ᠬᠦᠮᠦᠨ ᠤ ᠪᠡᠶ᠎ᠡ ᠶᠢᠨ ᠴᠢᠰᠦᠨ ᠤ ᠲᠤᠬᠠᠢ ︵ᠬᠤᠶᠡᠷ︶
ᠨᠡᠶᠢᠲᠡᠯᠡᠭᠰᠡᠨ ᠴᠠᠭ᠄
2024/3/18
     ᠴᠢᠰᠦ ᠶᠢ ᠦᠯᠢᠭᠡᠷᠯᠡᠨ ᠬᠡᠯᠡᠪᠡᠰᠦ ᠵᠢᠷᠦᠬᠡ ᠪᠤᠯ ᠭᠡᠷ ᠤᠨ ᠡᠵᠡᠨ ᠮᠡᠲᠦ᠂ ᠠᠮᠢ ᠨᠠᠰᠦ ᠪᠤᠯ ᠰᠡᠳᠬᠢᠯ ᠤᠨ ᠰᠢᠲᠦᠭᠡᠨ᠂ ᠰᠡᠳᠬᠢᠯ ᠤᠨ ᠰᠢᠲᠦᠭᠡᠨ ᠪᠤᠯ ᠨᠢᠰᠸᠠᠨᠢᠰ ᠤᠨ ᠲᠡᠶᠢᠨ ᠮᠡᠲᠡᠷᠡᠯ ᠮᠥᠨ᠃ ᠬᠦᠮᠦᠨ ᠤ ᠴᠢᠰᠦ ᠪᠤᠯ ᠲᠠᠷᠦᠢ ᠡᠲᠡᠭᠡᠷ ᠤᠷᠤᠨ ᠤ ᠰᠢᠲᠦᠭᠡᠨ ᠨᠢ ᠪᠤᠯᠬᠤ ᠶᠤᠮ᠃ ᠲᠡᠶᠢᠮᠦ ᠶᠢᠨ ᠲᠤᠯᠠ ᠴᠢᠰᠦ ᠶᠢ ᠨᠦᠬᠦᠬᠦ ᠨᠢ ᠲᠦᠢᠯ ᠤᠨ ᠴᠢᠬᠤᠯᠠᠲᠠᠢ ᠪᠢᠯᠡ᠃ ᠡᠨᠡ ᠨᠢ ᠠᠮᠢ ᠮᠡᠲᠦ ᠲᠤᠯᠠ ᠲᠦᠢᠯ ᠢᠶᠠᠷ ᠡᠷᠬᠢᠮᠨᠡᠬᠦ ᠬᠡᠷᠡᠭᠲᠠᠢ᠃ ᠲᠤᠩᠭᠠᠯᠠᠭ ᠪᠠ ᠴᠢᠰᠦ ᠬᠤᠶᠠᠷ ᠪᠤᠯ ᠵᠢᠷᠦᠬᠡᠨ ᠤ ᠨᠠᠮᠵᠢᠭᠤᠨ ᠰᠤᠲᠠᠯ ᠪᠠ ᠯᠤᠭᠰᠢᠭᠤᠨ ᠰᠤᠲᠠᠯ ᠬᠤᠶᠠᠷ ᠢᠶᠠᠷ ᠪᠦᠬᠦ ᠪᠡᠶ᠎ᠡ ᠳᠤ ᠲᠦᠭᠡᠬᠦ ᠶᠢᠨ ᠶᠠᠪᠦᠴᠠ ᠳᠠᠭᠠᠨ ᠡᠯᠢᠭᠡᠨ ᠤ ᠤᠷᠤᠨ ᠳᠤ ᠦᠩᠭᠡ ᠤᠷᠪᠠᠭᠤᠯᠤᠭᠴᠢ ᠰᠢᠷ᠎ᠠ ᠪᠠᠷ ᠲᠤᠩᠭᠠᠯᠠᠭ ᠤᠨ ᠦᠩᠭᠡ ᠶᠢ ᠤᠯᠠᠭᠠᠨ ᠪᠤᠯᠭᠠᠭᠰᠠᠨ ᠢᠶᠠᠷ ᠴᠢᠰᠦ ᠪᠠ ᠲᠤᠩᠭᠠᠯᠠᠭ ᠭᠡᠵᠤ ᠬᠤᠶᠠᠷ ᠬᠤᠪᠢᠶᠠᠨ ᠨᠡᠷᠡᠯᠡᠭᠰᠡᠨ ᠶᠤᠮ᠃ ᠲᠡᠭᠦᠨ ᠤ ᠲᠤᠰ ᠲᠤᠰ ᠤᠨ ᠬᠡᠮᠵᠢᠶ᠎ᠡ ᠶᠢ ᠠᠰᠲᠠᠭᠠᠨ ᠰᠠᠯᠭᠠᠵᠦ ᠦᠭᠦᠯᠡᠭᠰᠡᠨ ᠪᠦᠭᠡᠳ ᠨᠡᠩ ᠴᠦ ᠲᠤᠩᠭᠠᠯᠠᠭ᠂ ᠴᠢᠰᠦ ᠬᠤᠶᠠᠷ ᠤᠨ ᠴᠢᠨᠠᠷ ᠬᠢᠭᠡᠳ ᠦᠢᠯᠡᠲᠦᠯ ᠵᠡᠷᠭᠡ ᠨᠢ ᠬᠠᠷᠢᠯᠴᠠᠨ ᠠᠲᠠᠯᠢ ᠦᠭᠡᠢ ᠪᠠᠶᠢᠲᠠᠭ ᠢ ᠦᠨᠲᠦᠰᠦᠯᠡᠵᠦ ᠲᠤᠰ ᠲᠤᠰ ᠢᠶᠠᠷ ᠨᠢ ᠦᠭᠦᠯᠡᠬᠦ ᠪᠤᠯᠦᠨ᠎ᠠ᠃      ᠬᠦᠮᠦᠨ ᠲᠦᠷᠦᠯᠬᠢᠲᠡᠨ ᠤ ᠤᠷᠭᠠᠨᠢᠭ ᠪᠡᠶ᠎ᠡ ᠮᠠᠬᠠᠪᠤᠳ ᠤᠨ ᠴᠢᠰᠦ ᠬᠡᠲᠡᠭ ᠪᠤᠯ ᠬᠤᠥᠷᠠᠯᠠᠭᠲᠠᠭᠴᠢ ᠮᠠᠬᠠᠪᠤᠳ ᠪᠤᠯᠬᠤ ᠠᠴᠠ ᠪᠢᠰᠢ ᠬᠤᠥᠷᠠᠯᠠᠭᠴᠢ ᠮᠠᠬᠠᠪᠤᠳ ᠪᠤᠯᠵᠦ ᠪᠤᠯᠬᠤ ᠦᠭᠡᠢ ᠶᠤᠮ᠃ ᠤᠴᠢᠷ ᠨᠢ ᠲᠡᠷᠡ ᠪᠤᠯ ᠬᠦᠮᠦᠨ ᠤ ᠪᠡᠶ᠎ᠡ ᠶᠢᠨ ᠲᠠᠮᠢᠷ ᠪᠤᠯᠤᠭᠰᠠᠨ ᠠᠴᠠ ᠪᠤᠲᠠᠲᠠᠢ ᠬᠤᠥᠷᠠᠯᠠᠭᠴᠢ ᠪᠤᠯᠵᠦ ᠪᠤᠯᠬᠤ ᠦᠭᠡᠢ︔ ᠨᠡᠩ ᠢᠯᠠᠩᠭᠤᠶ᠎ᠠ ᠴᠢᠰᠦ ᠪᠤᠯ ᠬᠡᠢ᠂ ᠰᠢᠷ᠎ᠠ᠂ ᠪᠠᠳᠭᠠᠨ ᠤ ᠵᠠᠬᠢᠷᠦᠯ ᠲᠤᠥᠷ᠎ᠠ ᠪᠠᠶᠢᠭ᠎ᠠ ᠠᠴᠠ ᠪᠤᠯᠤᠭᠰᠠᠨ ᠶᠤᠮ᠃ ᠦᠭᠡᠷ᠎ᠡ  ᠪᠠᠷ ᠬᠡᠯᠡᠪᠡᠯ ᠦᠨᠲᠦᠰᠦᠨ ᠵᠢᠷᠭᠤᠭᠠᠨ ᠵᠦᠢᠯ ᠤᠨ ᠡᠪᠡᠳᠴᠢᠨ ᠤ ᠲᠤᠭᠠᠨ ᠳᠤ ᠤᠷᠤᠭᠤᠯᠵᠦ ᠶᠠᠭᠠᠬᠢᠭᠰᠠᠨ ᠴᠦ ᠪᠤᠯᠬᠤ ᠦᠭᠡᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号