10 ᠰᠠᠷ᠎ᠠ ᠶᠢᠨ 1 ᠤ ᠡᠳᠦᠷ ᠤᠨ ᠦᠳᠡ ᠶᠢᠨ ᠡᠮᠦᠨ᠎ᠡ᠂ ᠮᠠᠨ ᠤ ᠬᠤᠲᠠ ᠪᠥᠬᠦᠳᠡ ᠨᠠᠶᠢᠷᠠᠮᠳᠠᠬᠤ ᠳᠤᠮᠳᠠᠳᠤ | ᠠᠷᠠᠳ ᠤᠯᠤᠰ ᠪᠠᠶᠢᠭᠤᠯᠤᠭᠳᠠᠭᠰᠠᠨ 75 ᠵᠢᠯ ᠤᠨ ᠣᠢ ᠶᠢ ᠪᠡᠯᠭᠡᠯᠡᠶ᠎ᠡ— ︽ᠤᠯᠤᠰ ᠤᠨ ᠲᠤᠭ ᠢ ᠬᠠᠮᠲᠤ ᠪᠠᠷ | ᠮᠠᠨᠳᠤᠭᠤᠯᠵᠤ ᠤᠯᠤᠰ ᠤᠨ ᠳᠠᠭᠤᠤ ᠶᠢ ᠬᠠᠮᠲᠤ ᠪᠠᠷ ᠳᠠᠭᠤᠯᠠᠶ᠎ᠠ︾ 2024 ᠣᠨ ᠤ ︽ᠠᠷᠪᠠᠨ ᠰᠠᠷ᠎ᠠ ᠶᠢᠨ ᠨᠢᠭᠡᠨ︾ | ᠤ ᠤᠯᠤᠰ ᠤᠨ ᠲᠤᠭ ᠮᠠᠨᠳᠤᠭᠤᠯᠬᠤ ᠶᠣᠰᠣᠯᠠᠯ ᠶᠠᠪᠤᠭᠤᠯᠪᠠ᠃ ᠬᠤᠲᠠ ᠶᠢᠨ ᠨᠠᠮ ᠤᠨ ᠬᠤᠷᠢᠶᠠᠨ ᠤ ᠳᠡᠳ᠋ ᠱᠦᠵᠢ᠂ | ᠬᠤᠲᠠ ᠶᠢᠨ ᠳᠠᠷᠤᠭ᠎ᠠ ᠼᠦᠢ ᠵᠢᠩ ᠶᠢᠩ᠂ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ᠂ ᠬᠤᠲᠠ ᠶᠢᠨ | ᠤᠯᠤᠰ ᠲᠥᠷᠥ ᠶᠢᠨ ᠵᠥᠪᠯᠡᠯᠭᠡᠨ ᠤ ᠤᠳᠤᠷᠢᠳᠬᠤ ᠨᠥᠬᠦᠳ ᠠᠵᠢᠯᠯᠠᠭ᠎ᠠ ᠳᠤ ᠣᠷᠣᠯᠴᠠᠪᠠ᠃ | ︽ᠪᠢ ᠡᠬᠡ ᠤᠯᠤᠰ ᠲᠠᠢ ᠪᠠᠨ ᠨᠢᠭᠡ ᠮᠥᠴᠡ ᠴᠦ ᠰᠠᠯᠵᠤ ᠪᠣᠯᠬᠤ ᠦᠭᠡᠢ᠂ ᠪᠢ ᠬᠠᠮᠢᠭ᠎ᠠ ᠶᠠᠪᠤᠭᠰᠠᠨ ᠴᠤ | ᠮᠠᠭᠲᠠᠭᠠᠯ ᠳᠠᠭᠤᠤ ᠪᠠᠨ ᠬᠡᠵᠢᠶᠡᠳᠡ ᠲᠠᠭᠤᠯᠠᠬᠤ ᠶᠤᠮ ᠁︾ ᠤᠯᠤᠰ ᠤᠨ ᠲᠤᠭ ᠮᠠᠨᠳᠤᠭᠤᠯᠬᠤ ᠶᠣᠰᠣᠯᠠᠯ | ᠡᠬᠢᠯᠡᠬᠦ ᠠᠴᠠ ᠡᠮᠦᠨ᠎ᠡ᠂ ︽ᠪᠢ ᠡᠬᠡ ᠤᠯᠤᠰ ᠲᠠᠢ ᠪᠠᠨ︾ ᠭᠡᠬᠦ ᠳᠠᠭᠤᠤ ᠶᠢ ᠬᠠᠮᠲᠤ ᠪᠠᠷ ᠲᠠᠭᠤᠯᠠᠵᠤ᠂ ᠲᠤᠬᠠᠢ ᠶᠢᠨ | ᠲᠠᠯᠠᠪᠠᠢ ᠶᠢᠨ ᠬᠥᠮᠦᠰ ᠭᠠᠷ ᠲᠠᠬᠢ ᠤᠯᠤᠰ ᠤᠨ ᠲᠤᠭ ᠢᠶᠠᠨ ᠬᠤᠷᠦ᠋ᠢᠯᠠᠵᠤ᠂ ᠬᠠᠮᠲᠤ ᠪᠠᠷ ᠳᠠᠭᠤᠤ ᠬᠥᠭᠵᠢᠮ ᠢᠶᠠᠷ | ᠠᠭᠤᠤ ᠶᠡᠭᠡ ᠡᠬᠡ ᠤᠯᠤᠰ ᠢᠶᠠᠨ ᠬᠠᠶᠢᠷᠠᠯᠠᠬᠤ ᠰᠡᠳᠬᠢᠯᠭᠡ ᠪᠠᠨ ᠢᠯᠡᠳᠬᠡᠵᠦ᠂ ᠠᠭᠤᠤ ᠶᠡᠭᠡ ᠡᠬᠡ ᠤᠯᠤᠰ ᠤᠨ ᠢᠶᠠᠨ | ᠨᠡᠩ ᠭᠡᠷᠡᠯ ᠰᠠᠴᠤᠷᠠᠩᠭᠤᠢ ᠠᠮᠵᠢᠯᠲᠠ ᠶᠢ ᠵᠥᠩᠨᠡᠵᠦ᠂ ᠠᠷᠠᠳ ᠤᠨ ᠠᠮᠢᠳᠤᠷᠠᠯ ᠨᠡᠩ ᠵᠣᠯ ᠵᠢᠷᠭᠠᠯ ᠲᠠᠢ ᠠᠮᠤᠷ | ᠠᠮᠤᠭᠤᠯᠠᠩ ᠪᠣᠯᠬᠤ ᠶᠢ ᠵᠥᠩᠨᠡᠪᠡ᠃ | 9 ᠴᠠᠭ ᠲᠤ ᠤᠯᠤᠰ ᠤᠨ ᠲᠤᠭ ᠮᠠᠨᠳᠤᠭᠤᠯᠬᠤ ᠶᠣᠰᠣᠯᠠᠯ ᠵᠢᠩᠬᠢᠨᠢ ᠪᠠᠷ ᠡᠬᠢᠯᠡᠪᠡ᠃ ᠲᠤᠬᠠᠢ ᠶᠢᠨ | ᠲᠠᠯᠠᠪᠤᠷ ᠤᠨ ᠬᠥᠮᠦᠰ ᠤᠯᠤᠰ ᠤᠨ ᠲᠤᠭ ᠵᠦᠭ ᠬᠠᠨᠳᠤᠵᠤ᠂ ᠪᠦᠭᠦᠳᠡᠭᠡᠷ ᠢᠶᠠᠨ ᠲᠥᠪ ᠵᠣᠭᠰᠣᠪᠠ᠃ ᠶᠣᠰᠣᠯᠠᠯ ᠤᠨ | ᠠᠩᠬᠢ ᠶᠢᠨ ᠭᠡᠰᠢᠭᠦᠳ ᠲᠡᠷᠢ ᠲᠡᠭᠰᠢ ᠵᠢᠭᠰᠠᠭᠠᠨ᠂ ᠢᠳᠡᠷᠡᠭᠦᠨ ᠠᠯᠬᠤᠭ᠎ᠠ ᠪᠠᠷ ᠤᠯᠤᠰ ᠤᠨ ᠲᠤᠭ ᠢ ᠲᠤᠭ | ᠮᠠᠨᠳᠤᠭᠤᠯᠬᠤ ᠲᠠᠶᠢᠰᠠᠨ ᠳᠤ ᠬᠠᠮᠠᠭᠠᠯᠠᠨ ᠬᠦᠷᠭᠡᠪᠡ᠃ ︽ᠤᠯᠤᠰ ᠤᠨ ᠲᠤᠭ ᠥᠭᠡᠳᠡ ᠶᠤᠰᠤᠯᠠᠶᠠ︕︾ | ᠶᠣᠰᠣᠯᠠᠯ ᠤᠨ ᠠᠩᠬᠢ ᠶᠢᠨ ᠭᠡᠰᠢᠭᠦᠳ ᠤᠨ ᠤᠷᠢᠶ᠎ᠠ ᠶᠢ ᠲᠠᠭᠠᠯᠳᠤᠨ᠂ ︽ᠵᠢᠷᠤᠮ ᠤᠨ ᠴᠡᠷᠢᠭ ᠤᠨ ᠤᠷᠤᠭᠰᠢᠯᠠᠯᠲᠠ ᠶᠢᠨ | ᠳᠠᠭᠤᠤ︾ ᠤᠷᠠᠨ ᠪᠢᠴᠢᠯᠭᠡ ᠶᠢᠨ ᠠᠭᠤᠳᠠᠮ ᠲᠠᠯᠠᠪᠠᠢ ᠶᠢ ᠴᠤᠤᠷᠢᠶᠠᠳᠤᠭᠤᠯᠪᠡ᠃ ᠲᠠᠯᠠᠪᠠᠢ ᠳᠠᠶᠠᠭᠠᠷ ᠢᠶᠠᠨ ᠤᠯᠤᠰ ᠤᠨ | ᠰᠦᠯᠳᠡ ᠳᠠᠭᠤᠤ ᠶᠢ ᠬᠠᠩᠭᠢᠨᠠᠲᠠᠯ᠎ᠠ ᠳᠠᠭᠤᠯᠠᠵᠠᠭᠠᠪᠠ᠃ ᠰᠦᠷ ᠵᠢᠪᠬᠤᠯᠠᠩᠲᠤ ᠤᠯᠤᠰ ᠤᠨ ᠰᠦᠯᠳᠡ ᠳᠠᠭᠤᠤ ᠶᠢᠨ | ᠠᠶᠠᠰ ᠳᠤᠮᠳᠠ ᠲᠠᠪᠤᠨ ᠣᠳᠣᠲᠤ ᠤᠯᠠᠭᠠᠨ ᠲᠤᠭ ᠠᠯᠭᠤᠷᠬᠠᠨ ᠮᠠᠨᠳᠤᠵᠤ᠂ ᠰᠠᠯᠬᠢᠨ ᠤ ᠠᠶ᠎ᠠ ᠪᠠᠷ ᠨᠠᠮᠢᠷᠠᠨ᠎ᠠ᠃ | ᠳᠠᠷᠠᠭ᠎ᠠ ᠨᠢ᠂ ᠲᠤᠬᠠᠢ ᠶᠢᠨ ᠲᠠᠯᠠᠪᠠᠢ ᠶᠢᠨ ᠬᠥᠮᠦᠰ ᠤᠯᠤᠰ ᠤᠨ ᠲᠤᠭ ᠳᠣᠣᠷᠠᠬᠢ ᠶᠠᠷᠢᠶ᠎ᠠ ᠢᠯᠡᠳᠬᠡᠯ ᠪᠣᠯᠤᠨ | ᠨᠠᠶᠢᠷᠠᠯ ᠳᠠᠭᠤᠤ ᠶᠢᠨ ᠲᠣᠭᠯᠠᠯᠲᠠ ᠶᠢ ᠰᠣᠨᠢᠷᠬᠠᠪᠠ᠃ ᠣᠷᠭᠢᠯᠤᠮ᠎ᠠ ᠬᠠᠯᠠᠭᠤᠨ ᠰᠡᠳᠬᠢᠯᠭᠡ ᠶᠢ ᠳᠠᠭᠠᠯᠳᠤᠨ᠂ ᠲᠠᠪᠤᠨ | ᠣᠳᠣᠲᠤ ᠤᠯᠠᠭᠠᠨ ᠲᠤᠭ ᠬᠥᠮᠦᠰ ᠤᠨ ᠲᠡᠭᠡᠭᠦᠷ ᠥᠩᠭᠡᠷᠡᠵᠦ᠂ ᠡᠩᠬᠡ ᠲᠠᠶᠢᠪᠤᠩ ᠤᠨ ᠴᠠᠭᠠᠨ ᠲᠠᠭᠲᠠᠭ᠎ᠠ ᠬᠦᠭᠡ | ᠣᠭᠲᠠᠷᠭᠤᠢ ᠳᠤ ᠳᠡᠭᠦᠯᠢᠨ ᠨᠢᠰᠪᠡ᠃ | ᠤᠯᠤᠰ ᠤᠨ ᠲᠤᠭ ᠮᠠᠨᠳᠤᠭᠤᠯᠬᠤ ᠶᠣᠰᠣᠯᠠᠯ ᠳᠠᠭᠤᠰᠤᠭᠰᠠᠨ ᠤ ᠳᠠᠷᠠᠭ᠎ᠠ᠂ ᠲᠤᠬᠠᠶ ᠶᠢᠨ ᠲᠠᠯᠠᠪᠠᠶ ᠶᠢᠨ ᠬᠥᠮᠦᠰ | ᠤᠯᠤᠰ ᠤᠨ ᠪᠠᠶᠠᠷ ᠢ ᠤᠭᠲᠤᠬᠤ ᠲᠤᠰᠬᠠᠶ ᠲᠣᠭᠯᠠᠯᠲᠠ ᠶᠢ ᠰᠣᠨᠢᠷᠬᠠᠵᠤ᠂ ︽ᠪᠥᠬᠦᠳᠡ ᠨᠠᠶᠢᠷᠠᠮᠳᠠᠬᠤ ᠳᠤᠮᠳᠠᠳᠤ | ᠠᠷᠠᠳ ᠤᠯᠤᠰ ᠪᠠᠶᠢᠭᠤᠯᠤᠭᠳᠠᠭᠰᠠᠨ 75 ᠵᠢᠯ ᠤᠨ ᠣᠶ ᠶᠢ ᠪᠡᠯᠭᠡᠯᠡᠶ᠎ᠡ︾ ᠬᠡᠬᠦ ᠠᠮᠵᠢᠯᠲᠠ ᠪᠦᠲᠦᠮᠵᠢ ᠶᠢᠨ | ᠦᠵᠡᠬᠦᠯᠦᠯᠭᠡ ᠵᠡᠷᠭᠡ ᠠᠵᠢᠯᠯᠠᠭ᠎ᠠ ᠶᠢ ᠲᠣᠭᠤᠷᠢᠨ ᠦᠵᠡᠪᠡ᠃ | ᠬᠤᠲᠠ᠂ ᠲᠣᠭᠤᠷᠢᠭ ᠬᠤᠶᠠᠷ ᠱᠠᠲᠤᠨ ᠤ ᠪᠠᠶᠢᠭᠤᠯᠭ᠎ᠠ ᠨᠢᠭᠡᠴᠡ᠂ ᠠᠷᠠᠳ ᠤᠨ ᠪᠦᠯᠬᠦᠮ᠂ ᠠᠵᠤ ᠠᠬᠤᠶᠢᠯᠠᠯ | ᠠᠵᠢᠯ ᠦᠢᠯᠡᠰ ᠤᠨ ᠨᠢᠭᠡᠴᠡ ᠵᠢᠴᠢ ᠬᠤᠲᠠ ᠳᠤ ᠰᠠᠭᠤᠭ᠎ᠠ ᠨᠢᠭᠡᠴᠡ ᠶᠢᠨ ᠠᠵᠢᠯᠲᠠᠨ ᠤ ᠲᠥᠯᠥᠭᠡᠯᠡᠭᠴᠢ᠂ ᠳᠤᠮᠳᠠᠳᠤ | ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠲᠥᠯᠥᠭᠡᠯᠡᠭᠴᠢ ᠵᠢᠴᠢ ᠡᠯ᠎ᠡ ᠱᠠᠲᠤᠨ ᠤ ᠡᠯ᠎ᠡ ᠲᠦᠷᠦᠯ ᠤᠨ ᠶᠣᠰᠣ | ᠰᠤᠷᠲᠠᠬᠤᠨ ᠤ ᠵᠢᠱᠢᠶᠡᠴᠢ᠂ ᠳᠡᠷᠭᠡᠳᠡᠬᠢ ᠰᠠᠶᠢᠨ ᠬᠥᠮᠦᠨ ᠵᠡᠷᠭᠡ ᠲᠡᠷᠢᠭᠦᠨ ᠤ ᠨᠡᠶᠢᠲᠡᠯᠢᠭ ᠲᠥᠯᠥᠭᠡᠯᠡᠭᠴᠢ ᠪᠣᠯᠤᠨ | ᠬᠤᠳᠠ ᠶᠢᠨ ᠠᠷᠠᠳ ᠤᠯᠠᠨ ᠵᠡᠷᠭᠡ ᠲᠦᠮᠡ ᠰᠢᠬᠠᠮ ᠬᠥᠮᠦᠨ ᠠᠵᠢᠯᠯᠠᠭ᠎ᠠ ᠳᠤ ᠣᠷᠣᠯᠴᠠᠪᠠ᠃ |