ᠭᠤᠷᠪᠡᠨ ᠵᠠᠭᠤᠨ ᠵᠢᠯ ᠤᠨ ᠮᠣᠩᠭᠤᠯ ᠡᠮᠨᠡᠯᠭᠡ ᠶᠢᠨ ᠲᠡᠭᠡᠲᠣ ᠵᠡᠷᠭᠡ ᠶᠢᠨ ᠭᠥᠷᠢᠶᠡᠯᠡᠩ — ᠮᠠᠨᠪᠡ ᠷᠠᠰᠡᠩ | ᠰᠥᠮ᠎ᠠ᠃ ᠥᠪᠤᠷ ᠮᠣᠩᠭᠤᠯ ᠤᠨ ᠥᠬᠠᠢ ᠬᠤᠲᠠ ᠶᠢᠨ ᠬᠠᠶᠢᠨᠠᠨ ᠲᠣᠭᠤᠷᠢᠭ ᠶᠢᠨ ᠲᠠᠤᠬᠠᠢ ᠠᠭᠤᠯᠡᠨ ᠲᠡᠭᠡᠷ᠎ᠡ | ᠪᠠᠶᠢᠷᠢᠯᠠᠵᠤ᠂ ᠬᠥᠮᠣᠰ ᠤᠨ ᠰᠠᠶᠢᠨ ᠮᠠᠲᠡᠲᠠᠭ ᠰᠥᠮ᠎ᠠ ᠬᠡᠶᠢᠳ᠃ ᠮᠠᠠᠪᠡ ᠷᠠᠰᠡᠩ ᠨᠢ ᠲᠥᠪᠡᠳ ᠥᠭᠡ ᠪᠤᠯᠤᠨ᠎ᠠ᠂ | ︽ᠡᠮ ᠡᠮᠨᠡᠯᠭᠡ ᠶᠢᠨ ᠨᠣᠮ ᠰᠣᠲᠣᠷ ᠤᠨ ᠭᠥᠷᠢᠶᠡᠯᠡᠩ︾ ᠭᠡᠰᠡᠨ ᠣᠳᠬ᠎ᠠ ᠲᠠᠢ᠂ ᠨᠢᠭᠡᠨ ᠡᠮ ᠡᠮᠨᠠᠯᠭᠡ᠂ ᠨᠣᠮ ᠰᠣᠲᠣᠷ | ᠢ ᠬᠤᠤᠰᠯᠠᠨ ᠰᠤᠷᠤᠯᠴᠠᠬᠤ ᠲᠦᠪᠡᠳ ᠮᠣᠩᠭᠤᠯ ᠡᠮᠨᠡᠯᠭᠡ ᠶᠢᠨ ᠲᠡᠭᠡᠲᠣ ᠵᠡᠷᠭᠡ ᠶᠢᠨ ᠭᠥᠷᠢᠶᠡᠯᠡᠩ ᠪᠤᠯᠤᠨ᠎ᠠ᠃ ᠲᠣᠰ | ᠰᠥᠮ᠎ᠠ ᠶᠢ ᠲᠡᠭᠷᠢ ᠲᠡᠳᠭᠦᠭᠴᠢ ᠶᠢᠨ 43 ᠣᠨ ︵1778 ᠣᠨ︶ ᠳᠤ ᠪᠠᠶᠢᠭᠤᠯᠵᠦ᠂ ᠲᠡᠭᠦᠨ ᠤ ᠣᠷᠢᠲᠣ ᠪᠡᠶ᠎ᠡ ᠨᠢ | 1652 ᠣᠨ ᠤ ᠥᠶ᠎ᠡ ᠳᠤ ᠥᠪᠣᠷ ᠮᠣᠩᠭᠤᠯ ᠤᠨ ᠣᠷᠲᠣᠰ ᠨᠣᠲᠤᠭ ᠤᠨ ᠦᠯᠵᠡᠶᠢᠲᠦ ᠰᠢᠷ᠎ᠠ ᠵᠣᠥ ︵ᠣᠲᠣ ᠶᠢᠨ | ᠣᠲᠤᠭ ᠵᠣᠥ︶ ᠤ ᠲᠠᠪᠥᠨ ᠤᠬᠠᠭᠠᠨ ᠤ ᠨᠤᠮ ᠰᠤᠳᠤᠷ ᠤᠨ ᠬᠦᠷᠢᠶᠡᠯᠡᠩ ᠤᠨ ᠨᠢᠭᠡ ᠪᠤᠯᠬᠤ ᠡᠮ ᠡᠮᠨᠡᠯᠭᠡ ᠶᠢᠨ ᠨᠤᠮ | ᠰᠤᠳᠤᠷ ᠤᠨ ᠬᠦᠷᠢᠶᠡᠯᠡᠩ ᠪᠤᠯᠤᠨ᠎ᠠ᠂ ᠡᠲᠣᠭᠡ ᠪᠣᠯᠲᠠᠯᠡ ᠨᠢᠭᠡᠨᠲᠠ ᠬᠤᠶᠠᠷ ᠵᠠᠭᠤ ᠢᠯᠡᠭᠦᠦ ᠵᠢᠯ ᠤᠨ ᠲᠡᠣᠬᠡ ᠲᠠᠢ | ᠪᠤᠯᠵᠠᠢ᠃ | ᠴᠢᠩ ᠣᠯᠣᠰ ᠤᠨ ᠡᠩᠭᠡ ᠠᠮᠣᠭᠤᠯᠠᠩ᠂ ᠲᠡᠭᠷᠢ ᠲᠡᠳᠭᠦᠭᠴᠢ ᠶᠢᠨ ᠥᠶ᠎ᠡ ᠪᠣᠯ᠂ ᠲᠥᠪᠡᠳ ᠠᠴᠠ | ᠣᠯᠠᠮᠵᠢᠯᠠᠬᠳᠠᠬᠰᠠᠨ ᠪᠣᠳ᠋ᠳ᠋ᠾᠨ ᠶᠢᠨ ᠱᠠᠰᠢᠨ ᠥᠪᠣᠷ ᠮᠣᠩᠭᠤᠯ ᠣᠷᠣᠨ ᠳᠤ ᠬᠠᠮᠤᠭ ᠤᠨ ᠴᠡᠴᠡᠭᠯᠡᠨ ᠬᠦᠭᠵᠢᠭᠰᠡᠨ | ᠴᠠᠭ ᠥᠶ᠎ᠡ ᠪᠤᠯᠤᠨ᠎ᠠ᠂ ᠡᠯ᠎ᠡ ᠭᠠᠵᠠᠷ ᠳᠤ ᠰᠥᠮ᠎ᠠ ᠭᠡᠶᠢᠳ ᠰᠡᠭᠦᠶᠢᠨ ᠰᠦᠨᠳᠡᠷᠯᠡᠵᠡᠢ᠃ ᠲᠡᠣᠭᠡᠨ ᠲᠠᠮᠲᠡᠭᠯᠡᠯ ᠢ | ᠥᠡᠲᠣᠰᠣᠯᠡᠪᠡᠯ᠄ ᠮᠠᠡᠪᠡ ᠷᠠᠰᠡᠩ ᠰᠥᠮ᠎ᠡ ᠭᠥᠭᠵᠢᠨ ᠪᠠᠲᠠᠷᠠᠵᠣ ᠪᠠᠶᠢᠭᠰᠡᠨ ᠴᠠᠭ ᠥᠶ᠎ᠡ ᠳᠡᠭᠡᠨ ᠲᠣᠭᠠᠩ ᠰᠣᠪᠥᠷᠭᠠ | 10 ᠬᠡᠳᠦᠨ ᠰᠠᠭᠤᠷᠢ᠂ ᠰᠥᠮ᠎ᠡ ᠶᠢᠨ ᠰᠡᠩ ᠬᠥᠮᠣᠷᠭᠡ ᠪᠣᠯᠣᠨ ᠯᠠᠮᠠ ᠬᠤᠸᠠᠷᠠᠭ ᠤᠨ ᠣᠷᠣᠨ ᠰᠠᠭᠤᠴᠠ 170 | ᠢᠯᠡᠭᠦᠣ ᠲᠠᠰᠣᠯᠭ᠎ᠠ᠂ ᠡᠵᠡᠯᠡᠵᠣ ᠪᠠᠶᠢᠭ᠎ᠠ ᠲᠠᠯᠠᠪᠡᠢ ᠨᠢ 1 ᠲᠦᠮᠡ ᠢᠯᠡᠭᠦᠥ ᠺᠥᠸᠡᠳ᠋ ᠮᠧᠲᠷ᠂ ᠪᠤᠭ ᠪᠤᠲᠠ ᠮᠠᠯ | ᠬᠡᠳᠦᠨ ᠵᠠᠭᠤᠨ ᠲᠣᠯᠣᠭᠠᠢ ᠪᠠᠶᠢᠵᠠᠢ᠂ ᠰᠥᠮ᠎ᠠ ᠶᠢᠨ ᠲᠣᠳᠣᠷᠠᠬᠢ ᠡᠯ᠎ᠡ ᠵᠣᠶᠢᠯ ᠤᠨ ᠱᠤᠭᠤᠮᠠᠯ᠂ ᠨᠠᠷᠢᠯᠢᠭ ᠰᠠᠶᠢᠬᠠᠨ | ᠬᠠᠨ᠎ᠠ ᠶᠢᠨ ᠵᠢᠷᠤᠭ᠂ ᠲᠠᠩᠭᠠᠷᠢᠭ ᠤᠨ ᠡᠳ᠋ ᠪᠥᠷᠢᠨ ᠪᠠᠶᠢᠵᠦ᠂ ᠪᠠᠶᠢᠷᠢᠯᠠᠭᠤᠯᠤᠯᠲᠠ ᠨᠢ ᠮᠠᠰᠢ ᠰᠥᠷᠯᠢᠭ ᠰᠠᠶᠢᠬᠠᠨ᠂ | ᠨᠣᠮ ᠰᠣᠳᠣᠷ ᠡᠮ ᠡᠮᠨᠡᠯᠭᠡ ᠶᠢᠨ ᠨᠣᠮ ᠪᠢᠴᠢᠭ ᠬᠡᠳᠣᠨ ᠮᠢᠩᠭᠠᠨ ᠪᠣᠲᠠᠢ ᠪᠠᠶᠢᠵᠤ᠂ 300 ᠰᠢᠬᠠᠮ ᠯᠠᠮᠠ ᠬᠤᠸᠠᠷᠠᠭ | ᠠᠳᠠ ᠨᠤᠮ ᠤᠩᠰᠢᠵᠦ ᠠᠨᠠᠭᠠᠬᠤ ᠣᠬᠠᠭᠠᠨ ᠰᠣᠷᠴᠤ᠂ ᠮᠦᠷᠬᠦᠯᠴᠢᠨ ᠰᠦᠰᠦᠭᠲᠡᠨ ᠪᠠ ᠡᠪᠡᠳᠴᠢᠨ ᠦᠵᠡᠭᠦᠯᠬᠦ | ᠬᠦᠮᠦᠰ ᠨᠡᠩ ᠴᠦ ᠲᠠᠰᠤᠷᠠᠯᠲᠠ ᠦᠭᠡᠢ ᠴᠤᠪᠤᠷᠠᠵᠦ ᠪᠠᠶᠢᠵᠠᠢ᠃ | ᠲᠡᠷᠡ ᠦᠶ᠎ᠡ ᠳᠤ᠂ ᠮᠠᠨᠪᠠ ᠷᠠᠰᠠᠩ ᠰᠦᠮ᠎ᠡ ᠶᠢᠨ ᠱᠠᠪᠢᠨᠠᠷ ᠰᠦᠮ᠎ᠡ ᠳᠤ ᠢᠷᠡᠭᠰᠡᠨ ᠤ ᠬᠤᠶᠢᠨ᠎ᠠ ᠣᠷᠢᠳᠠᠪᠡᠷ | ᠱᠠᠰᠢᠨ ᠨᠤᠮ ᠰᠤᠷᠤᠯᠴᠠᠵᠦ᠂ ᠳᠠᠷᠠᠭ᠎ᠠ ᠨᠢ ᠠᠨᠠᠭᠠᠬᠤ ᠣᠬᠠᠭᠠᠨ ᠰᠣᠷᠣᠯᠴᠠᠵᠦ᠂ ᠨᠤᠮ ᠰᠣᠳᠣᠷ ᠠᠨᠠᠭᠠᠬᠤ ᠣᠬᠠᠭᠠᠨ ᠢ | ᠵᠡᠷᠭᠡ ᠪᠠᠷ ᠰᠣᠳᠣᠯᠣᠨ ᠰᠣᠷᠣᠯᠴᠠᠳᠠᠭ ᠪᠠᠶᠢᠵᠠᠢ᠃ ᠯᠠᠮᠠ ᠨᠠᠷ ᠶᠢᠨ ᠰᠣᠷᠳᠠᠭ ᠰᠣᠳᠣᠷ ᠨᠢ ᠢᠵᠠᠭᠤᠷ ᠦᠨᠳᠦᠰᠦ᠂ | ᠨᠤᠮᠯᠠᠯ ᠦᠨᠳᠦᠰᠦ᠂ ᠣᠪᠢᠳᠠᠰ ᠦᠨᠳᠦᠰᠦ᠂ ᠬᠤᠶᠢᠲᠤ ᠦᠨᠳᠦᠰᠦ ᠭᠡᠭᠦ ︽ᠠᠨᠠᠭᠠᠬᠤ ᠣᠬᠠᠭᠠᠨ ᠤ ᠳᠦᠷᠪᠡᠨ | ᠦᠨᠳᠦᠰᠦ︾ ᠢ ᠰᠣᠷᠴᠣ ᠰᠣᠳᠣᠯᠬᠤ ᠪᠠ ᠪᠤᠳᠠᠲᠠᠢ ᠡᠮᠴᠢᠯᠡᠭᠡᠨ ᠤ ᠦᠢᠯᠡᠳᠦᠯᠭᠡ ᠶᠢ ᠬᠤᠷᠠᠮᠳᠤᠭᠤᠯᠤᠨ ᠮᠡᠷᠭᠡᠰᠢᠭᠰᠡᠨ | ᠤ ᠳᠠᠷᠠᠭ᠎ᠠ ᠲᠤᠰ ᠰᠦᠮ᠎ᠡ ᠶᠢᠨ ᠰᠢᠯᠭᠠᠯᠲᠠ ᠶᠢ ᠳᠠᠪᠠᠨ ᠡᠴᠦᠰ ᠲᠤ ︽ᠮᠠᠷᠠᠨᠪᠠ︾ ᠴᠤᠯᠠ ᠬᠠᠮᠠᠭᠠᠯᠠᠳᠠᠭ ᠪᠠᠶᠢᠪᠠ᠃ | ︽ᠮᠠᠷᠠᠨᠪᠠ︾ ᠴᠤᠯᠠ ᠨᠢ ᠡᠮ ᠡᠮᠨᠡᠯᠭᠡ ᠰᠣᠷᠣᠯᠴᠠᠵᠦ ᠪᠦᠬᠦᠢ ᠡᠮᠴᠢ ᠯᠠᠮᠠ ᠶᠢᠨ ᠬᠠᠮᠤᠭ ᠤᠨ ᠳᠡᠭᠡᠳᠦ ᠵᠡᠷᠭᠡ ᠶᠢᠨ | ᠡᠷᠳᠡᠮ ᠤᠨ ᠴᠣᠯᠠ ᠪᠦᠭᠡᠳ ᠡᠮᠨᠡᠯᠭᠡ ᠶᠢᠨ ᠣᠬᠠᠭᠠᠨ ᠤ ᠨᠡᠪᠲᠡᠷᠬᠡᠢ ᠮᠡᠷᠭᠡᠰᠢᠭᠰᠡᠨ ᠢ ᠭᠡᠷᠡᠴᠢᠯᠡᠬᠦ ᠴᠣᠯᠠ ᠪᠤᠯᠤᠨ᠎ᠠ | ︵ᠣᠳᠣ ᠶᠢᠨ ᠠᠨᠠᠭᠠᠬᠤ ᠣᠬᠠᠭᠠᠨ ᠤ ᠳ᠋ᠣᠺᠲ᠋ᠣᠷ ᠴᠣᠯᠠ ᠲᠠᠢ ᠠᠳᠠᠯᠢᠪᠲᠤᠷ︶᠃ ᠮᠠᠨᠪᠠ ᠷᠠᠰᠠᠩ ᠰᠦᠮ᠎ᠡ ᠨᠢ ᠣᠣᠯ | ᠳᠠᠭᠠᠨ ᠮᠠᠰᠢ ᠣᠯᠠᠨ ᠡᠷᠳᠡᠮ ᠮᠡᠳᠡᠯᠭᠡ ᠲᠠᠢ ᠠᠨᠠᠭᠠᠬᠤ ᠣᠬᠠᠭᠠᠨ ᠪᠤᠯᠤᠨ ᠱᠠᠰᠢᠨ ᠰᠣᠷᠲᠠᠬᠤᠨ ᠤ ᠨᠤᠮᠯᠠᠯ ᠳᠤ | ᠰᠢᠯᠭᠠᠷᠠᠬᠰᠠᠨ ᠠᠨᠠᠭᠠᠬᠤ ᠣᠬᠠᠭᠠᠨ ᠤ ᠴᠢᠳᠠᠪᠤᠷᠢᠲᠠᠨ ᠢ ᠬᠦᠮᠦᠵᠢᠭᠦᠯᠵᠦ᠂ ᠮᠤᠩᠭᠤᠯ ᠲᠦᠪᠡᠳ ᠠᠨᠠᠭᠠᠬᠤ ᠣᠬᠠᠭᠠᠨ | ᠪᠤᠯᠤᠨ ᠦᠢ ᠤᠯᠠᠨ ᠨᠡᠷᠡᠲᠦ ᠡᠮᠴᠢ ᠪᠠᠷ ᠢᠶᠠᠨ ᠨᠡᠷ᠎ᠡ ᠠᠯᠳᠠᠷᠰᠢᠬᠰᠠᠨ ᠪᠠᠶᠢᠨ᠎ᠠ᠃ ᠡᠮᠴᠢ ᠯᠠᠮᠠ ᠨᠠᠷ ᠬᠡᠳᠦᠨ ᠠᠷᠪᠠᠨ | ᠮᠤᠩᠭᠤᠯ ᠲᠦᠪᠡᠳ ᠡᠮ ᠤᠨ ᠦᠪᠡᠷᠮᠢᠴᠡ ᠵᠤᠷ ᠢ ᠰᠤᠳᠤᠯᠤᠨ ᠭᠠᠷᠭᠠᠵᠦ᠂ ᠡᠨᠡ ᠨᠢ ᠲᠤᠬᠠᠢ ᠶᠢᠨ ᠦᠶ᠎ᠡ ᠶᠢᠨ ᠡᠮ | ᠡᠮᠴᠢ ᠬᠤᠪᠤᠷ ᠴᠤᠬᠠᠭ ᠪᠠᠶᠢᠬᠰᠠᠨ ᠨᠡᠶᠢᠭᠡᠮ ᠤᠨ ᠪᠤᠳᠠᠲᠤ ᠪᠠᠶᠢᠳᠠᠯ ᠳᠤ ᠠᠭᠤᠤ ᠶᠡᠭᠡ ᠨᠦᠯᠦᠭᠡ ᠦᠵᠡᠭᠦᠯᠵᠦ | ᠪᠠᠶᠢᠪᠠ᠃ ᠭᠤᠷᠪᠠᠨ ᠵᠠᠭᠤᠨ ᠵᠢᠯ ᠤᠨ ᠲᠤᠷᠰᠢ ᠬᠤᠯᠠ ᠤᠶᠢᠷ᠎ᠠ ᠶᠢᠨ ᠠᠷᠠᠳ ᠲᠦᠮᠡᠨ ᠤ ᠡᠪᠡᠳᠴᠢᠨ ᠡᠮᠬᠡᠭ ᠢ ᠨᠢ | ᠡᠮᠨᠡᠨ ᠵᠠᠰᠠᠵᠦ᠂ ᠭᠠᠢ ᠵᠤᠪᠠᠯᠠᠩ ᠠᠴᠠ ᠨᠢ ᠠᠪᠣᠷᠠᠨ ᠲᠡᠳᠭᠦᠵᠦ ᠪᠠᠶᠢᠬᠰᠠᠨ ᠢᠶᠠᠷ ᠢᠶᠠᠨ ︽ᠮᠠᠨᠪᠠ ᠷᠠᠰᠠᠩ ᠰᠦᠮ᠎ᠡ︾ | ᠭᠡᠬᠦ ᠨᠡᠷ᠎ᠡ ᠨᠢ ᠬᠤᠯᠠ ᠤᠶᠢᠷ᠎ᠠ ᠳᠤ ᠠᠯᠳᠠᠷᠰᠢᠬᠰᠠᠨ ᠪᠠᠶᠢᠨ᠎ᠠ᠃ | ᠲᠠᠯ᠎ᠠ ᠨᠣᠲᠤᠭ ᠲᠡᠭᠡᠷᠡᠬᠢ ᠴᠤᠷ ᠤᠨ ᠭᠠᠭᠴᠠ ᠨᠤᠮ ᠰᠤᠳᠤᠷ᠂ ᠡᠮ ᠡᠮᠨᠡᠯᠭᠡ ᠬᠤᠤᠰᠯᠠᠨ ᠰᠣᠷᠣᠯᠴᠠᠵᠦ | ᠪᠠᠶᠢᠬᠰᠠᠨ ᠰᠥᠮ᠎ᠠ ᠭᠡᠶᠢᠳ᠂ ᠮᠠᠡᠪᠡ ᠷᠠᠰᠡᠩ ᠰᠥᠮ᠎ᠠ ᠨᠢ ᠥᠬᠠᠢ ᠬᠤᠲᠠ ᠶᠢᠨ ᠬᠠᠶᠢᠨᠠᠨ ᠲᠣᠭᠤᠷᠢᠭ ᠤᠨ ᠬᠤᠲᠠ | ᠶᠢᠨ ᠲᠤᠭᠤᠷᠢᠭ ᠠᠴᠠ 12 ᠺᠢᠯᠣᠮᠧᠲᠷ᠂ ᠥᠬᠠᠢ ᠬᠤᠲᠠ ᠶᠢᠨ ᠲᠦᠪ ᠠᠴᠠ 45 ᠺᠢᠯᠣᠮᠧᠲᠷ ᠤᠨ ᠵᠠᠢ ᠲᠠᠢ᠃ | ᠪᠠᠷᠠᠭᠤᠨ ᠲᠠᠯ᠎ᠠ ᠳᠤ ᠪᠠᠨ ᠬᠠᠳᠣᠨ ᠭᠤᠣᠯ ᠲᠠᠢ ᠬᠦᠷᠰᠢᠯᠡᠵᠦ ᠨᠢᠩᠰᠢᠶᠠ ᠶᠢᠨ ᠬᠠᠷᠠᠬᠤᠲᠠ ᠲᠠᠢ ᠨᠢᠭᠤᠷᠯᠠᠵᠣ | ᠬᠦᠷᠰᠢᠯᠡᠵᠦ ᠪᠠᠶᠢᠨ᠎ᠠ᠃ ᠵᠡᠭᠦᠨ ᠡᠮᠣᠨᠠᠲᠣ ᠲᠠᠯ᠎ᠠ ᠶᠢᠨ ᠬᠤᠯᠠ ᠠᠴᠠ ᠪᠠᠷᠠᠯᠠᠪᠡᠯ ᠲᠠᠤᠬᠠᠢ ᠠᠭᠤᠯᠠ ᠨᠢ ᠨᠢᠭᠡᠨ | ᠬᠡᠪᠲᠡᠭᠡ ᠪᠣᠷᠬᠠᠨ ᠲᠠᠢ ᠲᠦᠰᠡᠲᠡᠢ ᠪᠠᠶᠢᠵᠦ᠂ ᠮᠠᠨᠠᠨ ᠲᠠᠲᠠᠬᠰᠠᠨ ᠰᠡᠷᠨ ᠲᠠᠢ ᠰᠥᠨᠢ ᠮᠠᠨᠠᠨ ᠨᠢ ᠱᠠ ᠰᠢᠭ᠋ ᠠᠭᠤᠯᠡᠨ | ᠶᠢ ᠪᠥᠷᠭᠦᠵᠣ᠂ ᠪᠣᠷᠬᠠᠨ ᠤ ᠣᠷᠲᠣᠨ ᠤ ᠥᠵᠡᠰᠭᠦᠯᠡᠩᠳᠣ ᠥᠵᠡᠮᠵᠢ ᠶᠢ ᠨᠡᠩ ᠰᠠᠶᠢᠬᠠᠨ ᠣᠯᠵᠣ ᠬᠠᠷᠠᠬᠤ ᠪᠤᠯᠤᠨ᠎ᠠ᠃ | ᠮᠤᠷᠤᠯᠵᠢᠨ ᠰᠠᠷᠣᠯᠵᠢᠭ᠍ᠰᠡᠨ ᠠᠭᠤᠯᠡᠨ ᠵᠡᠮ ᠢᠶᠠᠷ 200 ᠢᠯᠡᠭᠦᠣ ᠮᠧᠲᠷ ᠠᠯᠬᠤᠪᠡᠯ᠂ ᠡᠩ ᠲᠡᠷᠢᠭᠦᠨ ᠳᠤ ᠣᠯᠵᠣ | ᠥᠵᠡᠬᠦ ᠨᠢ ᠠᠭᠤᠯᠡᠨ ᠪᠡᠯ ᠳᠡᠭᠡᠷ᠎ᠡ ᠰᠥᠡᠲᠡᠷᠯᠡᠵᠣ ᠪᠠᠶᠢᠭ᠎ᠠ ᠮᠠᠶᠢᠲᠡᠷᠢ ᠪᠣᠷᠬᠠᠨ ᠤ ᠶᠡᠭᠡ ᠲᠣᠭᠠᠩ ᠪᠤᠯᠤᠨ᠎ᠠ᠂ ᠲᠡᠭᠦᠨ | ᠤ ᠬᠤᠶᠢᠲᠣ ᠲᠠᠯ᠎ᠠ ᠳᠤ ᠨᠢ ᠮᠤᠩᠭᠤᠯ ᠡᠮ ᠡᠮᠨᠡᠯᠭᠡ ᠶᠢᠨ ᠮᠥᠽᠸᠢ᠂ ᠪᠠᠷᠠᠭᠤᠨ ᠲᠠᠯ᠎ᠡ ᠳᠤᠨᠢ ᠲᠤᠰ ᠬᠡᠶᠢᠳ ᠤᠨ | ᠲᠥᠷᠪᠡᠲᠣᠭᠡᠷ ᠲᠥᠷᠢ ᠶᠢᠨ ᠭᠡᠭᠡᠨ ᠤ ᠱᠠᠷᠢᠯ ᠤᠨ ᠰᠣᠪᠣᠷᠭ᠎ᠠ ᠪᠠᠶᠢᠳᠠᠭ᠃ ᠴᠠᠭᠠᠨ ᠰᠣᠪᠣᠷᠭ᠎ᠠ ᠪᠤᠯᠤᠨ ᠬᠥᠬᠡ | ᠣᠬᠲᠠᠷᠭᠤᠢ ᠨᠢ ᠬᠠᠷᠢᠯᠴᠠᠨ ᠲᠣᠪᠣᠶᠢᠯᠭᠠᠵᠣ᠂ ᠭᠥᠮᠣᠰ ᠲᠤ ᠠᠷᠢᠭᠤᠨ ᠲᠠᠷᠬᠠᠨ ᠤ ᠰᠡᠳᠬᠢᠯᠭᠡ ᠢ ᠲᠦᠷᠦᠭᠳᠡᠭᠦᠯᠦᠨ᠎ᠡ᠂ | ᠴᠠᠭᠠᠨ ᠰᠣᠪᠣᠷᠭ᠎ᠠ ᠶᠢᠨ ᠳᠡᠷᠭᠡᠲᠡ ᠢᠷᠡᠪᠡᠯ᠂ ᠠᠭᠤᠯᠡᠨ ᠤ ᠲᠣᠮᠳᠠ ᠪᠠᠶᠢᠷᠢᠰᠢᠯᠡᠵᠣ ᠪᠠᠶᠢᠭ᠎ᠠ ᠳᠥᠪ ᠴᠢᠩᠭ᠎ᠠ | ᠭᠠᠶᠢᠬᠠᠮᠰᠢᠭ ᠤᠪᠢᠳᠠᠰ ᠲᠠᠢ ᠮᠠᠡᠪᠡ ᠷᠠᠰᠡᠩ ᠰᠥᠮ᠎ᠠ ᠶᠢᠨ ᠪᠥᠭᠦ ᠥᠵᠡᠮᠵᠢ ᠶᠢ ᠣᠯᠵᠣ ᠥᠵᠡᠨ᠎ᠠ᠃ | ᠮᠠᠨᠪᠡ ᠷᠠᠰᠡᠩ ᠰᠥᠮ᠎ᠠ ᠶᠢᠨ ᠭᠤᠣᠯ ᠪᠠᠶᠢᠭᠤᠯᠭ᠎ᠠ ᠨᠢ ᠱᠠᠬᠢᠮᠤᠨᠢ ᠪᠣᠷᠬᠠᠨ ᠪᠠᠭᠰᠢ ᠶᠢ ᠲᠠᠬᠢᠵᠦ ᠪᠠᠶᠢᠭ᠎ᠠ | ᠴᠣᠭᠵᠢᠨ ᠲᠣᠭᠠᠩ ᠪᠠᠶᠢᠵᠦ᠂ ᠲᠠᠷᠠ ᠨᠢ ᠨᠢᠭᠡᠨ ᠰᠠᠭᠤᠷᠢ ᠮᠣᠩᠭᠤᠯ ᠲᠥᠪᠡᠳ ᠬᠢᠲᠡᠳ ᠨᠡᠶᠢᠯᠡᠬᠦᠯᠦᠨ | ᠬᠠᠪᠰᠤᠷᠭᠠᠬᠰᠠᠨ ᠪᠠᠷᠢᠯᠭ᠎ᠠ ᠶᠢᠨ ᠣᠡᠴᠠᠯᠢᠭ ᠲᠠᠢ ᠭᠤᠷᠪᠡᠨ ᠲᠠᠪᠬᠤᠷ ᠲᠠᠪᠬᠤᠷᠯᠠᠭᠰᠡᠨ ᠣᠷᠲᠣᠨ ᠤ ᠮᠠᠶ᠋ᠢᠭ ᠲᠠᠢ | ᠠᠯᠲᠠᠨ ᠭᠠᠨᠵᠢᠷ᠎ᠠ ᠴᠢᠮᠡᠭᠡᠯᠡᠭᠰᠡᠨ ᠪᠠᠷᠢᠯᠭ᠎ᠠ ᠮᠦᠨ᠂ ᠴᠣᠭᠵᠢᠨ ᠲᠣᠭᠠᠩ ᠤ ᠲᠣᠮᠲᠠ ᠨᠢ ᠱᠠᠬᠢᠮᠥᠨᠢ ᠪᠤᠷᠬᠠᠨ ᠪᠠᠭᠰᠢ᠂ | ᠵᠡᠭᠦᠨ ᠲᠠᠯ᠎ᠠ ᠳᠤ ᠨᠢ ᠤᠲᠠᠴᠢ ᠶᠢᠨ ᠪᠤᠷᠬᠠᠨ ᠪᠠᠭᠰᠢ᠂ ᠪᠠᠷᠠᠭᠤᠨ ᠲᠠᠯ᠎ᠠ ᠳᠤ ᠨᠢ ᠲᠥᠪᠡᠳ ᠤᠨ ᠪᠣᠳ᠋ᠳ᠋ᠾᠨ ᠶᠢᠨ | ᠱᠠᠰᠢᠨ ᠪᠠᠭᠰᠢ ᠶᠢᠨ ᠭᠡᠯᠦ᠋ᠭᠪᠡ ᠪᠦᠯᠦᠭ ᠢ ᠦᠨᠳᠦᠰᠦᠯᠡᠭᠴᠢ ᠪᠤᠬᠲᠠ ᠽᠣᠩᠷᠠᠪᠠ ᠶᠢᠨ ᠱᠣᠭᠤᠮᠠᠯ ᠬᠦᠷᠦᠭ ᠢ | ᠲᠠᠬᠢᠵᠦ᠂ ᠭᠤᠣᠯ ᠲᠣᠭᠠᠩ ᠤᠨ ᠲᠣᠮᠲᠠ ᠤᠲᠠᠴᠢ ᠶᠢᠨ ᠪᠤᠷᠬᠠᠨ ᠢ ᠳᠠᠬᠢᠵᠤ ᠪᠠᠶᠢᠭ᠎ᠠ ᠨᠢ ᠮᠠᠨᠪᠠ ᠷᠠᠰᠡᠩ ᠰᠥᠮ᠎ᠠ | ᠪᠣᠯ ᠨᠢᠭᠡᠨ ᠮᠣᠩᠭᠤᠯ ᠡᠮ ᠡᠮᠨᠡᠯᠭᠡ ᠶᠢᠨ ᠠᠨᠠᠭᠠᠬᠤ ᠤᠬᠠᠭᠠᠨ ᠢ ᠤᠯᠠᠮᠵᠢᠯᠠᠨ ᠳᠡᠯᠭᠡᠷᠡᠭᠦᠯᠵᠦ ᠠᠷᠠᠳ ᠲᠦᠮᠡᠨ ᠢ | ᠢᠪᠡᠭᠡᠵᠦ᠂ ᠠᠨᠠᠭᠠᠬᠤ ᠤᠬᠠᠭᠠᠨ ᠤ ᠰᠦᠮ᠎ᠡ ᠪᠠ ᠡᠮ ᠡᠮᠨᠡᠯᠭᠡ ᠶᠢᠨ ᠨᠤᠮ ᠰᠤᠳᠤᠷ ᠬᠤᠤᠰᠯᠠᠬᠰᠠᠨ ᠮᠣᠩᠭᠤᠯ | ᠡᠮᠨᠡᠯᠭᠡ ᠶᠢᠨ ᠲᠡᠭᠡᠳᠣ ᠵᠡᠷᠭᠡ ᠶᠢᠨ ᠭᠥᠷᠢᠶᠡᠯᠡᠩ ᠪᠣᠯᠬᠤ ᠢ ᠲᠥᠯᠥᠭᠡᠯᠡᠵᠣ ᠪᠠᠶᠢᠨ᠎ᠠ᠃ | 1652 ᠣᠨ᠂ ᠲᠠᠪᠣᠲᠣᠭᠠᠷ ᠲᠥᠷᠢ ᠶᠢᠨ ᠲᠠᠯᠠᠢ ᠯᠠᠮᠠ ᠠᠬᠸᠠᠩᠯᠤᠪ᠊ ᠰᠠᠩᠵᠠᠮᠰᠤ ᠡᠶᠡᠪᠡᠷ ᠵᠠᠰᠠᠬᠴᠢ ᠬᠠᠭᠠᠨ | ᠤ ᠣᠷᠢᠯᠭ᠎ᠠ ᠪᠠᠷ ᠪᠡᠭᠡᠵᠢᠩ ᠳᠤ ᠣᠴᠢᠬᠤ ᠵᠠᠮ ᠲᠣᠮᠲᠠ ᠪᠠᠨ ᠣᠲᠤᠭ ᠬᠤᠰᠢᠭᠤ ᠶᠢ ᠥᠩᠭᠡᠷᠡᠭᠦ ᠳᠤ ᠨᠢᠭᠡᠲᠣᠭᠡᠷ | ᠵᠠᠰᠠᠭ ᠽᠠᠨᠳᠠᠨ ᠪᠠᠶᠢᠯ᠎ᠠ ᠸᠠᠩ ᠤᠨ ᠣᠷᠳᠣᠨ ᠳᠤ ᠲᠡᠭᠦᠨ ᠲᠠᠢ ᠵᠣᠯᠭᠠᠪᠠ᠃ ᠲᠣᠰ ᠵᠢᠯ ᠳᠤ ᠨᠢ ᠲᠠᠯᠠᠢ ᠯᠠᠮᠠ ᠶᠢᠨ | ᠰᠠᠨᠠᠭ᠎ᠠ ᠪᠠᠷ ᠦᠯᠵᠡᠶᠢᠲᠦ ᠰᠢᠷ᠎ᠠ ᠵᠣᠥ ︵ᠣᠲᠣ ᠶᠢᠨ ᠣᠲᠤᠭ ᠵᠣᠥ︶ ᠶᠢ ᠪᠠᠶᠢᠭᠤᠯᠵᠣ᠂ ᠲᠠᠪᠣᠲᠣᠭᠠᠷ ᠲᠥᠷᠢ ᠶᠢᠨ | ᠲᠠᠯᠠᠢ ᠯᠠᠮᠡ ᠠᠴᠠ ᠣᠲᠠᠴᠢ ᠶᠢᠨ ᠪᠠᠭᠰᠢ ᠶᠢᠨ ᠪᠣᠷᠬᠠᠨ ᠤ ᠬᠦᠷᠦᠭ ᠵᠡᠷᠭᠡ ᠶᠢ ᠬᠦᠷᠭᠡᠭᠰᠡᠨ ᠪᠠᠶᠢᠨ᠎ᠠ᠃ | 1778 ᠣᠨ᠂ ᠣᠲᠤᠭ ᠤᠨ ᠲᠣᠯᠣᠲᠣᠭᠠᠷ ᠵᠠᠰᠠᠭ ᠪᠠᠶᠢᠯ᠎ᠠ ᠨᠣᠶᠠᠨ ᠲᠤᠩᠷᠣᠪᠰᠠᠷᠡᠩ ᠤᠨ ᠰᠠᠨᠠᠭᠤᠯᠭ᠎ᠠ | ᠪᠣᠯᠣᠨ ᠬᠠᠨᠳᠢᠪᠯᠠᠯ ᠲᠣᠣᠷ᠎ᠠ᠂ ᠡᠮ ᠡᠮᠨᠡᠯᠭᠡ ᠶᠢᠨ ᠨᠣᠮ ᠰᠣᠲᠣᠷ ᠤᠨ ᠭᠥᠷᠢᠶᠡᠯᠡᠩ ᠢ ᠣᠲᠤᠭ ᠵᠣᠣ ᠠᠴᠠ ᠲᠠᠳᠬᠠᠢ | ᠶᠢᠨ ᠠᠭᠤᠯᠡᠨ ᠲᠡᠭᠡᠷ᠎ᠡ ᠨᠡᠭᠦᠯᠭᠡᠬᠦ ᠳᠤ᠂ ᠲᠡᠷᠠ ᠥᠶ᠎ᠡ ᠳᠤ ᠮᠠᠠᠪᠡ ᠷᠠᠰᠡᠩ ᠰᠥᠮ᠎ᠠ ᠶᠢᠨ ᠨᠢᠭᠡᠲᠣᠭᠡᠷ ᠳᠦᠷᠢ ᠶᠢᠨ | ᠭᠡᠭᠡᠨ ᠭᠥᠨᠴᠣᠭᠷᠠᠪᠵᠠᠢ ᠡᠷᠬᠢᠯᠡᠭᠴᠢ ᠪᠠᠶᠢᠵᠠᠢ᠂ 1790 ᠣᠨ᠂ ᠲᠠᠪᠣᠨ ᠣᠬᠠᠭᠠᠨ ᠤ ᠨᠣᠮ ᠰᠣᠲᠣᠷ ᠤᠨ | ᠭᠥᠷᠢᠶᠡᠯᠡᠩ ᠢ ᠰᠠᠯᠪᠢᠨ ᠵᠠᠰᠠᠵᠤ᠂ 49 ᠰᠠᠭᠤᠷᠢ ᠬᠠᠷᠢᠶᠠᠲᠤ ᠰᠥᠮ᠎ᠠ ᠬᠡᠶᠢᠳ ᠪᠠᠶᠢᠭᠤᠯᠵᠦ᠂ ᠮᠠᠡᠪᠡ ᠷᠠᠰᠡᠩ ᠰᠥᠮ᠎ᠠ | ᠨᠢ ᠣᠲᠤᠭ ᠵᠣᠥ ᠶᠢᠨ ᠲᠠᠪᠣᠨ ᠣᠬᠠᠭᠠᠨ ᠤ ᠨᠣᠮ ᠰᠣᠲᠣᠷ ᠤᠨ ᠭᠥᠷᠢᠶᠡᠯᠡᠩ ᠤᠨ ᠲᠣᠮᠲᠠᠭᠢ ᠨᠢᠭᠡᠨ ᠪᠣᠯᠵᠠᠢ᠃ | ᠡᠭᠦᠨ ᠠᠴᠠ ᠰᠡᠭᠦᠯᠡᠷ ᠱᠠᠰᠢᠨ ᠤ ᠨᠣᠮᠠᠯᠠᠯ ᠢ ᠬᠠᠲᠠᠭᠤᠵᠢᠯᠲᠠᠢ ᠪᠣᠯᠪᠠᠰᠣᠷᠠᠵᠣ᠂ ᠡᠮ ᠡᠮᠨᠡᠯᠭᠡ ᠨᠣᠮ ᠰᠣᠲᠣᠷ ᠢ | ᠬᠤᠤᠰᠯᠠᠨ ᠰᠤᠷᠤᠯᠴᠠᠵᠦ᠂ ᠲᠠᠰᠬᠠᠶᠢᠯᠠᠨ ᠮᠣᠩᠭᠤᠯ ᠲᠥᠪᠡᠳ ᠠᠨᠠᠭᠠᠬᠤ ᠣᠬᠠᠭᠠᠨ ᠢ ᠰᠣᠲᠣᠯᠣᠨ ᠭᠥᠭᠵᠢᠭᠦᠯᠵᠤ᠂ | ᠡᠮᠨᠡᠯᠭᠡ ᠶᠢᠨ ᠣᠬᠠᠭᠠᠨ ᠳᠤ ᠴᠠᠭᠠᠷᠠᠭᠰᠠᠨ ᠡᠮᠴᠢ ᠯᠠᠮᠠ ᠢ ᠭᠥᠮᠣᠵᠢᠭᠦᠯᠭᠦ ᠪᠠ ᠲᠥᠪᠡᠳ ᠤᠨ ᠪᠣᠳ᠋ᠳ᠋ᠾᠨ ᠶᠢᠨ ᠱᠠᠰᠢᠨ | ᠢ ᠣᠯᠠᠮᠵᠢᠯᠡᠬᠤ ᠠᠷᠢᠭᠤᠨ ᠣᠷᠣᠨ ᠪᠣᠯᠭᠠᠵᠠᠢ᠃ | ᠡᠷᠲᠡᠨ ᠤ ᠰᠥᠮ᠎ᠠ ᠶᠢᠨ ᠥᠩᠭᠡᠷᠡᠭᠰᠡᠨ ᠤ ᠭᠡᠷᠡᠯ ᠰᠠᠴᠤᠷᠠᠩᠭᠤᠢ ᠮᠠᠡᠪᠡ ᠷᠠᠰᠡᠩ ᠰᠥᠮ᠎ᠠ ︽ᠰᠣᠶᠣᠯ ᠤᠨ | ᠶᠡᠭᠡ ᠬᠤᠪᠢᠰᠬᠠᠯ︾ ᠤᠨ ᠥᠶ᠎ᠡ ᠳᠤ ᠰᠥᠮ᠎ᠠ ᠭᠡᠶᠢᠳ ᠨᠢ ᠨᠤᠷᠭᠠᠬᠳᠠᠨ᠂ ᠪᠣᠷᠬᠠᠨ ᠤ ᠬᠦᠷᠦᠭ ᠡᠪᠲᠡᠭᠲᠠᠵᠣ᠂ ᠨᠣᠮ | ᠰᠣᠲᠣᠷ ᠨᠢ ᠭᠠᠯᠳᠠᠬᠳᠠᠨ᠂ ᠱᠠᠰᠢᠨ ᠰᠣᠷᠲᠠᠬᠤᠨ ᠤ ᠬᠤᠪᠤᠷ ᠨᠠᠨᠳᠢᠨ ᠲᠡᠤᠬᠡ ᠶᠢᠨ ᠲᠣᠷᠠᠰᠬᠠᠯᠲᠣ ᠵᠥᠢᠯ ᠤᠳ ᠨᠢ | ᠭᠡᠭᠡᠭᠲᠡᠵᠣ ᠮᠥᠷ ᠰᠣᠷᠠᠭ ᠥᠭᠡᠢ ᠪᠣᠯᠵᠠᠢ᠃ | 1981 ᠣᠨ᠂ ᠲᠣᠰ ᠰᠥᠮ᠎ᠠ ᠭᠡᠶᠢᠳ ᠤᠨ ᠣᠣᠯ ᠤᠨ ᠬᠡᠳᠦᠨ ᠨᠠᠰᠤᠲᠠᠢ ᠯᠠᠮᠠ ᠨᠠᠷ ᠠᠴᠠ ᠤᠤᠯ ᠰᠦᠮ᠎ᠡ | ᠶᠢᠨ ᠨᠢᠭᠡᠨ ᠬᠡᠰᠡᠭ ᠡᠪᠳᠡᠭᠳᠡᠭᠰᠡᠨ ᠪᠠᠭᠤᠷᠢ ᠲᠡᠭᠡᠷ᠎ᠡ ᠴᠣᠭᠯᠠᠷᠠᠵᠣ᠂ ᠲᠥᠷᠪᠡᠲᠣᠭᠡᠷ ᠲᠥᠷᠢ ᠶᠢᠨ ᠭᠡᠭᠡᠨ ᠴᠠᠭᠠᠨᠬᠦᠣ | ︵ᠨᠤᠮ ᠤᠨ ᠨᠡᠷ᠎ᠡ ᠭᠠᠯᠰᠠᠩᠱᠠᠦ᠋ᠷᠦᠪᠳᠠᠮᠪᠢᠨᠢᠮᠠ︶ ᠶᠢ ᠲᠠᠬᠢᠨᠲᠠ ᠣᠷᠢᠵᠣ᠂ ᠭᠥᠵᠢ ᠵᠣᠯᠠ ᠪᠠᠨ ᠰᠡᠷᠭᠦᠭᠡᠪᠡ᠃ 1987 | ᠣᠨ᠂ ᠥᠬᠠᠢ ᠬᠤᠲᠠ ᠶᠢᠨ ᠨᠠᠮ ᠤᠨ ᠬᠤᠷᠢᠶᠠᠨ ᠠᠴᠠ ᠱᠠᠰᠢᠨ ᠰᠣᠷᠲᠠᠬᠤᠨ ᠤ ᠲᠣᠬᠠᠢ ᠲᠥᠷᠤ ᠶᠢᠨ ᠪᠣᠳᠣᠯᠭ᠎ᠠ ᠶᠢ | ᠨᠠᠶᠢᠲᠡᠪᠣᠷᠢᠵᠢᠭᠤᠯᠣᠭᠰᠡᠨ ᠤ ᠲᠠᠷᠠᠭ᠎ᠠ᠂ 1996 ᠣᠨ ᠳᠤ ᠬᠠᠶᠢᠨᠠᠨ ᠲᠣᠭᠤᠷᠢᠭ ᠤᠨ ᠠᠷᠠᠳ ᠤᠨ ᠵᠠᠰᠠᠭ ᠤᠨ | ᠣᠷᠲᠣᠨ ᠠᠴᠠ ᠲᠠᠩᠰᠠᠯᠠᠬᠤ ᠶᠢ ᠵᠦᠪᠰᠢᠶᠡᠷᠡᠨ᠂ ᠰᠥᠮ᠎ᠠ ᠭᠡᠶᠢᠳ ᠤᠨ ᠬᠠᠣᠯᠢ ᠶᠣᠰᠣᠨ ᠤ ᠡᠷᠬᠡ ᠠᠰᠢᠭ ᠢ | ᠪᠠᠲᠤᠯᠠᠵᠦ᠂ ᠥᠬᠠᠢ ᠬᠤᠲᠠ ᠶᠢᠨ ᠴᠣᠷ ᠤᠨ ᠭᠠᠭᠴᠠ ᠱᠠᠰᠢᠨ ᠤ ᠭᠥᠲᠡᠯᠭᠡᠭᠡᠨ ᠤ ᠴᠢᠬᠤᠯᠠ ᠲᠠᠯᠠᠪᠣᠷ ᠪᠣᠯᠬᠤ ᠶᠢ | ᠲᠣᠭᠲᠠᠭᠠᠵᠠᠢ᠃ 1988 ᠣᠨ᠂ ᠠᠷᠪᠡᠨ ᠬᠡᠳᠣᠨ ᠵᠢᠯ ᠥᠩᠭᠡᠷᠡᠭᠰᠡᠨ ᠤ ᠲᠠᠷᠠᠭ᠎ᠠ᠂ ᠶᠡᠭᠡ ᠬᠡᠪᠴᠢᠶ᠎ᠡ ᠪᠠᠷ ᠮᠠᠡᠪᠡ | ᠷᠠᠰᠡᠩ ᠰᠥᠮ᠎ᠠ ᠢ ᠰᠡᠯᠪᠢᠨ ᠵᠠᠰᠠᠬᠤ ᠠᠵᠠ ᠳᠤᠬᠢᠶᠠᠯ ᠡᠴᠦᠰ ᠲᠡᠭᠡᠨ ᠪᠤᠯᠪᠠᠰᠤᠷᠠᠵᠠᠢ᠃ ᠣᠯᠠᠮᠵᠢᠯᠠᠯᠲᠣ ᠱᠠᠰᠢᠨ | ᠰᠣᠷᠲᠠᠬᠤᠨ ᠤ ᠰᠢᠲᠦᠯᠭᠡ ᠶᠢ ᠰᠡᠷᠭᠦᠭᠡᠬᠦ᠂ ᠥᠡᠳᠣᠰᠣᠳᠡᠨ ᠤ ᠡᠮ ᠡᠮᠨᠡᠯᠭᠡ ᠶᠢᠨ ᠥᠢᠯᠡᠰ ᠢ ᠭᠥᠭᠵᠢᠭᠦᠯᠭᠦ᠂ ᠱᠠᠰᠢᠨ | ᠰᠣᠷᠲᠠᠬᠤᠨ ᠤ ᠵᠢᠭᠤᠯᠴᠢᠯᠠᠯ ᠤᠨ ᠥᠢᠯᠡᠰ ᠢ ᠥᠷᠨᠢᠭᠦᠯᠭᠦ᠂ ᠮᠣᠩᠭᠤᠯ ᠡᠮ ᠡᠮᠨᠡᠯᠭᠡ ᠶᠢᠨ ᠰᠣᠶᠣᠯ ᠢ ᠲᠡᠯᠭᠡᠷᠡᠭᠦᠯᠭᠦ | ᠵᠡᠷᠭᠡ ᠳᠥᠷᠪᠡᠨ ᠬᠡᠷᠡᠭᠴᠡᠭᠡ ᠶᠢᠨ ᠲᠥᠯᠤᠭᠡ ᠮᠠᠨᠪᠡ ᠷᠠᠰᠡᠩ ᠰᠥᠮ᠎ᠠ ᠶᠢᠨ ᠲᠥᠷᠪᠡᠲᠣᠭᠡᠷ ᠲᠥᠷᠢ ᠶᠢᠨ ᠭᠡᠭᠡᠨ ᠤ | ᠴᠠᠷᠮᠠᠶᠢᠯᠭᠠ ᠪᠠ ᠡᠷᠬᠢᠯᠡᠯ ᠲᠣᠣᠷ᠎ᠠ ᠡᠳᠡᠭᠡᠷ ᠠᠭᠤᠤ ᠶᠡᠭᠡ ᠢᠨᠵᠧᠨᠧᠷᠢᠩ ᠦᠷᠭᠦᠯᠵᠢᠯᠡᠨ ᠬᠡᠲᠣᠨ ᠵᠢᠯ ᠶᠠᠪᠤᠬᠳᠠᠵᠦ᠂ | ᠶᠡᠭᠡ ᠪᠠᠭ᠎ᠠ ᠲᠤᠭᠠᠩ 4 ᠰᠠᠭᠤᠷᠢ ︵ᠴᠣᠭᠵᠢᠨ ᠲᠣᠭᠠᠩ᠂ ᠰᠠᠬᠢᠭᠤᠰᠤᠨ ᠲᠤᠭᠠᠩ᠂ ᠠᠷᠢᠶᠠᠪᠤᠯᠤ ᠶᠢᠨ ᠲᠤᠭᠠᠩ᠂ | ᠲᠠᠪᠤᠨ ᠬᠠᠭᠠᠨ ᠤ ᠲᠤᠭᠠᠩ︶ ᠭᠡᠭᠡᠨ ᠤ ᠣᠷᠲᠣᠨ᠂ ᠪᠤᠳᠢ ᠴᠠᠭᠠᠨ ᠰᠣᠪᠣᠷᠭ᠎ᠠ᠂ ᠰᠥᠮ᠎ᠠ ᠶᠢᠨ ᠣᠷᠣᠨ ᠰᠠᠭᠤᠴᠠ ᠪᠠ | ᠬᠤᠭᠤᠯᠡᠨ ᠭᠡᠷ᠂ ᠰᠥᠮ᠎ᠠ ᠶᠢᠨ ᠰᠡᠩ ᠭᠥᠮᠣᠷᠭᠡ ᠵᠡᠷᠭᠡ ᠪᠡᠷᠢᠯᠭ᠎ᠠ ᠵᠠᠯᠭ᠎ᠠ ᠵᠠᠯᠭ᠎ᠠ ᠪᠠᠷ ᠪᠠᠶᠢᠭᠤᠯᠤᠬᠳᠠᠵᠠᠢ᠃ ᠠᠭᠤᠯᠡᠨ | ᠳᠤ ᠭᠠᠷᠬᠤ ᠵᠠᠮ ᠢ ᠰᠠᠯᠪᠢᠨ ᠵᠠᠰᠡᠵᠤ᠂ ᠡᠭᠦᠨ ᠤ ᠬᠠᠮᠲᠣ ᠠᠭᠤᠯᠡᠨ ᠤ ᠨᠤᠭᠤᠭᠠᠷᠠᠭᠤᠯᠤᠯᠲᠠ ᠶᠢᠨ ᠢᠨᠵᠧᠨᠧᠷᠢᠩ ᠢ | ᠡᠬᠢᠯᠡᠵᠦ᠂ ᠣᠰᠣ᠂ ᠴᠠᠬᠢᠯᠭᠠᠨ᠂ ᠵᠠᠮ᠂ ᠴᠢᠮᠡᠭᠡ ᠨᠠᠪᠲᠠᠷᠡᠭᠦᠯᠭᠡ ᠵᠡᠷᠭᠡ ᠰᠠᠭᠤᠷᠢ ᠲᠥᠭᠦᠭᠡᠷᠣᠮᠵᠢ ᠶᠢ ᠪᠠᠶᠢᠭᠤᠯᠤᠬᠰᠠᠨ | ᠨᠢ ᠥᠨᠣᠳᠣᠷ ᠤᠨ ᠮᠠᠨᠪᠡ ᠷᠠᠰᠡᠩ ᠰᠥᠮ᠎ᠠ ᠶᠢᠨ ᠬᠦᠷᠢᠶ᠎ᠡ ᠬᠡᠪᠴᠢᠶ᠎ᠡ ᠶᠢ ᠲᠤᠭᠲᠠᠭᠠᠬᠰᠠᠨ ᠪᠠᠶᠢᠨ᠎ᠠ᠃ | 2013 ᠤᠨ ᠳᠤ ᠲᠥᠷᠪᠡᠲᠣᠭᠡᠷ ᠲᠥᠷᠢ ᠶᠢᠨ ᠭᠡᠭᠡᠨ ᠨᠠᠷᠸᠠᠨ ᠪᠣᠯᠣᠭᠰᠡᠨ ᠤ ᠰᠡᠭᠦᠯᠡᠷ ᠲᠡᠭᠦᠨ ᠤ ᠣᠣᠭᠠᠨ | ᠭᠥᠣ ᠭᠠᠩᠲᠡᠮᠣᠷ ᠪᠣᠯᠣᠨ ᠲᠣᠰ ᠰᠥᠮ᠎ᠠ ᠤᠨ ᠯᠢᠬᠱᠤᠨ ᠯᠠᠢ ᠰᠢ ᠶᠢᠨ ᠡᠷᠬᠢᠯᠡᠯ ᠲᠣᠣᠷ᠎ᠠ᠂ ᠥᠬᠠᠢ ᠬᠤᠲᠠ ᠶᠢᠨ | ᠵᠠᠰᠠᠭ ᠤᠨ ᠣᠷᠲᠣᠨ᠂ ᠬᠠᠶᠢᠨᠨᠠ ᠲᠣᠭᠤᠷᠢᠭ ᠤᠨ ᠵᠠᠰᠠᠭ ᠤᠨ ᠣᠷᠲᠣᠨ ᠪᠡ ᠨᠣᠲᠤᠭ ᠤᠨ ᠺᠤᠮᠫᠠᠨᠢ ᠶᠢᠨ ᠳᠡᠮᠵᠢᠯᠭᠡ | ᠳᠤᠤᠷ᠎ᠠ᠂ ᠣᠳᠣ ᠶᠢᠨ ᠪᠠᠶᠢᠭ᠎ᠠ ᠭᠤᠣᠯ ᠪᠠᠷᠢᠯᠭ᠎ᠠ 37 ᠮᠧᠲᠷ ᠥᠡᠲᠣᠷ ᠮᠠᠶᠢᠳᠠᠷᠢ ᠶᠢᠨ ᠲᠤᠭᠠᠩ᠂ ᠲᠣᠲᠣᠷ᠎ᠠ ᠨᠢ | ᠨᠢᠭᠡᠨ 21 ᠮᠧᠲᠷ ᠥᠡᠲᠣᠷ ᠮᠠᠶᠢᠳᠠᠷᠢ ᠪᠤᠷᠬᠠᠨ ᠤ ᠰᠣᠭᠤᠮᠠᠯ ᠢ ᠲᠠᠬᠢᠵᠦ᠂ ᠭᠤᠷᠪᠡᠨ ᠲᠠᠪᠬᠤᠷ ᠮᠣᠩᠭᠤᠯ ᠡᠮ | ᠡᠮᠨᠡᠯᠭᠡ ᠤᠨ ᠮᠥᠽᠸᠢ ᠵᠡᠷᠭᠡ ᠶᠢ ᠪᠠᠶᠢᠭᠤᠯᠵᠦ᠂ 1500 ᠺᠦᠸᠠᠳ᠋ ᠮᠧᠲᠷ ᠭᠠᠵᠠᠷ ᠡᠵᠡᠯᠡᠵᠦ ᠪᠠᠶᠢᠨ᠎ᠠ᠃ | ᠲᠥᠷᠪᠡᠲᠣᠭᠡᠷ ᠲᠥᠷᠢ ᠶᠢᠨ ᠭᠡᠭᠡᠨ ᠱᠠᠷᠢᠯ ᠤᠨ ᠰᠣᠪᠣᠷᠭ᠎ᠠ᠂ ᠨᠢᠭᠡᠨ ᠰᠠᠭᠤᠷᠢ ᠪᠣᠷᠬᠠᠨ ᠤ ᠣᠷᠲᠣᠨ᠂ 70 ᠭᠠᠷᠤᠢ | ᠲᠠᠰᠤᠭ ᠣᠷᠣᠨ ᠰᠠᠭᠤᠴᠠ ᠶᠢ ᠦᠷᠭᠡᠳᠭᠡᠨ ᠪᠠᠷᠢᠵᠠᠢ᠃ ᠭᠡᠭᠡᠨ ᠤ ᠣᠷᠲᠣᠨ ᠢ ᠲᠠᠬᠢᠨᠲᠠ ᠵᠠᠰᠡᠵᠣ᠂ ᠰᠥᠮ᠎ᠠ ᠶᠢᠨ | ᠵᠤᠴᠢᠨ ᠬᠥᠯᠢᠶᠠᠨ ᠠᠪᠬᠤ ᠲᠥᠪ᠂ ᠬᠤᠭᠤᠯᠠᠨ ᠭᠡᠷ ᠵᠡᠷᠭᠡ ᠰᠥᠮ᠎ᠠ ᠬᠡᠶᠢᠳ ᠤᠨ ᠪᠥᠬᠦ ᠴᠤᠬᠴᠠ ᠶᠢ ᠡᠬᠢᠯᠡᠨ | ᠬᠠᠮᠠᠭᠠᠯᠠᠬᠤ᠂ ᠨᠤᠭᠤᠭᠠᠷᠠᠭᠤᠯᠬᠤ᠂ ᠬᠠᠲᠠᠭᠤᠷᠠᠯᠠᠬᠤ᠂ ᠬᠠᠩᠭᠠᠯᠲᠠ ᠶᠢᠨ ᠪᠥᠷᠢᠨ᠂ ᠭᠠᠯ ᠤᠨ ᠰᠡᠷᠭᠡᠶᠢᠯᠡᠯᠲᠡ᠂ ᠲᠣᠣᠷ | ᠰᠥᠯᠵᠢᠶᠠᠨ ᠤ ᠲᠥᠭᠦᠭᠡᠷᠣᠮᠵᠢ ᠵᠡᠷᠭᠡ ᠠᠯᠢ ᠣᠯᠡᠨ ᠠᠵᠢᠯ ᠲᠠᠭᠤᠰᠴᠤ᠂ ᠪᠥᠭᠦᠲᠠ ᠪᠠᠶᠢᠭᠤᠯᠤᠯᠲᠠ ᠶᠢᠨ ᠡᠵᠡᠯᠡᠭᠦ | ᠲᠠᠯᠡᠪᠡᠢ ᠨᠢ 15000 ᠢᠯᠡᠭᠦᠣ ᠲᠡᠭᠰᠢ ᠳᠦᠷᠪᠡᠯᠵᠢᠨ ᠮᠧᠲᠷ ᠪᠤᠯᠤᠨ᠎ᠠ᠃ | 2011ᠤᠨ ᠳᠤ᠂ ᠲᠣᠰ ᠰᠥᠮ᠎ᠠ ᠣᠯᠣᠰ ᠤᠨ AAA ᠲᠡᠰ ᠤᠨ ᠵᠢᠭᠤᠯᠴᠢᠯᠠᠯ ᠤᠨ ᠣᠷᠣᠨ ᠢᠶᠠᠷ | ᠥᠨᠡᠯᠡᠭᠲᠠᠪᠡ᠃ ᠲᠥᠯᠣᠪᠵᠢᠭᠦᠯᠭᠡ ᠶᠢ ᠥᠡᠲᠣᠰᠣᠯᠠᠪᠡᠯ᠂ ᠮᠠᠨᠪᠡ ᠷᠠᠰᠡᠩ ᠰᠥᠮ᠎ᠠ ᠶᠢᠨ ᠥᠵᠡᠮᠵᠢ ᠶᠢᠨ ᠣᠷᠣᠨ ᠢ | ᠲᠥᠪᠡᠳ ᠤᠨ ᠪᠣᠳ᠋ᠳ᠋ᠾᠨ ᠶᠢᠨ ᠱᠠᠰᠢᠨ ᠤ ᠤᠯᠠᠮᠵᠢᠯᠠᠯᠲᠤ ᠰᠤᠶᠤᠯ ᠲᠥᠪᠯᠡᠷᠡᠭᠦᠯᠬᠦ᠂ ᠣᠯᠠᠮᠵᠢᠯᠠᠯᠲᠣ ᠮᠣᠩᠭᠤᠯ ᠡᠮᠨᠡᠯᠭᠡ | ᠶᠢ ᠣᠶᠢᠯᠠᠭᠠᠬᠤ ᠪᠡ ᠵᠠᠩ ᠥᠢᠯᠡ ᠵᠤᠭᠠᠴᠠᠯ ᠵᠡᠷᠭᠡ ᠭᠤᠷᠪᠠ ᠢ ᠨᠢᠭᠡ ᠴᠤᠬᠴᠠᠵᠢᠭᠤᠯᠬᠤ ᠵᠢᠭᠤᠯᠴᠢᠯᠠᠯ ᠤᠨ ᠣᠷᠣᠨ | ᠪᠤᠯᠭᠠᠨ ᠪᠠᠶᠢᠭᠤᠯᠵᠦ᠂ ᠮᠠᠠᠪᠡ ᠷᠠᠰᠡᠩ ᠰᠥᠮ᠎ᠠ ᠢ ᠮᠣᠩᠭᠤᠯ ᠠᠨᠠᠭᠠᠬᠤ ᠣᠬᠠᠭᠠᠨ ᠤ ᠭᠠᠲᠠᠭᠰᠢ ᠲᠡᠯᠭᠡᠨ ᠥᠵᠡᠭᠦᠯᠭᠦ | ᠴᠢᠬᠤᠯᠠ ᠴᠣᠩᠬᠤ ᠪᠠ ᠰᠣᠲᠣᠯᠠᠬᠤ ᠰᠣᠷᠣᠯᠴᠠᠬᠤ ᠭᠠᠵᠠᠷ ᠣᠷᠣᠨ ᠪᠣᠯᠭᠠᠬᠤ ᠪᠠᠷ ᠪᠥᠳᠣᠭᠡᠨ ᠪᠠᠶᠢᠭᠤᠯᠬᠤ | ᠮᠦᠷᠲᠡᠭᠡᠨ ᠥᠬᠠᠢ ᠬᠤᠲᠠ ᠪᠥᠬᠦ ᠴᠢᠲᠠᠯ ᠢᠶᠠᠷ ᠮᠠᠠᠪᠡ ᠷᠠᠰᠡᠩ ᠰᠥᠮ᠎ᠠ ᠶᠢᠨ ᠲᠡᠣᠭᠡ ᠶᠢᠨ ᠥᠪ ᠭᠥᠷᠣᠩᠭᠡ ᠢ | ᠬᠠᠮᠠᠭᠠᠯᠠᠬᠤ ᠰᠠᠭᠤᠷᠢᠨ ᠲᠡᠭᠡᠷ᠎ᠡ᠂ ᠮᠣᠩᠭᠤᠯ ᠡᠮ ᠡᠮᠨᠡᠯᠭᠡ ᠶᠢᠨ ᠤᠨᠴᠠᠯᠢᠭ ᠪᠦᠬᠦᠢ ᠰᠣᠶᠣᠯ ᠤᠨ ᠡᠬᠢ ᠪᠠᠶᠠᠯᠢᠭ ᠶᠢ | ᠴᠢᠷᠮᠠᠶᠢᠨ ᠨᠠᠭᠡᠭᠡᠨᠡ᠃ | ᠥᠨᠣ᠂ ᠮᠠᠠᠪᠡ ᠷᠠᠰᠡᠩ ᠲᠣᠭᠲᠠᠭᠰᠡᠨ ᠴᠠᠭ ᠬᠤᠭᠤᠴᠠᠭᠠᠨ ᠳᠤ ᠣᠯᠠᠮᠵᠢᠯᠠᠯᠲᠣ ᠮᠣᠩᠭᠤᠯ ᠡᠮ ᠡᠮᠨᠡᠯᠭᠡ ᠶᠢᠨ | ᠰᠣᠶᠣᠯ ᠤᠨ ᠴᠣᠭᠯᠠᠭᠠᠨ ᠶᠠᠪᠣᠭᠲᠠᠭᠤᠯᠵᠣ᠂ ᠮᠣᠩᠭᠤᠯ ᠡᠮ ᠡᠮᠨᠠᠯᠭᠡ ᠶᠢᠨ ᠰᠣᠶᠣᠯ ᠪᠠᠷ ᠭᠤᠣᠯ ᠴᠣᠭᠴᠠ ᠪᠣᠯᠭᠠᠵᠣ᠂ | ᠦᠪᠡᠷᠮᠢᠴᠡ ᠣᠡᠴᠠᠯᠢᠭ ᠲᠠᠢ ᠪᠠᠶᠠᠷ ᠳᠤᠷᠠᠰᠬᠠᠯ ᠤᠨ ᠡᠳᠦᠷ ᠢ ᠪᠡᠯᠭᠡᠯᠡᠬᠦ ᠬᠦᠳᠡᠯᠭᠡᠭᠡᠨ ᠦᠷᠨᠢᠭᠦᠯᠦᠨ᠂ ᠰᠥᠰᠣᠭ᠍ᠲᠡᠨ | ᠲᠥᠮᠡᠨ ᠤ ᠬᠥᠴᠢᠷᠲᠡᠯ ᠢ ᠪᠠᠭᠤᠷᠠᠭᠤᠯᠵᠤ᠂ ᠪᠢᠰᠢᠯᠭᠠᠬᠤ᠂ ᠰᠣᠯᠠᠷᠠᠭᠤᠯᠬᠤ᠂ ᠣᠲᠣᠷ ᠲᠣᠭᠠᠯᠠᠬᠤ᠂ ᠪᠡᠶ᠎ᠡ ᠰᠣᠪᠢᠯᠠᠬᠤ᠂ | ᠱᠠᠰᠢᠨ ᠤ ᠶᠣᠰᠣᠯᠠᠯ ᠳᠤ ᠣᠷᠣᠯᠴᠠᠭᠤᠯᠤᠨ᠂ ᠠᠯᠭᠤᠷ ᠢᠶᠠᠷ ᠨᠢᠭᠡᠨ ᠵᠦᠷᠢᠶᠡᠨᠲᠤ ᠴᠢᠨᠠᠷ ᠲᠠᠢ᠂ ᠥᠪᠡᠷᠮᠢᠴᠠ ᠣᠡᠴᠠᠯᠢᠭ | ᠲᠠᠢ᠂ ᠲᠣᠮᠲᠠᠲᠣ ᠣᠯᠣᠰ ᠤᠨ ᠣᠡᠴᠠᠯᠢᠭ ᠲᠠᠢ ᠪᠣᠷᠬᠠᠨ ᠱᠠᠰᠢᠨ ᠤ ᠠᠷᠢᠭᠤᠨ ᠣᠷᠣᠨ ᠪᠤᠯᠵᠠᠢ᠃ ᠡᠭᠦᠨ ᠠᠴᠠ | ᠭᠠᠲᠠᠨ᠎ᠠ᠂ ᠥᠬᠠᠢ ᠬᠤᠲᠠ ᠪᠠᠶᠡᠷ ᠲᠣᠷᠠᠰᠬᠠᠯ ᠤᠨ ᠬᠦᠳᠡᠯᠭᠡᠭᠡᠨ ᠤ ᠠᠭᠤᠯᠭ᠎ᠠ ᠶᠢ ᠤᠯᠡᠮ ᠨᠢᠭᠡ ᠠᠯᠬᠤᠮ | ᠡᠯᠪᠡᠭᠵᠢᠭᠦᠯᠵᠤ᠂ ᠤᠯᠠᠮᠵᠢᠯᠠᠯᠲᠣ ᠠᠨᠠᠭᠠᠬᠤ ᠣᠬᠠᠭᠠᠨ ᠡᠷᠳᠡᠮ ᠰᠢᠨᠵᠢᠯᠡᠭᠡᠨ ᠤ ᠶᠠᠷᠢᠶ᠎ᠠ ᠨᠠᠭᠡᠵᠣ᠂ ᠮᠣᠩᠭᠤᠯ ᠡᠮ | ᠡᠮᠨᠡᠯᠭᠡ ᠶᠢᠨ ᠥᠵᠡᠰᠭᠦᠯᠡᠩ᠂ ᠵᠢᠷᠣᠮ ᠤᠨ ᠡᠮᠴᠢᠯᠡᠭᠡ᠂ ᠰᠥᠮ᠎ᠠ ᠶᠢᠨ ᠬᠤᠷᠠᠯ᠂ ᠰᠢᠡᠵᠢᠯᠡᠬᠦ ᠣᠬᠠᠭᠠᠨ ᠮᠡᠷᠬᠡᠵᠢᠯ ᠢ | ᠲᠥᠭᠡᠮᠡᠯᠵᠢᠭᠦᠯᠭᠦ ᠣᠬᠠᠭᠤᠯᠭ᠎ᠠ ᠵᠡᠷᠬᠡ᠂ ᠣᠯᠠᠮᠵᠢᠯᠠᠯᠲᠣ ᠮᠣᠩᠭᠤᠯ ᠡᠮ ᠡᠮᠨᠠᠯᠭᠡ ᠶᠢᠨ ᠠᠷᠭ᠎ᠠ ᠪᠠᠷᠢᠯ᠂ ᠰᠣᠪᠢᠯᠠᠬᠤ | ᠣᠶᠢᠯᠠᠭᠠᠭᠲᠡᠨ ᠢ ᠠᠷᠠᠳ ᠣᠯᠡᠨ ᠤ ᠠᠮᠢᠳᠤᠷᠠᠯ ᠳᠤ ᠠᠭᠤᠰᠬᠠᠨ ᠤᠷᠤᠭᠤᠯᠵᠣ᠂ ᠮᠣᠩᠭᠤᠯ ᠡᠮᠨᠡᠯᠭᠡ ᠵᠢᠴᠢ ᠱᠠᠰᠢᠨ ᠤ | ᠰᠤᠶᠣᠯ ᠢ ᠨᠡᠩ ᠣᠯᠡᠨ ᠬᠥᠮᠣᠰ ᠲᠤ ᠣᠶᠢᠯᠠᠭᠠᠭᠤᠯᠣᠨ ᠲᠠᠨᠢᠭᠤᠯᠵᠦ ᠪᠠᠶᠢᠨ᠎ᠠ᠃ ᠪᠢᠲᠡ ᠣᠭ ᠰᠠᠨᠠᠭ᠎ᠠ ᠪᠠᠨ ᠥᠯᠤ | ᠮᠠᠷᠲᠠᠨ᠂ ᠡᠭᠦᠷᠬᠡ ᠬᠠᠷᠢᠭᠤᠴᠠᠯᠭ᠎ᠠ ᠪᠠᠨ ᠪᠠᠲᠣ ᠴᠡᠭᠡᠵᠢᠯᠡᠵᠣ᠂ ᠲᠣᠮᠲᠠᠲᠣ ᠤᠯᠤᠰ ᠤᠨ ᠣᠨᠴᠠᠯᠢᠭ ᠲᠠᠢ ᠪᠣᠳ᠋ᠳ᠋ᠾᠨ ᠶᠢᠨ | ᠱᠠᠰᠢᠨ ᠤ ᠰᠣᠶᠣᠯ ᠢ ᠪᠠᠲᠠᠷᠠᠭᠤᠯᠶᠠ᠃ | | | |