎ᠠ ᠶᠢ ᠭᠠᠳᠠᠭᠰᠢ ᠬᠠᠨᠳᠤᠭᠤᠯᠳᠠᠭ᠃    ᠲᠦᠷᠪᠡ᠄ ᠱᠠᠭᠠᠨᠳᠦ ᠶᠢᠨ ᠱᠠᠭ᠎ᠠ ᠲᠠᠢ ᠦᠵᠦᠬᠦᠷ ᠢ ᠵᠤᠴᠢᠨ ᠤ ᠵᠦᠭ ᠲᠤ ᠬᠠᠨᠳᠤᠭᠤᠯᠳᠠᠭ᠃    ᠲᠠᠪᠤ᠄ ᠰᠡᠬᠦᠵᠢ ᠶᠢᠨ ᠨᠦᠭᠡ ᠦᠭᠡᠢ ᠬᠠᠪᠳᠠᠭᠠᠢ ᠶᠠᠰᠦ ᠶᠢ ᠵᠤᠴᠢᠨ ᠤ ᠵᠦᠭ ᠲᠤ ᠬᠠᠨᠳᠤᠭᠤᠯᠳᠠᠭ᠃    ᠵᠢᠷᠭᠤᠭ᠎ᠠ᠄ ᠬᠠᠷᠢᠳᠦ ᠶᠢ ᠪᠤᠭᠳᠤᠭᠤᠰᠤ ᠳᠤ ᠵᠠᠯᠭᠠᠬᠤ ᠲᠠᠯ᠎ᠠ ᠶᠢ ᠵᠤᠴᠢᠨ ᠤ ᠵᠦᠭ ᠲᠤ ᠬᠠᠨᠳᠤᠭᠤᠯᠳᠠᠭ᠃    ᠲᠤᠯᠤᠭ᠎ᠠ᠄ ᠲᠤᠮᠳᠠ ᠴᠢᠮᠦᠭᠡ ᠶᠢᠨ ᠲᠤᠶᠢᠭ ᠲᠠᠢ ᠲᠠᠯ᠎ᠠ ᠶᠢ ᠵᠤᠴᠢᠨ ᠤ ᠵᠦᠭ ᠲᠤ ᠬᠠᠨᠳᠤᠭᠤᠯᠳᠠᠭ᠃    ᠨᠠᠢᠮᠠ᠄ ᠪᠤᠭᠳᠤᠭᠤᠰᠤ ᠶᠢᠨ ᠰᠢᠬᠢᠷ᠎ᠡ ᠲᠠᠢ ᠵᠠᠯᠭᠠᠳᠠᠭ ᠨᠠᠷᠢᠨ ᠲᠠᠯ᠎ᠠ ᠶᠢ ᠵᠤᠴᠢᠨ ᠤ ᠵᠦᠭ ᠲᠤ ᠬᠠᠨᠳᠤᠭᠤᠯᠳᠠᠭ᠃    ᠶᠢᠰᠦ᠄ ᠡᠪᠴᠢᠬᠦᠦ ᠶᠢ ᠪᠦᠳᠦᠷᠭᠡᠢ ᠪᠠ ᠴᠤᠷᠤᠢ ᠬᠤᠶᠠᠷ ᠢ ᠠᠪᠴᠤ ᠨᠠᠷᠢᠨ ᠭᠤᠷᠪᠠᠯᠵᠢᠨ ᠬᠤᠰᠢᠭᠤᠳᠤ ᠲᠠᠯ᠎ᠠ ᠶᠢ ᠵᠤᠴᠢᠨ ᠤ ᠵᠦᠭ ᠲᠤ ᠬᠠᠨᠳᠤᠭᠤᠯᠤᠨ ᠰᠦᠪᠡᠷᠭᠡᠳᠡᠰᠦ ᠶᠢ ᠭᠠᠳᠠᠭᠰᠢ ᠬᠠᠨᠳᠤᠭᠤᠯᠤᠨ ᠦᠷᠦᠵᠤ ᠲᠠᠪᠠᠭᠯᠠᠳᠠᠭ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号