ᠬᠤᠪᠣᠭᠰᠠᠶᠢᠷᠢ ᠤᠨ ᠲᠣᠷᠭᠤᠳᠴᠣᠳ ᠤᠨ ᠨᠣᠬᠠᠢ ᠰᠡᠳᠡᠷᠯᠡᠬᠦ ᠲᠣᠬᠠᠢ ᠲᠦᠬᠦᠮ ᠣᠶᠢᠯᠠᠭᠠᠯᠲᠠ
ᠨᠡᠶᠢᠲᠡᠯᠡᠭᠰᠡᠨ ᠴᠠᠭ᠄
2024/4/1
     ᠮᠣᠩᠭᠤᠯᠴᠣᠳ ᠡᠷᠳᠡ ᠲᠡᠭᠡᠳᠣ ᠦᠶ᠎ᠡ ᠠᠴᠠ ᠪᠠᠨ ᠰᠢᠳᠣᠯᠭᠡ ᠪᠢᠰᠢᠷᠠᠯ ᠤᠨ ᠦᠢᠯᠭᠠᠯᠳᠠ ᠠᠴᠠ ᠮᠠᠯ ᠢᠶᠠᠨ ᠰᠡᠳᠡᠷᠯᠡᠬᠦ ᠲᠠᠷᠬᠠᠯᠠᠬᠤ ᠵᠠᠩ ᠦᠢᠯᠠ ᠶᠢ ᠬᠦᠢᠴᠡᠳᠬᠡᠵᠣ ᠪᠠᠶᠢᠵᠠᠢ᠃ ᠡᠨᠡ ᠨᠢ ᠡᠷᠳᠡᠨ ᠤ ᠪᠠᠶᠢᠭᠠᠯᠢᠯᠢᠭ ᠰᠢᠳᠣᠯᠭᠡ ᠶᠢᠨ ᠨᠢᠭᠡ ᠬᠡᠯᠪᠠᠷᠢ ᠪᠣᠯᠣᠨ᠎ᠠ᠂ ᠰᠡᠳᠡᠷᠯᠡᠬᠦ ᠶᠢ ᠪᠠᠰᠠ ᠠᠷᠢᠭᠤ ᠲᠡᠳᠡᠬᠤ ᠣᠩᠭᠤᠯᠠᠬᠤ ᠮᠠᠳᠣ ᠪᠠᠷ ᠨᠡᠷᠡᠯᠡᠳᠡᠭ᠃ ᠰᠡᠳᠡᠷ ᠭᠡᠳᠡᠭ ᠪᠣᠯ ᠲᠦᠪᠡᠳ ᠭᠠᠷᠣᠯ ᠲᠠᠢ ᠽᠡᠳᠡᠷ ᠭᠡᠳᠡᠭ ᠦᠭᠡ᠂ ᠽᠡᠳᠡᠷᠯᠡᠬᠦ ᠭᠡᠳᠡᠭ ᠨᠢ ᠮᠠᠯ ᠤᠨ ᠠᠮᠢ ᠨᠠᠰᠣ ᠶᠢ ᠣᠷᠳᠣᠳᠬᠠᠵᠣ᠂ ᠦᠬᠦᠯ ᠠᠴᠠ ᠬᠡᠯᠳᠣᠷᠢᠬᠦᠯᠬᠦ ᠭᠡᠰᠡᠨ ᠣᠳᠬ᠎ᠠ ᠲᠠᠢ᠃      ᠮᠣᠩᠭᠤᠯᠴᠣᠳ ᠲᠠᠪᠣᠨ ᠶᠡᠰᠦᠨ ᠮᠠᠯ ᠰᠡᠳᠡᠷᠯᠡᠵᠣ ᠪᠠᠶᠢᠭ᠎ᠠ ᠪᠠᠨ ᠠᠮᠢᠳᠣ ᠮᠠᠯ ᠢᠶᠠᠨ ᠲᠡᠭᠷᠢ᠂ ᠣᠳᠣᠨ᠂ ᠭᠠᠯ᠂ ᠪᠣᠷᠬᠠᠨ᠂ ᠣᠪᠣᠭᠠᠨ ᠳᠤ ᠰᠡᠳᠡᠷᠯᠡᠨ ᠡᠷᠭᠦᠵᠣ ᠪᠠᠶᠢᠨ᠎ᠠ ᠬᠡᠵᠣ ᠦᠵᠡᠳᠡᠭ᠃ ᠢᠩᠭᠢᠵᠦ ᠭᠠᠯ ᠲᠠᠬᠢᠬᠤ᠂ ᠬᠡᠰᠢᠭ ᠪᠣᠶᠠᠨ ᠲᠠᠭᠤᠳᠠᠬᠤ᠂ ᠣᠪᠣᠭᠠᠨ ᠲᠠᠬᠢᠯᠭ᠎ᠠ ︵ᠵᠠᠷᠢᠮ ᠳᠤ ᠪᠠᠨ ᠡᠩ ᠤᠨ ᠦᠶ᠎ᠠ ᠳᠤ ᠴᠣ᠋ ᠮᠠᠯ ᠰᠡᠳᠡᠷᠯᠡᠬᠦ ᠦᠵᠡᠭᠳᠡᠯ ᠪᠣᠢ︶ ᠵᠡᠷᠭᠡ ᠶᠣᠰᠣᠯᠠᠯ ᠲᠡᠭᠡᠷ᠎ᠡ ᠰᠦᠷᠦᠭ ᠤᠨ ᠲᠣᠳᠣᠷᠠᠬᠢ ᠠᠯᠢ ᠲᠣᠮᠣ ᠪᠣᠵᠠᠭᠠᠢ ᠮᠠᠯ ᠢᠶᠠᠨ ᠰᠡᠳᠡᠷᠯᠡᠳᠡᠭ᠂ ᠮᠠᠯ ᠢᠶᠠᠨ ᠰᠡᠳᠡᠷᠯᠡᠵᠣ ᠪᠠᠶᠢᠭ᠎ᠠ ᠨᠢ ᠬᠡᠳᠣᠶᠢᠪᠡᠷ ᠰᠦᠰᠦᠭ ᠪᠢᠰᠢᠷᠠᠯ ᠤᠨ ᠰᠢᠨᠵᠢ ᠲᠠᠢ ᠪᠣᠯᠪᠠᠴᠣ᠂ ᠮᠠᠯᠴᠢᠳ ᠤᠨ ᠲᠠᠪᠣᠨ ᠬᠤᠰᠢᠭᠤᠨ ᠮᠠᠯ ᠢᠶᠠᠨ ᠬᠠᠶᠢᠷᠠᠯᠠᠨ ᠦᠰᠭᠡᠵᠣ᠂ ᠭᠠᠢ ᠭᠠᠮᠰᠢᠭ ᠠᠴᠠ ᠵᠠᠶᠢᠯᠠᠭᠤᠯᠵᠣ᠂ ᠦᠭᠡᠳᠡ ᠦᠩᠭᠡᠰᠢᠭ ᠪᠠᠶᠢᠬᠤ ᠶᠢ ᠬᠦᠰᠡᠭᠰᠡᠨ ᠰᠠᠨᠠᠭ᠎ᠠ ᠰᠡᠳᠬᠢᠯ ᠢ ᠢᠯᠡᠳᠭᠡᠳᠡᠭ ᠭᠡᠨ᠎ᠠ᠃ ᠡᠨᠡᠬᠦ ᠲᠠᠪᠣᠨ ᠬᠤᠰᠢᠭᠤ ᠮᠠᠯ ᠢᠶᠠᠨ ᠰᠡᠳᠡᠷᠯᠡᠬᠦ ᠦᠵᠡᠭᠳᠡᠯ ᠣᠳᠣ ᠴᠣ᠋ ᠬᠡᠰᠡᠨ ᠮᠠᠨ ᠤ ᠬᠤᠪᠣᠭᠰᠠᠶᠢᠷᠢ ᠤᠨ ᠲᠣᠷᠭᠤᠳᠴᠣᠳ ᠤᠨ ᠲᠣᠮᠳᠠ ᠨᠠᠶᠢᠳᠠᠮ ᠳᠤ ᠪᠠᠨ ᠣᠯᠠᠮᠵᠢᠯᠠᠭᠳᠠᠭᠰᠠᠭᠠᠷ ᠪᠦᠭᠡᠳ ᠨᠣᠬᠠᠢ ᠪᠠᠨ ᠰᠡᠳᠡᠷᠯᠡᠬᠦ ᠦᠵᠡᠭᠳᠡᠯ ᠴᠣ᠋ ᠣᠷᠣᠰᠢᠳᠠᠭ ᠪᠠᠶᠢᠨ᠎ᠠ᠄      ᠠᠷᠠᠳ ᠤᠨ ᠣᠷᠠᠯᠢᠭᠴᠢᠨ᠂ ᠢᠷᠣᠭᠡᠯᠴᠢ᠂ ᠣᠶᠠᠭᠠᠴᠢ ᠮᠣᠯᠣᠮ ᠨᠠᠰᠣᠳᠡᠨ ᠠᠴᠢ ᠬᠦᠣ ᠷᠠᠰᠢᠨ ᠤ ᠪᠣᠣᠸ᠎ᠠ ᠤᠨ ᠭᠡᠷ ᠲᠤ ᠪᠠᠶᠢᠭ᠎ᠠ ᠰᠡᠳᠡᠷ ᠨᠣᠬᠠᠢ ᠶᠢᠨ ᠲᠣᠬᠠᠢ ᠲᠠᠶᠢᠯᠪᠣᠷᠢᠯᠠᠬᠤ ᠳᠤ ᠪᠠᠨ᠄ ︽ᠨᠣᠬᠠᠢ ᠰᠡᠳᠡᠷᠯᠡᠳᠡᠭ ᠶᠣᠰᠣᠨ ᠣᠭ  ᠠᠴᠠ ᠪᠠᠨ ᠮᠠᠨ ᠤ ᠮᠣᠩᠭᠤᠯ ᠤᠨ ᠲᠡᠣᠬᠡᠨ ᠳᠤ ᠪᠠᠶᠢᠭᠰᠠᠨ ᠪᠢᠰᠢ ᠬᠡᠨ᠎ᠠ᠂ ᠬᠡᠪᠠᠴᠣ ᠮᠠᠨ ᠤ ᠪᠣᠭᠳᠠ ᠭᠡᠭᠡᠨ ᠳᠤ ᠰᠡᠳᠡᠷ ᠨᠣᠬᠠᠢ ᠪᠠᠶᠢᠭᠰᠠᠨ ᠬᠡᠨ᠎ᠡ᠂ ᠮᠣᠩᠭᠤᠯᠴᠣᠳ ᠤᠨ ᠰᠠᠷ᠎ᠠ ᠪᠣᠯᠭᠠᠨ ᠤ ᠬᠠᠭᠤᠴᠢᠨ ᠲᠤᠭ᠎ᠠ ᠶᠢᠨ12 ᠤ ᠡᠳᠣᠷ ᠪᠣᠯ ᠭᠡᠭᠡᠨ ᠤ ᠭᠤᠮᠪᠤ ᠭᠠᠳᠠᠨ ᠰᠠᠬᠢᠭᠤᠯᠰᠣᠨ ᠢ ᠲᠡᠬᠢᠬᠤ ᠡᠳᠣᠷ ᠭᠡᠨ᠎ᠠ᠂ ᠭᠡᠭᠡᠨ ᠤ ᠭᠤᠮᠪᠤ ᠭᠠᠳᠠᠨ ᠰᠠᠬᠢᠭᠤᠯᠰᠣᠨ  ᠳᠤ ᠨᠢᠩᠭᠠᠷ᠂ ᠲᠣᠩᠭᠠᠷ ᠭᠡᠳᠡᠭ ᠨᠡᠷ᠎ᠡ ᠲᠠᠢ ᠬᠤᠶᠠᠷ ᠰᠡᠳᠡᠷ ᠨᠣᠬᠠᠢ ᠪᠠᠶᠢᠭᠰᠠᠨ ᠭᠡᠨ᠎ᠠ᠂ ᠨᠢᠩᠭᠠᠷ ᠨᠢ ᠲᠣᠩᠭᠠᠷ ᠠᠴᠠ  ᠪᠠᠨ ᠨᠠᠰᠣ ᠪᠠᠷ ᠶᠡᠭᠡ ᠪᠠᠶᠢᠵᠠᠢ᠃ ᠦᠩᠭᠡᠷᠡᠭᠰᠡᠨ ᠳᠤ ᠨᠢᠩᠭᠠᠷ ᠲᠣᠩᠭᠠᠷ ᠨᠡᠷᠡᠳᠡᠢ ᠬᠤᠶᠠᠷ ᠨᠣᠬᠠᠢ ᠶᠢ ᠮᠠᠨ ᠤ ᠬᠤᠪᠣᠭᠰᠠᠶᠢᠷᠢ ᠰᠢᠶᠠᠨ ᠳᠤ ᠪᠠᠶᠢᠭ᠎ᠠ ᠣᠪᠣᠭᠠᠳᠣ ᠬᠦᠷᠢᠶ᠎ᠠ ᠳᠤ ᠺᠠᠷᠳᠢᠩ ᠲᠠᠨᠽᠠᠨ ᠬᠡᠳᠡᠭ ᠨᠠᠷ᠎ᠠ ᠲᠠᠢ ᠬᠦᠭᠰᠢᠨ ᠬᠡᠯᠣᠩ ᠲᠣᠰᠬᠠᠢ ᠠᠰᠠᠷᠠᠳᠠᠭ ᠪᠠᠶᠢᠵᠠᠢ᠃ ᠡᠨᠡ ᠬᠤᠶᠠᠷ ᠨᠣᠬᠠᠢ ᠮᠠᠰᠢ ᠲᠣᠮᠣ ᠪᠠᠶ᠎ᠠ ᠲᠠᠢ᠂ ᠰᠡᠭᠰᠡᠭᠡᠷ ᠨᠣᠣᠰᠣ ᠲᠠᠢ᠂ ᠦᠵᠡᠬᠦ ᠳᠤ ᠰᠦᠷᠳᠡᠢ ᠦᠵᠡᠭᠳᠡᠳᠡᠭ ᠪᠢᠯᠠ᠃ ᠡᠩ ᠤᠨ ᠴᠠᠭ ᠲᠤ ᠪᠦᠷ ᠣᠶᠠᠭᠠᠳᠠᠢ ᠪᠠᠶᠢᠳᠠᠭ ᠪᠦᠬᠡᠳ ᠣᠶᠠᠭᠠᠨ  ᠠᠴᠠ ᠪᠠᠨ ᠰᠤᠯᠠᠯᠠᠬᠤ ᠴᠠᠭ ᠲᠠᠭᠠᠨ ᠦᠢᠷ᠎ᠠ ᠬᠠᠪᠢ ᠶᠢᠨ ᠠᠶᠢᠯ ᠬᠦᠷᠰᠢ ᠳᠡᠭᠡᠨ ᠴᠢᠮᠡᠭᠡ ᠦᠭᠴᠣ ︽ᠨᠢᠩᠭᠠᠷ ᠲᠣᠩᠭᠠᠷ ᠬᠤᠶᠠᠷ ᠨᠣᠬᠠᠢ ᠪᠠᠨ ᠣᠶᠠᠭᠠᠨ ᠠᠴᠠ ᠪᠠᠨ ᠲᠠᠯᠪᠢᠨᠠᠮ︾ ᠬᠡᠮᠡᠨ ᠴᠢᠮᠡᠭᠡ ᠦᠭᠬᠦᠪᠠᠯ ᠬᠦᠮᠣᠰ ᠭᠡᠷ ᠠᠴᠠ  ᠪᠠᠨ ᠭᠠᠷᠳᠠᠭ ᠦᠭᠡᠢ ᠪᠢᠯᠠ ᠬᠡᠨ᠎ᠠ᠁︾ 2001 ᠣᠨ ᠳᠤ 9 ᠰᠠᠷ᠎ᠠ ᠳᠤ ᠪᠢ ᠲᠣᠰᠬᠠᠢ ᠠᠴᠢ ᠦᠷ᠎ᠡ᠂ ᠬᠤᠶᠢᠳᠣ ᠦᠶᠡᠰ ᠢᠶᠠᠨ ᠲᠠᠭᠠᠳᠬᠠᠬᠤ ᠪᠠᠷ ᠱᠠᠯᠢᠪᠠᠨ ᠭᠡᠭᠡᠨ ᠳᠤ ᠬᠦᠷᠴᠣ ᠲᠣᠯᠣᠭᠠᠢ ᠲᠠᠯᠪᠢᠵᠤ᠂ ᠮᠦᠷᠬᠦᠯ ᠬᠦᠷᠳᠡᠭᠡᠳ ᠮᠠᠨ ᠤ ᠲᠣᠬᠤᠮ ᠳᠤ ᠦᠶ᠎ᠡ ᠠᠴᠠ ᠪᠠᠨ ᠦᠶ᠎ᠡ ᠳᠤ ᠪᠠᠨ ᠲᠠᠪᠣᠨ ᠵᠢᠰᠣᠨ ᠮᠠᠯ ᠢᠶᠠᠨ ᠰᠡᠳᠡᠷᠯᠡᠳᠡᠭ ᠪᠠᠶᠢᠭᠰᠠᠨ ᠣᠴᠢᠷ ᠢᠶᠠᠨ ᠠᠶᠢᠯᠠᠳᠬᠠᠬᠤ ᠳᠤ ᠱᠠᠯᠢᠪᠠᠨ ᠭᠡᠭᠡᠨ ᠠᠴᠠ ᠠᠪᠣᠷᠠᠯ ᠪᠠᠭᠤᠯᠭᠠᠨ ︿ᠮᠢᠨᠣ ᠬᠤᠶᠠᠷ ᠰᠡᠳᠡᠷ ᠨᠣᠬᠠᠢ ᠨᠢᠩᠭᠠᠷ ᠢ ᠨᠢ ᠲᠠᠨ ᠤ ᠬᠢᠨᠢ ᠰᠠᠯᠭᠠᠭᠠᠳ ᠰᠡᠳᠡᠷᠯᠠ﹀ ᠬᠡᠮᠡᠨ ᠵᠠᠷᠯᠢᠭ ᠠᠶᠢᠯᠠᠳᠬᠠᠭᠰᠠᠨ ᠪᠢᠯᠠ᠂ ᠡᠶᠢᠮᠣ ᠠᠴᠠ ᠲᠣᠰ ᠨᠣᠬᠠᠢ ᠪᠣᠯ ᠭᠡᠭᠡᠨ ᠤ ᠰᠡᠳᠡᠷ ᠨᠣᠬᠠᠢ ᠬᠡᠵᠣ ᠲᠣᠳᠣᠷᠬᠠᠢ ᠶᠠᠷᠢᠯ᠎ᠠ᠃ ᠱᠠᠯᠢᠪᠠᠨ ᠭᠡᠭᠡᠨ ᠤ ᠨᠢᠩᠭᠠᠷ ᠨᠣᠬᠠᠢ ᠨᠢ ᠴᠠᠭᠠᠨ ᠦᠷᠣᠴᠠ ᠲᠠᠢ ᠬᠠᠷ᠎ᠠ ᠨᠣᠬᠠᠢ ᠪᠠᠶᠢᠭᠰᠠᠨ ᠣᠴᠢᠷ ᠠᠴᠠ ᠮᠠᠨ ᠤ ᠬᠢᠨᠢ ᠰᠡᠳᠡᠷ ᠨᠣᠬᠠᠢ ᠪᠠᠨ ᠪᠠᠰᠠ ᠴᠠᠭᠠᠨ ᠦᠷᠣᠴᠠ ᠲᠠᠢ ᠬᠠᠷ᠎ᠠ ᠨᠣᠬᠠᠢ ᠣᠯᠵᠣ ᠰᠡᠳᠡᠷᠯᠡᠳᠡᠭ᠃ ᠰᠡᠳᠡᠷ ᠨᠣᠬᠠᠢ ᠶᠢᠨ ᠢᠳᠡᠰᠢ ᠣᠣᠭᠤᠰᠢ ᠶᠢᠨ ᠲᠠᠯ᠎ᠠ ᠪᠠᠷ ᠴᠡᠪᠡᠷ ᠴᠡᠭᠡᠷ ᠢ ᠤᠨᠴᠠᠭᠠᠢ ᠠᠩᠬᠠᠷᠣᠨ ᠦᠪᠡᠷ ᠢᠶᠠᠨ ᠢᠳᠡᠵᠣ ᠪᠠᠶᠢᠭ᠎ᠠ ᠬᠤᠭᠤᠯᠠ ᠪᠣᠶᠣ ᠲᠣᠰᠬᠠᠢ ᠬᠤᠭᠤᠯᠠ ᠬᠡᠵᠣ ᠦᠭᠴᠣ ᠲᠡᠵᠢᠭᠡᠨ᠎ᠠ᠂ ᠰᠡᠳᠡᠷ ᠨᠣᠬᠠᠢ ᠶᠢ ᠮᠡᠳᠡᠳᠡᠭ ᠬᠦᠮᠣᠨ ᠲᠣᠷ᠎ᠠ ᠪᠠᠷ ᠢᠶᠠᠨ ᠭᠠᠷ ᠬᠦᠷᠴᠣ ᠴᠣᠬᠢᠬᠤ ᠦᠭᠡᠢ ᠪᠣᠶᠣ ᠬᠡᠷᠪᠡ ᠪᠣᠯᠭᠤᠮᠵᠢ ᠦᠭᠡᠢ ᠪᠠᠷ ᠴᠣᠬᠢᠵᠣ ᠰᠢᠷᠠᠭᠳᠠᠭᠤᠯᠪᠠᠯ ᠬᠤᠷᠮᠤᠰᠲᠠ ᠲᠡᠭᠷᠢ ᠬᠢᠯᠢᠩᠨᠡᠵᠦ᠂ ᠭᠠᠢ ᠪᠠᠷᠴᠢᠳ ᠳᠣᠬᠢᠶᠠᠯᠳᠤᠬᠤ ᠠᠶᠣᠯ ᠲᠠᠢ᠃      ᠨᠣᠬᠠᠢ ᠪᠠᠨ ᠰᠡᠳᠡᠷᠯᠡᠬᠦ ᠦᠶ᠎ᠡ ᠳᠤ᠄ ᠮᠦᠨ ᠴᠣ᠋ ᠲᠠᠪᠣᠨ ᠵᠢᠰᠣᠨ ᠮᠠᠯ ᠢᠶᠠᠨ ᠰᠡᠳᠡᠷᠯᠡᠬᠦ ᠲᠠᠢ ᠠᠳᠠᠯᠢᠬᠠᠨ ᠬᠡᠯᠣᠩ ᠬᠤᠸᠠᠷᠠᠭ ᠢᠷᠡᠵᠣ ᠨᠣᠮ ᠰᠣᠳᠣᠷ ᠣᠩᠰᠢᠵᠣ᠂ ᠰᠠᠩ ᠰᠦᠷ ᠲᠠᠯᠪᠢᠨ᠂ ᠰᠠᠳᠠᠷᠯᠠᠭᠰᠠᠨ ᠨᠣᠬᠠᠢ ᠶᠢᠨ ᠬᠦᠵᠣᠬᠦᠨ ᠳᠤ ᠲᠠᠪᠣᠨ ᠵᠦᠢᠯ ᠤᠨ ᠲᠣᠷᠭ᠎ᠠ ᠣᠶᠠᠵᠣ ᠵᠠᠯᠮ᠎ᠠ ᠠᠷᠮᠠᠶᠢᠯᠠᠨ᠎ᠠ︔ ᠁ ᠮᠠᠨᠠᠶᠢᠬᠢᠨ ᠡᠨᠡ ᠨᠣᠬᠠᠢ  ᠲᠠᠢ ᠪᠠᠨ ᠭᠤᠷᠪᠠᠨ ᠨᠣᠬᠠᠢ ᠰᠣᠯᠢᠵᠣ ᠢᠷᠡᠭᠰᠡᠨ ᠲᠡᠣᠭᠡ ᠲᠠᠢ ᠬᠡᠨ᠎ᠠ᠃ ᠨᠢᠭᠡᠳᠣᠭᠡᠷ ᠲᠤ ᠰᠡᠳᠡᠷᠯᠡᠭᠰᠡᠨ ᠨᠢ᠄ ᠦᠪᠡᠷ ᠢᠶᠠᠨ ᠨᠢᠭᠡ ᠣᠷᠣᠢ ᠦᠭᠡᠢ ᠪᠣᠯᠣᠨ ᠶᠠᠪᠣᠴᠢᠬᠠᠭᠰᠠᠨ ︵ᠰᠠᠶᠢᠨ ᠨᠣᠬᠠᠢ ᠬᠦᠭᠰᠢᠷᠠᠪᠠᠯ ᠡᠵᠡᠨ ᠳᠡᠭᠡᠨ ᠦᠵᠡᠭᠳᠡᠬᠦ ᠦᠭᠡᠢ ᠭᠡᠳᠡᠭ ᠪᠢᠯᠠ︶᠃ ᠬᠤᠶᠠᠳᠣᠭᠠᠷ ᠲᠤ ᠰᠡᠳᠡᠷᠯᠡᠭᠰᠡᠨ ᠨᠢ᠄ ᠪᠣᠯᠭᠤᠮᠵᠢ ᠦᠭᠡᠢ ᠪᠠᠷ ᠬᠦᠮᠣᠨ ᠴᠣᠬᠢᠵᠣ ᠰᠢᠷᠬᠠᠳᠣᠭᠤᠯᠣᠭᠠᠳ ᠬᠡᠨᠡᠳᠳᠡ ᠪᠠᠷ ᠦᠬᠦᠭᠰᠡᠨ ᠳᠤ ᠪᠢᠳᠡᠨ ᠪᠠᠶᠠᠨ ᠵᠢᠷᠣᠭᠡᠨ ᠤ ᠣᠷᠣᠢ ᠲᠡᠭᠡᠷ᠎ᠡ ᠠᠪᠴᠣ ᠣᠴᠢᠭᠠᠳ ᠨᠦᠭᠡ ᠮᠠᠯᠳᠠᠭᠠᠳ ᠰᠡᠭᠦᠯ ᠢ ᠨᠢ ᠲᠠᠭᠠᠷᠢᠵᠣ ᠲᠡᠷᠯᠡᠬᠦᠯᠦᠭᠡᠳ᠂ ᠠᠮᠠᠨ ᠳᠤ ᠨᠢ ᠴᠠᠭᠠᠨ ᠬᠤᠨᠢ ᠰᠡᠭᠦᠯ ᠤᠨ ᠦᠭᠡᠬᠦ ᠡᠮᠬᠦᠭᠦᠯᠦᠨ᠂ ᠲᠣᠯᠣᠭᠠᠢ ᠶᠢ ᠨᠢ ᠪᠠᠷᠠᠭᠤᠨ ᠬᠤᠶᠢᠰᠢ ᠬᠠᠨᠳᠣᠭᠤᠯᠣᠨ ᠣᠷᠣᠰᠢᠭᠤᠯᠣᠭᠰᠠᠨ ᠪᠢᠯᠠ᠃ᠭᠤᠷᠪᠠᠳᠣᠭᠠᠷ ᠨᠢ᠄ ᠲᠡᠷᠣᠢ ᠡᠨᠡ ᠪᠠᠶᠢᠭᠰᠠᠨ ᠨᠣᠬᠠᠢ ᠡᠨᠡ ᠪᠢᠯᠠ ᠬᠡᠵᠣ ᠨᠢᠭᠡ ᠨᠢᠭᠡᠳ ᠢᠶᠠᠷ ᠲᠣᠳᠣᠷᠬᠠᠢ ᠲᠠᠶᠢᠯᠪᠣᠷᠢᠯᠠᠨ ᠬᠡᠯᠡᠵᠣ ᠵᠠᠯᠭᠠᠭᠠᠳ᠄ ᠮᠠᠨ ᠤ ᠮᠣᠩᠭᠤᠯ ᠬᠦᠮᠣᠨ ᠠᠯᠢ ᠡᠷᠳᠡᠨ ᠠᠴᠠ ᠠᠪᠣᠭᠠᠳ ᠨᠣᠬᠠᠢ ᠪᠠᠨ ︿ᠬᠦᠭᠡ ᠲᠡᠭᠷᠢ ᠠᠴᠠ ᠬᠦᠮᠣᠨ ᠤ ᠶᠢᠷᠲᠢᠨᠴᠦ ᠳᠤ ᠲᠠᠮᠣᠯᠠᠭᠰᠠᠨ ᠡᠯᠴᠢ﹀᠂ ︿ᠡᠪᠦᠭᠡ ᠲᠡᠭᠡᠳᠣᠰ ᠤᠨ ᠰᠦᠨᠡᠰᠣᠨ﹀᠂ ᠬᠡᠮᠡᠨ ᠦᠵᠡᠵᠣ ︿ᠦᠭᠡᠶᠢᠳᠠᠢ ᠬᠦᠮᠣᠨ ᠢ ᠪᠠᠶᠠᠵᠢᠭᠤᠯᠳᠠᠭ᠂ ᠦᠷᠡᠨ ᠦᠭᠡᠢ ᠬᠦᠮᠣᠨ ᠢ ᠦᠷ᠎ᠡ ᠬᠡᠣᠬᠡᠳ ᠲᠠᠢ ᠪᠣᠯᠭᠠᠳᠠᠭ ᠬᠡᠰᠢᠭ ᠰᠣᠶᠣᠷᠬᠠᠭᠴᠢ ᠷᠢᠳᠢ ᠰᠢᠳᠢᠳᠣ ᠠᠮᠢᠳᠡᠨ ᠬᠡᠵᠣ ᠲᠠᠬᠢᠭᠰᠠᠭᠠᠷ ᠢᠷᠡᠭᠰᠡᠨ ᠣᠴᠢᠷ ᠲᠠᠢ﹀ ᠁ ᠬᠡᠵᠣ ᠶᠠᠷᠢᠵᠤ ᠪᠠᠶᠢᠯ᠎ᠠ᠃      ᠨᠣᠬᠠᠢ ᠪᠣᠯ ᠵᠥᠪᠬᠡᠨ ᠬᠡᠷ ᠤᠨ ᠲᠡᠵᠢᠭᠡᠪᠣᠷᠢ ᠠᠮᠢᠳᠡᠨ ᠪᠢᠰᠢ᠂ ᠴᠣᠬᠤᠮ ᠮᠣᠩᠭᠤᠯ ᠬᠦᠮᠣᠨ ᠤ ᠠᠮᠢᠳᠣᠷᠠᠯ ᠤᠨ ᠰᠠᠶᠢᠨ ᠬᠠᠨᠢ᠂ ᠠᠵᠢᠯ ᠦᠢᠯᠡᠰ ᠤᠨ ᠬᠢᠨᠢ ᠲᠦᠰᠢᠭ᠂ ᠠᠵᠠ ᠵᠢᠷᠭᠠᠯ ᠦᠷᠣᠰᠢᠶᠠᠭᠴᠢ ᠬᠠᠮᠤᠭ ᠤᠨ ᠲᠣᠳᠣᠨᠣ ᠢᠳᠡᠭᠡᠯ  ᠲᠠᠢ ᠨᠦᠬᠦᠷ᠂ ᠬᠤᠳᠠ ᠲᠠᠢ ᠬᠤᠨᠢᠨ ᠤ ᠬᠢᠨᠢ ᠰᠠᠬᠢᠭᠤᠯ᠂ ᠲᠣᠮᠳᠠᠢ ᠲᠡᠮᠡᠭᠡᠨ ᠤ ᠬᠢᠨᠢ ᠳᠠᠭᠠᠭᠤᠯ ᠨᠢ ᠪᠣᠯᠵᠣ ᠠᠮᠢᠳᠣᠷᠠᠨ ᠣᠷᠣᠰᠢᠭᠰᠠᠭᠠᠷ ᠢᠷᠡᠭᠰᠡᠨ ᠣᠴᠢᠷ ᠮᠣᠩᠭᠤᠯ ᠬᠦᠮᠣᠨ ᠤ ᠨᠣᠬᠠᠢ ᠳᠤ ᠪᠠᠨ ᠬᠠᠶᠢᠷᠠᠳᠠᠢ ᠲᠡᠭᠦᠨᠴᠢᠯᠠᠨ ᠬᠤᠪᠣᠭᠰᠠᠶᠢᠷᠢ ᠶᠢᠨ ᠲᠣᠷᠭᠤᠳᠴᠣᠳ ᠤᠨ ᠨᠣᠬᠠᠢ ᠪᠠᠨ ᠰᠡᠳᠡᠷᠯᠡᠳᠡᠭ ᠶᠣᠰᠣᠨ ᠤ ᠬᠦᠨ ᠬᠦᠨᠵᠡᠭᠡᠢ ᠣᠳᠬ᠎ᠠ ᠠᠭᠤᠯᠭ᠎ᠠ ᠲᠠᠢ ᠶᠣᠮ ᠪᠠᠶᠢᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号