ᠬᠦᠨᠳᠦᠯᠡᠬᠦ ᠶᠤᠰᠤᠨ ᠳᠠᠬᠢ ᠴᠡᠭᠡᠷ
ᠨᠡᠶᠢᠲᠡᠯᠡᠭᠰᠡᠨ ᠴᠠᠭ᠄
2024/2/6
     ᠬᠦᠮᠦᠰ ᠤᠨ ᠬᠠᠷᠢᠯᠴᠠᠭᠠᠨ ᠤ ᠲᠤᠮᠳᠠ ᠴᠠᠬᠠᠷ ᠤᠷᠤᠨ ᠳᠤ ︽ᠲᠡᠪᠡᠯ ᠵᠠᠬ᠎ᠠ ᠲᠠᠢ᠂ ᠲᠡᠭᠡᠷ᠎ᠡ ᠠᠬ᠎ᠠ ᠲᠠᠢ︾ ᠬᠡᠵᠤ ᠠᠬᠠᠰ ᠵᠠᠬᠠᠰ ᠤᠨ ᠵᠠᠭᠠᠭ ᠢ ᠲᠤᠳᠤᠷᠬᠠᠢ ᠢᠯᠭᠠᠵᠤ᠂ ᠡᠬᠦᠨ ᠢ ᠠᠮᠢᠳᠤᠷᠠᠯ ᠤᠨ ᠲᠤᠮᠳᠠ ᠲᠤᠩ ᠡᠷᠬᠢᠮᠯᠡᠳᠡᠭ᠃ ᠠᠬᠠᠮᠠᠳ ᠨᠠᠰᠤᠳᠠᠨ ᠢ ᠬᠦᠨᠳᠤᠳᠭᠡᠭᠰᠡᠨ᠂ ᠪᠤᠰᠤᠳ ᠢ ᠬᠦᠨᠳᠦᠳᠭᠡᠭᠰᠡᠨ ᠦᠢᠯᠡ ᠬᠦᠳᠡᠯᠤᠯ᠂ ᠦᠭᠡ ᠶᠠᠷᠢᠶ᠎ᠠ ᠨᠢ ᠴᠦᠮ ᠲᠤᠳᠤᠷᠬᠠᠢ ᠢᠯᠭᠠᠪᠤᠷᠢᠳᠠᠢ ᠪᠠᠶᠢᠵᠤ᠂ ᠡᠨᠡᠬᠦ ᠰᠠᠶᠢᠨ ᠰᠠᠶᠢᠬᠠᠨ ᠵᠠᠩᠰᠢᠯ ᠤᠨ ᠬᠦᠴᠦᠨ ᠨᠢ ᠬᠦᠮᠦᠰ ᠢ ᠵᠠᠪᠠᠯ ᠡᠨᠡᠬᠦ ᠵᠢᠷᠤᠮ ᠢᠶᠠᠷ ᠱᠠᠭᠠᠷᠳᠠᠵᠤ᠂ ᠶᠤᠰᠤᠷᠬᠠᠭ ᠵᠠᠩ ᠠᠭᠠᠯᠢ ᠶᠢ ᠬᠡᠯᠪᠡᠷᠢᠵᠢᠬᠦᠯᠦᠨ ᠲᠤᠭᠳᠠᠭᠠᠵᠤ᠂ ᠲᠡᠬᠦᠨ ᠤ ᠡᠰᠡᠷᠬᠦ ᠲᠦᠪ ᠪᠤᠰᠤ ᠵᠠᠩ ᠪᠠᠷᠢᠯ ᠢ ᠬᠠᠵᠠᠭᠠᠢ ᠪᠤᠯᠬᠢ ᠪᠤᠯᠠᠢ ᠳᠤ ᠦᠵᠡᠳᠡᠭ᠃ ᠵᠢᠱᠢᠶᠡᠯᠡᠪᠡᠯ᠄ ᠬᠡᠳᠦᠨ ᠬᠦᠮᠦᠨ ᠰᠠᠭᠤᠯᠴᠠᠵᠤ ᠪᠠᠶᠢᠲᠠᠯ᠎ᠠ ᠭᠠᠳᠠᠨ᠎ᠡ ᠠᠴᠠ ᠨᠢᠭᠡᠨ ᠲᠤᠮᠤᠭᠠᠳᠠᠨ ᠤᠷᠤᠵᠤ ᠢᠷᠡᠪᠡᠯ᠂ ᠬᠡᠷ ᠲᠤ ᠪᠠᠶᠢᠭᠰᠠᠨ ᠬᠦᠮᠦᠰ ᠤᠨ ᠲᠤᠳᠤᠷᠠᠬᠢ ᠲᠡᠬᠦᠨ ᠠᠴᠠ ᠪᠠᠭ᠎ᠠ ᠨᠠᠰᠤᠨ ᠤ ᠬᠦᠮᠦᠰ ᠨᠢ ᠪᠦᠬᠦᠳᠡᠭᠡᠷ ᠪᠤᠰᠤᠨ ᠵᠤᠭᠰᠤᠵᠤ᠂ ᠤᠷᠤᠵᠤ ᠢᠷᠡᠬᠦ ᠨᠠᠰᠤᠳᠠᠨ ᠳᠤ ᠲᠡᠭᠡᠳᠦ ᠲᠠᠯ᠎ᠠ ᠶᠢᠨ ᠰᠠᠭᠤᠳᠠᠯ ᠲᠠᠯᠪᠢᠵᠤ ᠦᠭᠬᠦᠨ ᠰᠠᠭᠤᠯᠭᠠᠭᠰᠠᠨ ᠤ ᠰᠡᠬᠦᠯᠡᠷ ᠰᠠᠶ᠋ᠢ ᠰᠠᠭᠤᠵᠠᠭᠠᠳᠠᠭ ᠶᠤᠰᠤ ᠲᠠᠢ᠃ ᠡᠨᠡᠬᠦ ᠶᠤᠰᠤᠨ ᠢ ᠨᠡᠰᠤᠳᠠᠶᠢᠴᠤᠤᠯ ᠦᠭᠬᠦ ᠳᠡᠭᠡᠨ᠂ ᠨᠠᠰᠤᠳᠠᠢ ᠬᠦᠮᠦᠨ ᠳᠤ ᠪᠤᠰᠴᠤ ᠦᠭᠬᠦ ᠦᠭᠡᠢ ᠪᠤᠯ ᠪᠤᠶᠠᠨ ᠢᠶᠠᠨ ᠪᠠᠷᠠᠨ᠎ᠡ ᠬᠡᠵᠤ ᠴᠡᠭᠡᠷᠯᠡᠯ ᠪᠤᠯᠭᠠᠳᠠᠭ᠃ ᠦᠨᠡᠨ ᠳᠡᠭᠡᠨ ᠦᠷ᠎ᠡ ᠬᠡᠣᠭᠡᠳ ᠢᠶᠠᠨ ᠠᠬᠠᠮᠠᠳ ᠢ ᠬᠦᠨᠳᠦᠳᠭᠡᠬᠦ ᠪᠤᠯᠪᠠᠰᠤᠨ ᠬᠡᠪ ᠵᠠᠩᠰᠢᠯ ᠢᠶᠠᠷ ᠬᠦᠮᠦᠵᠢᠬᠦᠯᠬᠦ ᠵᠢᠷᠤᠮᠯᠠᠯ ᠪᠤᠯᠭᠠᠭᠰᠠᠨ ᠶᠠᠪᠤᠳᠠᠯ ᠪᠤᠯᠤᠨ᠎ᠡ᠃ ᠲᠡᠷᠡᠴᠢᠯᠠᠨ ᠰᠠᠭᠤᠵᠤ ᠪᠠᠶᠢᠭ᠎ᠠ ᠨᠠᠰᠤᠳᠠᠨ ᠲᠤᠮᠤᠭᠠᠳᠠᠨ ᠤ ᠡᠮᠦᠨᠡᠭᠦᠷ ᠠᠯᠬᠤᠵᠤ ᠭᠠᠷᠬᠤ ᠶᠢ ᠴᠡᠭᠡᠷᠯᠡᠨ᠎ᠡ᠃      ᠠᠬᠠᠮᠠᠳ ᠲᠤᠮᠤᠭᠠᠳᠠᠢ ᠬᠦᠮᠦᠨ ᠤ ᠨᠠᠷ᠎ᠡ ᠪᠠᠷ ᠨᠢ ᠲᠠᠭᠤᠳᠠᠬᠤ ᠶᠢ ᠴᠡᠭᠡᠷᠯᠡᠵᠤ᠂ ᠬᠦᠨᠳᠦᠳᠭᠡᠵᠤ ᠠᠬᠠᠴᠢᠯᠠᠭᠰᠠᠨ ᠨᠠᠷ᠎ᠠ ᠪᠠᠷ ᠲᠠᠭᠤᠳᠠᠨ᠎ᠡ᠃ ᠵᠠᠯᠠᠭᠤᠰ ᠪᠠᠭᠠᠴᠤᠳ ᠠᠬᠠᠮᠠᠳ ᠬᠦᠮᠦᠨ ᠲᠤᠮᠤᠭᠠᠳᠠᠨ ᠤ ᠲᠡᠷᠭᠡᠳᠠ ᠠᠷᠢᠬᠢ ᠲᠠᠮᠠᠬᠢ ᠲᠠᠳᠠᠬᠤ ᠶᠢ ᠴᠡᠭᠡᠷᠯᠡᠨ᠎ᠡ᠃ ᠨᠠᠰᠤᠳᠠᠶᠢᠴᠤᠤᠯ ᠲᠠᠢ ᠨᠢᠭᠡᠨ ᠠᠳᠠᠯᠢ ᠨᠡᠷᠡᠳᠠᠨ ᠢ ᠨᠡᠷ᠎ᠡ ᠪᠠᠷ ᠨᠢ ᠲᠠᠭᠤᠳᠠᠳᠠᠭ ᠦᠭᠡᠢ᠂ ᠵᠠᠪᠠᠯ ᠦᠭᠡᠷ᠎ᠡ ᠶᠠᠩᠵᠤ ᠶᠢᠨ ᠬᠦᠨᠳᠤᠳᠭᠡᠯ ᠨᠡᠷ᠎ᠡ ᠪᠠᠷ ᠲᠠᠭᠤᠳᠠᠳᠠᠭ᠃ ᠨᠠᠰᠤᠳᠠᠢ ᠬᠦᠮᠦᠨ ᠤ ᠲᠡᠷᠭᠡᠳᠠ ᠵᠠᠪᠢᠯᠠᠵᠤ ᠰᠠᠭᠤᠬᠤ ᠪᠤᠶᠤ ᠰᠦᠪᠡᠭᠡ ᠲᠤᠯᠵᠤ ᠵᠤᠭᠰᠤᠵᠤ ᠪᠤᠯᠬᠤ ᠦᠭᠡᠢ᠃ ᠬᠦᠮᠦᠨ ᠳᠤ ᠶᠠᠮᠠᠷᠪᠡ ᠶᠠᠭᠤᠮ᠎ᠠ ᠦᠭᠴᠤ ᠠᠪᠬᠤ ᠳᠠᠭᠠᠨ ᠵᠡᠬᠦᠨ ᠭᠠᠷ ᠢᠶᠠᠷ ᠢᠶᠠᠨ ᠦᠭᠴᠤ ᠠᠪᠬᠤ ᠶᠢ ᠴᠡᠭᠡᠷᠯᠡᠵᠤ᠂ ᠬᠤᠶᠠᠷ ᠭᠠᠷ ᠢᠶᠠᠷ ᠪᠤᠶᠤ ᠪᠠᠷᠠᠭᠤᠨ ᠭᠠᠷ ᠢᠶᠠᠷ ᠢᠶᠠᠨ ᠦᠭᠴᠤ ᠠᠪᠳᠠᠭ᠃ ᠬᠢᠳᠤᠭ᠎ᠠ ᠰᠢᠪᠦᠭᠡ ᠪᠠᠷᠢᠵᠤ ᠪᠠᠶᠢᠭ᠎ᠠ ᠭᠠᠷ ᠢᠶᠠᠷ ᠢᠶᠠᠨ ᠬᠦᠮᠦᠨ ᠳᠤ ᠶᠠᠭᠤᠮ᠎ᠠ ᠦᠭᠬᠦ ᠪᠤᠶᠤ ᠬᠦᠮᠦᠨ ᠠᠴᠠ ᠶᠠᠭᠤᠮ᠎ᠠ ᠲᠤᠰᠴᠤ ᠠᠪᠬᠤ ᠶᠢ ᠴᠡᠭᠡᠷᠯᠡᠨ᠎ᠡ᠃ ᠵᠤᠴᠢᠨ ᠰᠠᠭᠤᠵᠤ ᠪᠠᠶᠢᠬᠤ ᠳᠤ ᠭᠠᠵᠠᠷ ᠬᠦᠰᠡᠷ ᠢᠶᠠᠨ ᠱᠦᠬᠦᠷᠳᠡᠳᠡᠭ ᠦᠭᠡᠢ᠃ ᠵᠤᠴᠢᠨ ᠢᠶᠠᠨ ᠶᠠᠪᠤᠮᠠᠭᠴᠠ ᠠᠷᠤ ᠠᠴᠠ ᠨᠢ ᠦᠨᠡᠰᠦ ᠬᠤᠭ ᠬᠠᠶᠠᠬᠤ ᠦᠭᠡᠢ᠂ ᠬᠡᠷ ᠤᠨ ᠬᠢᠨᠢ ᠬᠦᠮᠦᠨ ᠭᠠᠳᠠᠭᠰᠢ ᠬᠤᠯᠠ ᠶᠠᠪᠤᠪᠠᠯ᠂ ᠶᠠᠪᠤᠮᠠᠭᠴᠠ ᠠᠷᠤ ᠠᠴᠠ ᠨᠢ ᠬᠡᠷ ᠢᠶᠠᠨ ᠱᠦᠬᠦᠷᠳᠡᠬᠦ ᠦᠭᠡᠢ᠃ ᠢᠷᠡᠵᠤ ᠶᠠᠪᠤᠭ᠎ᠠ ᠬᠦᠮᠦᠨ ᠤ ᠦᠭᠡᠳᠠ ᠠᠴᠠ ᠨᠢ ᠬᠤᠭ ᠨᠤᠪᠰᠢ ᠬᠠᠶᠠᠬᠤ ᠪᠤᠶᠤ ᠤᠰᠤ ᠰᠠᠴᠤᠬᠤ ᠦᠭᠡᠢ᠃      ᠲᠠᠰᠢᠭᠤᠷ ᠪᠠᠷᠢᠨ᠂ ᠴᠢᠳᠦᠷ ᠪᠦᠰᠡᠯᠡᠵᠤ᠂ ᠠᠶᠢᠯ ᠳᠤ ᠤᠷᠤᠬᠤ ᠪᠤᠶᠤ ᠬᠠᠨᠴᠤᠢ ᠰᠢᠮᠠᠯᠠᠵᠤ᠂ ᠬᠤᠷᠮᠤᠢ ᠰᠢᠭᠤᠭᠰᠠᠨ ᠬᠡᠪ ᠢᠶᠠᠷ ᠵᠶ᠋ᠠᠨ‌ᠠᠶᠢᠯ ᠳᠤ ᠤᠷᠤᠬᠤ᠂ ᠮᠠᠯᠠᠭᠠᠢ ᠪᠠᠨ ᠪᠥᠴᠢᠯᠡᠭᠰᠡᠨ ᠬᠡᠪ ᠢᠶᠠᠷ ᠢᠶᠠᠨ ᠪᠤᠶᠤ ᠬᠡᠳᠠ ᠬᠢᠳᠤᠭ᠎ᠠ ᠪᠠᠨ ᠪᠦᠰᠡᠨ ᠳᠡᠭᠡᠨ ᠰᠤᠶᠢᠷᠠᠭᠰᠠᠨ ᠬᠡᠪ ᠢᠶᠠᠷ ᠠᠶᠢᠯ ᠳᠤ ᠤᠷᠤᠬᠤ ᠵᠡᠷᠭᠡ ᠶᠢ ᠴᠡᠭᠡᠷᠯᠡᠨ᠎ᠡ᠃ ᠠᠶᠢᠯ ᠤᠨ ᠱᠣᠩ ᠲᠡᠭᠡᠷ᠎ᠡ ᠬᠦᠷᠦᠭᠡᠳ ᠮᠤᠷᠢᠨ ᠠᠴᠠ ᠪᠠᠨ ᠪᠠᠭᠤᠮᠠᠭᠴᠠ ᠰᠢᠬᠡᠬᠦ ᠶᠢ ᠴᠡᠭᠡᠷᠯᠡᠬᠦ ᠪᠦᠭᠡᠳ ᠠᠶᠢᠯ ᠤᠨ ᠬᠡᠷ ᠤᠨ ᠡᠭᠦᠳᠡ ᠪᠠᠷ ᠮᠤᠷᠢ ᠲᠠᠢ ᠬᠦᠨᠳᠡᠯᠡᠨ ᠲᠠᠪᠬᠢᠵᠤ ᠭᠠᠷᠬᠤ ᠶᠢ ᠴᠡᠭᠡᠷᠯᠡᠨ᠎ᠡ᠃ ᠠᠬᠠᠮᠠᠳ ᠲᠤᠮᠤᠭᠠᠳᠠᠨ ᠤ ᠲᠡᠷᠭᠡᠳᠠ ᠨᠦᠮᠦᠭᠡᠨ ᠰᠠᠭᠤᠬᠤ ᠪᠤᠶᠤ ᠡᠩᠭᠡᠷ ᠵᠠᠭᠠᠮ᠎ᠠ ᠶᠢᠨ ᠲᠤᠪᠴᠢ ᠪᠠᠨ ᠰᠤᠯᠠ ᠲᠠᠯᠪᠢᠨ ᠰᠠᠭᠤᠬᠤ ᠶᠢ ᠴᠡᠭᠡᠷᠯᠡᠨ᠎ᠡ᠃ ᠡᠩᠭᠡᠷ ᠵᠠᠳᠠᠭᠠᠢ᠂ ᠬᠠᠨᠴᠤᠢ ᠰᠢᠮᠠᠯᠠᠭᠰᠠᠨ ᠭᠡᠪ ᠢᠶᠠᠷ ᠠᠷᠢᠬᠢ ᠪᠠᠷᠢᠬᠤ ᠪᠤᠶᠤ ᠬᠦᠬᠦᠷ ᠲᠠᠮᠠᠬᠢ ᠰᠤᠯᠢᠬᠤ ᠶᠢ ᠴᠡᠭᠡᠷᠯᠡᠨ᠎ᠡ᠃ ᠨᠠᠰᠤᠳᠠᠶᠢᠴᠤᠳ ᠤᠨ ᠬᠠᠵᠠᠭᠤᠳᠠ ᠬᠡᠭᠡᠷᠡᠬᠦ ᠪᠤᠶᠤ ᠤᠤᠯᠭ᠎ᠠ ᠲᠤᠤᠯᠭ᠎ᠠ ᠠᠯᠳᠠᠬᠤ᠂ ᠶᠡᠭᠡ ᠦᠭᠡ ᠶᠠᠷᠢᠬᠤ ᠶᠢ ᠴᠡᠭᠡᠷᠯᠡᠨ᠎ᠡ᠃ ᠢᠷᠡᠭᠰᠡᠨ ᠬᠦᠮᠦᠨ ᠳᠤ ᠡᠮᠳᠡᠷᠭᠡᠢ ᠠᠶᠠᠭ᠎ᠠ ᠱᠠᠭᠠᠵᠠᠩ ᠳᠤ ᠴᠠᠢ ᠬᠤᠭᠤᠯᠠ ᠠᠶᠠᠭᠠᠯᠠᠬᠤ᠂ ᠦᠷᠦᠭᠡᠰᠦᠨ ᠰᠠᠪᠬ᠎ᠠ ᠲᠠᠯᠪᠢᠬᠤ᠂ ᠬᠢᠳᠤᠭᠠᠨ ᠤ ᠦᠵᠦᠬᠦᠷ ᠢ ᠬᠦᠮᠦᠨ ᠤ ᠦᠭᠡᠳᠠ ᠬᠠᠨᠳᠤᠭᠤᠯᠬᠤ᠂ ᠢᠷ ᠢ ᠨᠢ ᠲᠡᠭᠡᠭᠰᠢ ᠬᠠᠨᠳᠤᠭᠤᠯᠵᠤ ᠲᠠᠯᠪᠢᠬᠤ ᠶᠢ ᠴᠡᠭᠡᠷᠯᠡᠳᠡᠭ᠃ ᠲᠡᠪᠡᠯ᠂ ᠪᠦᠰᠡ᠂ ᠬᠤᠪᠴᠠᠰᠤᠨ ᠤ ᠵᠠᠭᠠᠮ᠎ᠠ᠂ ᠮᠠᠯᠠᠭᠠᠢ ᠲᠡᠭᠡᠬᠦᠷ ᠠᠯᠬᠤᠬᠤ ᠶᠢ ᠴᠡᠭᠡᠷᠯᠡᠳᠡᠭ᠃ ᠡᠳᠡᠭᠡᠷ ᠴᠡᠭᠡᠷ ᠬᠤᠷᠢᠭ᠎ᠠ ᠨᠢ ᠬᠦᠮᠦᠰ ᠢ ᠦᠢᠯᠡ ᠬᠦᠳᠡᠯᠪᠤᠷᠢ ᠲᠡᠭᠡᠷ᠎ᠡ ᠪᠠᠨ ᠬᠦᠩᠭᠡᠨ ᠲᠠᠷᠤᠤ᠂ ᠶᠤᠰᠤᠷᠬᠠᠭ ᠬᠢᠴᠢᠶᠠᠩᠬᠦᠢ ᠪᠠᠶᠢᠬᠤ ᠶᠢ ᠱᠠᠭᠠᠷᠳᠠᠬᠤ ᠪᠠᠷ ᠦᠯᠦ ᠪᠠᠷᠠᠨ ᠪᠤᠰᠤᠳ ᠢ ᠬᠦᠨᠳᠤᠳᠭᠡᠬᠦ ᠪᠤᠯᠪᠠᠰᠤᠨ ᠵᠠᠩ ᠠᠭᠠᠯᠢ ᠲᠠᠢ ᠪᠤᠯᠭᠠᠨ ᠬᠦᠮᠦᠵᠢᠬᠦᠯᠬᠦ ᠦᠢᠯᠡᠳᠦᠯ ᠲᠠᠢ ᠪᠠᠶᠢᠳᠠᠭ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号