ᠡᠯᠪᠡᠷᠢᠯ ᠲᠠᠢ ᠭᠡᠤᠭᠡᠳ ᠦᠰᠭᠡᠶ᠎ᠠ ᠭᠡᠪᠡᠯ
ᠨᠡᠶᠢᠲᠡᠯᠡᠭᠰᠡᠨ ᠴᠠᠭ᠄
2024/2/26
     ᠭᠡᠤᠭᠡᠳ ᠳᠦᠷᠦᠵᠦ ᠦᠰᠭᠡᠬᠦ ᠨᠢ ᠦᠶ᠎ᠠ ᠣᠭᠰᠠᠭ᠎ᠠ ᠪᠠᠨ ᠵᠠᠯᠭᠠᠮᠵᠢᠯᠠᠵᠣ ᠦᠨᠳᠣᠰᠣ ᠰᠣᠶᠣᠯ ᠢᠶᠠᠨ ᠪᠠᠳᠠᠷᠠᠭᠤᠯᠬᠤ ᠶᠢᠨ ᠲᠦᠯᠦᠭᠡ᠂ ᠮᠦᠨᠴᠣ ᠦᠳᠡᠯᠬᠦ ᠶᠢᠨ ᠦᠵᠦᠭᠦᠷ ᠲᠤ ᠦᠮᠦᠭ ᠳᠦᠰᠢᠭ ᠲᠠᠢ ᠪᠣᠯᠬᠤ ᠶᠢᠨ ᠲᠦᠯᠦᠭᠡ᠃ ᠢᠩᠬᠢᠵᠣ ᠬᠡᠯᠡᠬᠦ ᠳᠤ ᠠᠴᠢᠯᠠᠯ ᠡᠯᠪᠡᠷᠢᠯ ᠲᠠᠢ ᠦᠷ᠎ᠠ ᠬᠡᠣᠬᠡᠳ ᠬᠦᠮᠦᠵᠢᠬᠦᠯᠬᠦ ᠨᠢ ᠵᠠᠩᠬᠢᠯᠠᠭ᠎ᠠ ᠪᠣᠯᠣᠨ᠎ᠠ᠃ ᠤᠢᠢᠷ᠎ᠠ ᠳᠤ ᠬᠦᠬᠡᠬᠤᠳᠠ ᠤᠷᠤᠨ ᠳᠤ ︽ᠠᠴᠢᠯᠠᠯ ᠡᠯᠪᠡᠷᠢᠯ ᠲᠠᠢ ᠤᠳᠤᠨ︾ ᠢ ᠰᠢᠯᠭᠠᠷᠠᠭᠤᠯᠬᠤ ᠳᠤᠬᠠᠢ ᠵᠤᠭᠤᠭ ᠳᠠᠮᠵᠢᠭᠳᠠᠵᠤ ᠨᠠᠰᠤᠳᠠᠨ ᠢᠶᠠᠨ ᠠᠰᠠᠷᠠᠵᠤ ᠬᠠᠷᠠᠭᠠᠯᠵᠠᠬᠤ ᠲᠠᠯ᠎ᠠ ᠪᠠᠷ ᠳᠤᠪᠤᠶᠢᠮ᠎ᠠ ᠨᠦᠯᠦᠬᠡ ᠲᠣᠰᠬᠠᠯ ᠭᠠᠷᠭᠠᠭᠰᠠᠨ ᠵᠠᠯᠠᠭᠤᠰ ᠢ ᠬᠦᠬᠢᠬᠦᠯᠦᠨ ᠱᠠᠩᠨᠠᠬᠤ ᠶᠤᠮ ᠭᠡᠨ᠎ᠠ᠃ ᠡᠨᠡ ᠨᠢ ᠲᠦᠮᠡᠨ ᠵᠦᠪ᠂ ᠦᠷ᠎ᠠ ᠬᠡᠣᠬᠡᠳ ᠪᠣᠯᠣᠭᠰᠠᠳ ᠠᠪᠤ ᠡᠵᠢ ᠠᠬᠠᠰ ᠵᠠᠬᠠᠰ ᠢᠶᠠᠨ ᠠᠴᠢᠯᠠᠵᠣ ᠡᠯᠪᠡᠷᠢᠬᠦ ᠨᠢ ᠦᠪᠡᠷ ᠤᠨ ᠬᠢᠨᠢ ᠬᠦᠢᠴᠡᠳᠭᠡᠪᠡᠰᠣ ᠵᠣᠬᠢᠬᠤ ᠡᠭᠦᠷᠭᠡ ᠬᠠᠷᠢᠭᠤᠴᠠᠯᠭ᠎ᠠ ᠪᠣᠶᠣ᠃ ᠬᠡᠬᠦ ᠳᠤ ᠣᠳᠣᠬᠠᠨ ᠤ ᠬᠡᠣᠬᠡᠳ ᠣᠨᠴᠠᠭᠠᠢᠢᠯᠠᠨ ᠭᠠᠭᠴᠠ ᠬᠡᠣᠬᠡᠳ ᠲᠠᠩᠴᠢ ᠡᠷᠭᠡ ᠲᠠᠩᠬᠢ ᠦᠰᠴᠣ ᠪᠠᠶᠢᠭ᠎ᠠ ᠪᠣᠯᠬᠤᠷ ᠠᠩᠭᠠᠢᠢᠵᠣ ᠢᠳᠡᠭᠡᠳ ᠲᠠᠩᠭᠠᠢᠢᠵᠣ ᠬᠡᠪᠳᠡᠭᠡᠳ ᠠᠪᠤ ᠡᠵᠢ ᠠᠬᠠᠰ ᠵᠠᠬᠠᠰ ᠢᠶᠠᠨ ᠠᠴᠢᠯᠠᠵᠣ ᠡᠯᠪᠡᠷᠢᠬᠦ ᠶᠢ ᠣᠮᠳᠣᠭᠠᠢᠢᠯᠠᠵᠣ ᠨᠢ ᠵᠦᠩᠳᠡᠭᠡᠨ᠃ ᠡᠶᠢᠮᠣ ᠠᠴᠠ ᠭᠡᠷ ᠤᠨ ᠠᠬᠠᠮᠠᠳ ᠪᠣᠯᠣᠭᠰᠠᠳ ᠦᠷ᠎ᠠ ᠬᠡᠣᠬᠡᠳ  ᠢᠶᠠᠨ ᠠᠴᠢᠯᠠᠯ ᠡᠯᠪᠡᠷᠢᠯ ᠲᠠᠢ ᠰᠤᠷᠭᠠᠨ ᠬᠦᠮᠦᠵᠢᠬᠦᠯᠬᠦ ᠨᠢ ᠮᠠᠰᠢ ᠴᠢᠬᠤᠯᠠ ᠶᠤᠮ᠃ ᠡᠭᠦᠨ ᠳᠤ ᠠᠪᠤ ᠡᠵᠢ ᠪᠤᠯᠤᠭᠰᠠᠳ ᠦᠪᠡᠷ ᠤᠨ ᠪᠡᠶ᠎ᠠ ᠪᠠᠷ ᠢᠶᠠᠨ ᠭᠡᠪ ᠳᠠᠭᠤᠷᠢᠶᠠᠯ ᠪᠤᠯᠬᠤ ᠨᠢ ᠨᠡᠩ ᠴᠢᠬᠤᠯᠠ᠃ ᠵᠦᠪᠬᠡᠨ ᠭᠡᠤᠭᠡᠳ ᠤᠨ ᠢᠶᠠᠨ ᠠᠴᠢᠯᠠᠯ ᠡᠯᠪᠡᠷᠢᠯ ᠲᠠᠢ ᠪᠣᠯᠬᠤ ᠶᠢ ᠱᠠᠭᠠᠷᠳᠠᠭᠠᠳ᠂ ᠦᠪᠡᠷ ᠢᠶᠠᠨ ᠬᠠᠷᠢᠨ ᠦᠳᠡᠯᠦᠬᠡ ᠨᠠᠰᠦᠳᠠᠶᠢᠴᠤᠳ ᠢᠶᠠᠨ ᠬᠠᠷᠠᠵᠤ ᠬᠠᠷᠠᠭᠠᠯᠵᠠᠬᠤ ᠦᠬᠡᠢ᠂ ᠵᠤᠪᠠᠭᠠᠵᠤ ᠭᠤᠮᠤᠳᠠᠭᠠᠭᠠᠳ ᠬᠡᠯᠡᠭᠰᠡᠨ ᠪᠠ ᠬᠢᠭᠰᠡᠨ ᠵᠦᠷᠢᠴᠡᠯ ᠲᠠᠢ ᠪᠤᠯᠵᠤ ᠭᠡᠤᠭᠡᠳ ᠲᠡᠭᠡᠨ ᠮᠠᠭᠤ ᠨᠦᠯᠦᠬᠡ ᠦᠭᠴᠤ ᠪᠤᠯᠬᠤ ᠦᠬᠡᠢ᠃      ᠡᠷᠡᠬᠦᠯ ᠰᠠᠷᠠᠭᠤᠯ ᠵᠠᠩ ᠠᠷᠠᠨᠰᠢᠨ ᠪᠠ ᠠᠴᠢᠯᠠᠯ ᠡᠯᠪᠡᠷᠢᠯ ᠲᠠᠢ ᠭᠡᠤᠭᠡᠳ ᠬᠦᠮᠦᠵᠢᠬᠦᠯᠬᠦ ᠳᠤ ᠭᠡᠷ ᠪᠦᠯᠢ ᠶᠢᠨ ᠰᠠᠶᠢᠨ ᠰᠠᠶᠢᠬᠠᠨ ᠪᠦᠭᠡᠳ ᠢᠳᠡᠪᠬᠢ ᠤᠷᠴᠢᠨ ᠠᠬᠤᠢ ᠶᠢ ᠱᠠᠭᠠᠷᠳᠠᠨ᠎ᠠ᠂ ᠠᠪᠤ ᠡᠵᠢ ᠪᠤᠯᠤᠭᠰᠠᠳ ᠤᠨ ᠠᠵᠢᠯ ᠠᠮᠢᠳᠤᠷᠠᠯ ᠳᠠᠭᠠᠨ ᠵᠦᠪ ᠤᠪᠤᠷ ᠲᠠᠢ ᠪᠠᠶᠢᠬᠤ ᠶᠢ ᠱᠠᠭᠠᠷᠳᠠᠨ᠎ᠠ᠃ ᠠᠴᠢᠯᠠᠯ ᠡᠯᠪᠡᠷᠢᠯ ᠲᠠᠢ ᠪᠠᠶᠢᠬᠤ ᠭᠡᠳᠡᠭ ᠪᠤᠯ ᠠᠮᠠᠨ ᠳᠡᠭᠡᠷ᠎ᠠ ᠪᠠᠨ ᠭᠡᠯᠡᠳᠡᠭ ᠯᠡ ᠳᠡᠶᠢᠮᠦ ᠠᠮᠠᠷᠬᠠᠨ ᠤᠴᠢᠷ ᠪᠢᠰᠢ ᠬᠤᠶᠢᠨ᠎ᠠ᠂ ᠭᠡᠷ ᠤᠨ ᠠᠬᠠᠮᠠᠳ ᠦᠪᠡᠷ ᠢ ᠨᠢ ᠲᠦᠷᠦᠭᠦᠯᠡᠨ ᠦᠰᠬᠡᠭᠰᠡᠡ ᠠᠪᠤ ᠡᠵᠢ ᠪᠠᠨ ᠠᠴᠢᠯᠠᠨ ᠡᠯᠪᠡᠷᠢᠵᠣ ᠡᠳᠦᠷ ᠳᠤᠳᠤᠮ ᠤᠨ ᠤᠯᠠᠨ ᠭᠤᠭᠴᠤᠭ᠎ᠠ ᠳᠤ ᠠᠯᠳᠠᠯ ᠦᠭᠡᠢ ᠬᠢᠴᠢᠶᠡᠵᠣ ᠪᠠᠶᠢᠪᠠᠯ ᠭᠡᠤᠭᠡᠳ ᠴᠢᠨᠢ ᠠᠶᠠᠨᠳᠠᠭᠠᠨ ᠠᠴᠢᠯᠠᠯ ᠡᠯᠪᠡᠷᠢᠯ ᠲᠠᠢ ᠪᠣᠯᠵᠣ ᠬᠦᠮᠦᠵᠢᠭᠳᠡᠬᠦ ᠶᠣᠮ᠃ ᠡᠶᠢᠮᠦ ᠠᠴᠠ ᠠᠴᠢᠯᠠᠯ ᠡᠯᠪᠡᠷᠢᠯ ᠲᠠᠢ ᠬᠡᠤᠬᠡᠳ ᠢ ᠬᠦᠮᠦᠵᠢᠬᠦᠯᠬᠦ ᠳᠤ ᠠᠪᠤ ᠡᠵᠢ ᠪᠤᠯᠤᠬᠰᠠᠳ ᠦᠪᠡᠷ ᠤᠨ ᠪᠠᠶ᠎ᠠ ᠪᠠᠷ ᠭᠡᠪ ᠲᠠᠭᠤᠷᠢᠶᠠᠯ ᠪᠤᠯᠬᠤ ᠶᠢ ᠠᠩᠬᠠᠷᠬᠤ ᠭᠡᠷᠡᠭᠳᠡᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号