ᠬᠦᠮᠦᠨ ᠤ ᠪᠡᠶ᠎ᠡ ᠶᠢᠨ ᠴᠢᠰᠦᠨ ᠤ ᠲᠤᠬᠠᠢ ︵ᠨᠠᠢᠮᠠ︶
ᠨᠡᠶᠢᠲᠡᠯᠡᠭᠰᠡᠨ ᠴᠠᠭ᠄
2024/4/29
     ᠵᠢᠷᠭᠤᠭᠠᠨ ᠠᠮᠲᠠ ᠶᠢᠨ ᠤᠨᠴᠠᠯᠢᠭ ᠢᠶᠠᠷ ᠦᠵᠡᠪᠡᠯ ᠬᠦᠮᠦᠨ ᠤ ᠤᠷᠭᠠᠨᠢᠭ ᠪᠡᠶ᠎ᠡ ᠶᠢᠨ ᠴᠢᠰᠦᠨ ᠳᠤ ᠵᠢᠷᠭᠤᠭᠠᠨ ᠠᠮᠲᠠ ᠪᠦᠷᠢᠨ ᠲᠡᠭᠦᠯᠲᠡᠷ ᠤᠷᠤᠰᠢᠵᠦ ᠪᠠᠶᠢᠬᠤ ᠪᠤᠯᠪᠠᠴᠦ ᠠᠮᠲᠠᠯᠢᠭ᠂ ᠲᠠᠪᠤᠰᠤᠯᠢᠭ ᠠᠮᠲᠠ ᠨᠢ ᠪᠤᠰᠤᠳ  ᠠᠴᠠ ᠪᠠᠨ ᠢᠯᠡᠭᠦᠥ ᠪᠠᠶᠢᠲᠠᠭ᠃ ᠢᠯᠠᠩᠭᠤᠶ᠎ᠠ ᠠᠮᠲᠠᠯᠢᠭ ᠠᠮᠲᠠ ᠨᠢ ᠶᠡᠬᠡᠩᠬᠢ ᠬᠤᠪᠢ ᠶᠢ ᠡᠵᠡᠯᠡᠵᠦ ᠪᠠᠶᠢᠬᠤ ᠶᠢᠨ ᠲᠤᠯᠠᠲᠠ ᠲᠠᠮᠢᠷ ᠢ ᠢᠯᠡᠭᠦᠥ ᠲᠦᠯᠦᠵᠢᠭᠦᠯᠬᠦ ᠶᠤᠮ᠃ ᠡᠨᠡ ᠲᠤᠬᠠᠢ ︽ᠠᠮᠢᠲᠤᠷᠠᠬᠤ ᠵᠦᠢ ᠶᠢᠨ ᠤᠬᠠᠭᠠᠨ︾ ᠳᠤ᠄ ︽ᠴᠢᠰᠦᠨ ᠤ ᠲᠤᠲᠤᠷ᠎ᠠ ᠠᠬᠤᠭᠤᠯᠵᠦ ᠪᠠᠶᠢᠬᠤ ᠰᠢᠬᠢᠷ ᠨᠢ ᠭᠤᠥᠯᠲᠠᠭᠤ ᠦᠵᠦᠮ ᠤᠨ ᠰᠢᠬᠢᠷ ᠮᠥᠨ᠃ ᠡᠭᠦᠨ ᠢ ᠲᠦᠭᠦᠮ ᠢᠶᠠᠷ ᠦᠵᠦᠮ ᠤᠨ ᠰᠢᠬᠢᠷ ᠭᠡᠲᠡᠭ᠃ ᠡᠷᠡᠭᠦᠯ ᠬᠦᠮᠦᠨ ᠦᠷᠯᠦᠭᠡ ᠡᠷᠲᠡ ᠦᠯᠦᠨ ᠪᠠᠶᠢᠬᠤ ᠦᠶ᠎ᠡ ᠳᠤ ᠨᠠᠮᠵᠢᠭᠤᠨ ᠰᠤᠲᠠᠰᠦ ᠲᠤᠲᠤᠷᠠᠬᠢ100 ᠰᠢ ᠰᠢ ᠴᠢᠰᠦᠨ ᠳᠤ 80--120ml ᠤᠨ ᠰᠢᠬᠢᠷ ᠠᠬᠤᠭᠤᠯᠵᠦ ᠪᠤᠢ᠃ ᠡᠭᠦᠨ ᠢ ᠵᠠᠩᠰᠢᠯ ᠢᠶᠠᠷ ᠵᠠᠭᠤᠨ ᠤ 80---120ml ᠭᠡᠵᠤ ᠪᠢᠴᠢᠨ᠎ᠡ᠃ ᠴᠢᠰᠦᠨ ᠰᠢᠬᠢᠷ ᠨᠢ ᠡᠯ᠎ᠡ ᠨᠡᠭᠡᠲᠡᠰᠦ ᠡᠷᠬᠡᠲᠡᠨ ᠨᠦᠭᠦᠳ ᠤᠨ ᠬᠦᠲᠡᠯᠬᠡᠬᠡᠨ ᠳᠤ ᠬᠡᠷᠡᠭᠯᠡᠬᠦ ᠡᠨᠧᠷᠬᠢ ᠶᠢᠨ ᠴᠢᠬᠤᠯᠠ ᠡᠬᠢ ᠡᠭᠦᠰᠪᠦᠷᠢ ᠮᠥᠨ ᠪᠦᠭᠡᠳ ᠮᠡᠲᠡᠷᠡᠯ ᠤᠨ ᠰᠢᠰᠲ᠋ᠧᠮ ᠤᠨ ᠠᠵᠢᠯᠯᠠᠭᠠᠨ ᠳᠤ ᠴᠢᠬᠤᠯᠠ ᠨᠦᠭᠦᠴᠡᠯ ᠪᠤᠯᠵᠦ ᠪᠠᠶᠢᠲᠠᠭ᠃ ᠴᠢᠰᠦᠨ ᠤ ᠰᠢᠬᠢᠷ ᠤᠨ ᠬᠡᠮᠵᠢᠶ᠎ᠡ ᠨᠢ ᠪᠠᠭᠠᠰᠪᠠᠯ ᠨᠡᠬᠡᠲᠡᠰᠦ ᠡᠷᠬᠡᠲᠡᠨ ᠤ ᠠᠵᠢᠯᠯᠠᠭᠠᠨ ᠳᠤ ᠬᠦᠨᠲᠦ ᠰᠦᠷᠡᠬᠡᠢ ᠨᠦᠯᠦᠭᠡ ᠦᠵᠡᠭᠦᠯᠦᠨ᠎ᠡ᠃ ᠢᠯᠠᠩᠭᠤᠶ᠎ᠠ ᠲᠠᠷᠢᠬᠢᠨ ᠤ ᠨᠡᠬᠡᠲᠡᠰᠦ ᠪᠤᠯ ᠬᠠᠮᠤᠭ ᠤᠨ ᠰᠤᠷᠭᠤᠭ ᠪᠠᠶᠢᠲᠠᠭ᠃ ᠲᠠᠷᠦᠢ ᠴᠢᠰᠦᠨ ᠰᠢᠬᠢᠷ ᠪᠠᠭᠠᠰᠪᠠᠯ ᠴᠢᠰᠦᠨ ᠰᠢᠬᠢᠷ ᠪᠠᠭᠠᠰᠬᠤ ᠴᠢᠨᠠᠷ ᠲᠠᠢ ᠮᠠᠨᠠᠷᠠᠯ ᠡᠭᠦᠰᠦᠨ᠎ᠡ︾ ᠭᠡᠵᠤ ᠦᠭᠦᠯᠡᠭᠰᠡᠨ ᠪᠢᠯᠡ᠃ ᠮᠥᠨ ᠡᠭᠦᠨ ᠤ ᠲᠤᠬᠠᠢ ︽ᠠᠨᠠᠭᠠᠬᠤ ᠤᠬᠠᠭᠠᠨ ᠤ ᠲᠦᠷᠪᠡᠨ ᠦᠨᠲᠦᠰᠦ︾ ᠶᠢᠨ ︽ᠤᠨᠤᠯ ᠤᠨ ᠦᠨᠲᠦᠰᠦ︾ ᠳᠤ᠄ ︽ᠡᠲᠡᠭᠡᠷ ᠵᠢᠷᠭᠤᠭᠠᠨ ᠵᠦᠢᠯ  ᠤᠨ ᠠᠮᠲᠠ ᠶᠢᠨ ᠲᠦᠷᠦᠭᠦᠴᠢ ᠶᠢᠨ ᠬᠢᠨᠢ ᠰᠡᠭᠦᠯ ᠤᠨ ᠬᠢ ᠠᠴᠠ ᠪᠠᠨ ᠪᠡᠶ᠎ᠡ ᠶᠢ ᠲᠦᠯᠦᠵᠢᠭᠦᠯᠬᠦ ᠬᠦᠴᠦᠨ ᠠᠨᠦ ᠶᠡᠭᠡ︾ ᠭᠡᠵᠤ ᠲᠤᠲᠤᠷᠬᠠᠶᠢᠯᠠᠭᠰᠠᠨ ᠪᠠᠶᠢᠨ᠎ᠠ᠃ ︽ᠠᠨᠠᠭᠠᠬᠤ ᠤᠬᠠᠭᠠᠨ ᠲᠦᠷᠪᠡᠨ ᠦᠨᠲᠦᠰᠦ︾ ᠳᠤ᠄ ︽ᠠᠮᠲᠠᠯᠢᠭ ᠠᠮᠲᠠ ᠪᠤᠯ ᠮᠠᠬᠠᠪᠤᠳ ᠲᠤ ᠵᠤᠬᠢᠷᠠᠬᠤ ᠪᠦᠭᠡᠳ ᠲᠠᠮᠢᠷ ᠬᠦᠴᠦᠨ ᠢ ᠨᠡᠮᠡᠵᠦ᠂ ᠬᠦᠭᠰᠢᠳ᠂ ᠨᠢᠯᠬᠠᠰ ᠪᠠ ᠲᠤᠷᠠᠩᠬᠠᠢ ᠶᠢ ᠲᠡᠭᠵᠢᠷᠡᠭᠦᠯᠬᠦ᠂ ᠬᠤᠭᠤᠯᠠᠢ ᠠᠭᠤᠰᠬᠢ ᠳᠤ ᠲᠤᠰᠠᠯᠠᠬᠤ᠂ ᠪᠡᠶ᠎ᠡ ᠶᠢ ᠲᠦᠯᠦᠵᠢᠭᠦᠯᠦᠨ ᠰᠢᠷᠬ᠎ᠠ ᠶᠢ ᠪᠠᠷᠢᠯᠲᠦᠭᠤᠯᠵᠦ ᠦᠩᠭᠡ ᠪᠠ ᠡᠷᠬᠡᠲᠡᠨ ᠢ ᠲᠤᠲᠤᠷᠠᠭᠤᠯᠬᠤ᠂ ᠨᠠᠰᠦ ᠶᠢ ᠤᠷᠲᠤᠳᠬᠠᠨ ᠠᠮᠢᠲᠤᠷᠠᠭᠤᠯᠬᠤ᠂ ᠬᠡᠢ᠂ ᠰᠢᠷ᠎ᠠ ᠪᠠ ᠬᠤᠥᠷ᠎ᠠ  ᠶᠢᠨ ᠡᠪᠡᠳᠴᠢᠨ ᠢ ᠠᠷᠢᠯᠭᠠᠬᠤ᠂ ᠬᠡᠲᠦᠷᠡᠪᠡᠯ ᠪᠠᠳᠭᠠᠨ ᠦᠬᠡᠬᠦ ᠶᠢ ᠨᠡᠮᠡᠭᠲᠡᠭᠦᠯᠦᠨ᠂ ᠭᠠᠯ ᠤᠨ ᠢᠯᠴᠢ ᠶᠢ ᠪᠠᠭᠤᠷᠠᠭᠤᠯᠤᠨ᠎ᠠ᠂ ᠪᠡᠶ᠎ᠡ ᠶᠢ ᠮᠠᠷᠢᠶᠠᠯᠠᠭᠤᠯᠵᠤ᠂ ᠰᠢᠭᠡᠰᠦᠨ ᠤ ᠡᠪᠡᠳᠴᠢᠨ ᠪᠠ ᠠᠰᠢᠭ ᠪᠣᠯᠴᠢᠷᠬᠠᠢ ᠵᠡᠷᠭᠡ ᠶᠢ ᠡᠭᠦᠰᠭᠡᠨ᠎ᠡ︾ ᠭᠡᠵᠤ ᠦᠭᠦᠯᠡᠭᠰᠡᠨ ᠪᠠᠶᠢᠨ᠎ᠠ᠃      ᠴᠢᠰᠦᠨ ᠤ ᠲᠤᠲᠤᠷᠠᠬᠢ ᠠᠮᠲᠠ ᠶᠢᠨ ᠪᠦᠷᠢᠯᠲᠦᠭᠦᠨ ᠳᠤ ᠠᠮᠲᠠᠯᠢᠭ᠂ ᠲᠠᠪᠤᠰᠤᠯᠢᠭ ᠠᠮᠲᠠ ᠨᠢ ᠪᠤᠰᠤᠳ ᠵᠦᠢᠯ ᠤᠨ ᠠᠮᠲᠠ ᠠᠴᠠ ᠪᠠᠨ ᠢᠯᠡᠭᠦᠥ ᠪᠠᠶᠢᠬᠤ ᠭᠡᠵᠤ ᠲᠡᠭᠡᠷ᠎ᠡ ᠦᠭᠦᠯᠡᠭᠰᠡᠨ ᠶᠤᠮ᠂ ᠡᠨᠡ ᠲᠤᠬᠠᠢ ︽ᠠᠮᠢᠲᠤᠷᠠᠬᠤ ᠵᠦᠢ ᠶᠢᠨ ᠤᠬᠠᠭᠠᠨ︾ ᠳᠤ ᠴᠢᠰᠦᠨ ᠤ ᠪᠦᠷᠢᠯᠲᠦᠭᠦᠨ ᠤ ᠲᠤᠬᠠᠢ ᠦᠭᠦᠯᠡᠬᠦ ᠳᠡᠭᠡᠨ᠄ ︽ᠴᠢᠰᠦᠨ ᠤ ᠡᠭᠡᠲᠡᠩ ᠲᠤᠲᠤᠷ᠎ᠠ ᠤᠯᠠᠨ ᠲᠦᠷᠦᠯ ᠤᠨ ᠤᠷᠭᠠᠨᠢᠭ ᠪᠤᠰᠦ ᠲᠠᠪᠦᠰᠦ ᠠᠬᠤᠭᠤᠯᠤᠭᠲᠠᠵᠦ ᠪᠠᠶᠢᠨ᠎ᠠ᠃ ᠲᠡᠲᠡᠭᠡᠷ ᠨᠢ ᠭᠤᠥᠯᠲᠠᠭᠤ ᠢᠶᠤᠨ ᠤ ᠰᠢᠨᠵᠢ ᠲᠦᠷᠰᠦ ᠪᠠᠷ ᠤᠷᠤᠰᠢᠵᠦ ᠪᠠᠶᠢᠨ᠎ᠠ᠃ ᠡᠭᠦᠨ ᠠᠴᠠ ᠦᠵᠡᠪᠡᠯ ᠴᠢᠰᠦᠨ ᠳᠤ ᠬᠡᠷᠡᠭᠰᠡᠵᠦ ᠪᠦᠬᠦᠢ ᠲᠠᠪᠦᠰᠤᠯᠢᠭ ᠠᠮᠲᠠᠲᠦ ᠢᠲᠡᠭᠡᠨ ᠤᠮᠲᠠᠭᠠᠨ ᠪᠤᠯ ᠭᠤᠥᠯᠲᠠᠭᠤ ᠴᠢᠰᠦᠨ ᠳᠤ ᠤᠷᠤᠰᠢᠭᠰᠠᠨ ᠪᠠᠳᠭᠠᠨ ᠤ ᠰᠠᠯᠢᠰᠦ ᠨᠠᠭᠠᠯᠳᠤᠩᠬᠠᠢ ᠶᠢ ᠨᠢ ᠨᠦᠭᠦᠨ ᠲᠦᠯᠦᠵᠢᠭᠦᠯᠵᠦ ᠪᠠᠶᠢᠬᠤ ᠨᠢ ᠲᠠᠮᠵᠢᠭ ᠦᠭᠡᠢ᠃ ᠲᠠᠪᠤᠰᠤᠯᠢᠭ ᠠᠮᠲᠠ ᠶᠢᠨ ᠲᠤᠬᠠᠢ ︽ᠠᠨᠠᠭᠠᠬᠤ ᠤᠬᠠᠭᠠᠨ ᠤ ᠲᠦᠷᠪᠡᠨ ᠦᠨᠲᠦᠰᠦ︾ ᠶᠢᠨ ︽ᠤᠨᠤᠯ ᠤᠨ ᠦᠨᠲᠦᠰᠦ ᠳᠤ᠄ ︽ᠲᠠᠪᠤᠰᠤᠯᠢᠭ ᠨᠢ ᠪᠡᠶ᠎ᠡ ᠶᠢ ᠴᠢᠬᠢᠷᠠᠭᠵᠢᠭᠤᠯᠤᠨ ᠬᠠᠭᠠᠭᠲᠠᠭᠰᠠᠨ ᠢ ᠭᠠᠷᠭᠠᠮᠤᠢ᠂ ᠵᠢᠩᠨᠡᠪᠡᠯ ᠬᠦᠯᠦᠰᠦ ᠪᠠ ᠢᠯᠴᠢ ᠶᠢ ᠡᠭᠦᠰᠭᠡᠨ ᠲᠤᠷᠠᠰᠢᠯ ᠢ ᠨᠡᠭᠡᠭᠡᠮᠤᠢ᠃ ᠰᠢᠲᠦᠬᠦ ᠨᠢ ᠬᠡᠲᠦᠷᠡᠪᠠᠰᠦ ᠦᠰᠦ ᠵᠤᠯᠭᠠᠷᠠᠬᠤ ᠪᠠ ᠦᠰᠦ ᠴᠠᠶᠢᠵᠦ ᠠᠲᠦᠷᠢᠶ᠎ᠠ ᠤᠯᠠᠰᠢᠷᠠᠵᠦ ᠪᠠᠭᠤᠷᠠᠭᠤᠯᠤᠨ᠎ᠠ᠃ ᠤᠮᠳᠠᠭᠠᠰᠬᠤ᠂ ᠬᠤᠯᠦᠭᠠᠨ᠎ᠠ ᠶᠠᠷ᠎ᠠ᠂ ᠭᠠᠯ ᠨᠠᠮᠦᠰᠦ ᠪᠠ ᠴᠢᠰᠦ ᠰᠢᠷ᠎ᠠ ᠶᠢ ᠡᠭᠦᠰᠭᠡᠨ᠎ᠡ︾ ᠭᠡᠵᠠᠢ᠃ ᠲᠠᠪᠦᠰᠤᠯᠢᠭ ᠠᠮᠲᠠ ᠶᠢ ᠶᠡᠭᠡ ᠢᠲᠡᠵᠦ ᠬᠡᠮᠵᠢᠶ᠎ᠡ ᠠᠴᠠ ᠨᠢ ᠬᠡᠲᠦᠷᠡᠭᠦᠯᠪᠡᠯ ᠬᠠᠨᠢᠶᠠᠬᠤ᠂ ᠬᠤᠭᠤᠯᠠᠢ ᠬᠠᠲᠠᠬᠤ᠂ ᠴᠢᠰᠦᠨ ᠲᠠᠷᠦᠯᠲᠠ ᠦᠨᠲᠦᠷᠵᠢᠬᠦ᠂ ᠪᠦᠭᠡᠷᠡᠨ ᠡᠪᠡᠳᠴᠢᠨ ᠲᠠᠢ ᠪᠤᠯᠬᠤ᠂ ᠴᠢᠷᠠᠢ ᠬᠠᠷᠠᠯᠠᠬᠤ ᠵᠡᠷᠭᠡ ᠭᠡᠮ ᠲᠠᠢ ᠪᠤᠯᠦᠨ᠎ᠠ᠃ ᠡᠨᠡᠬᠦ ᠬᠤᠶᠠᠷ ᠲᠦᠷᠦᠯ ᠤᠨ ᠶᠤᠰᠦᠨ ᠠᠴᠠ ᠠᠩᠬᠠᠷᠪᠠᠯ ᠴᠢᠰᠦᠨ ᠳᠤ ᠬᠡᠷᠡᠭᠰᠡᠵᠦ ᠪᠦᠬᠦᠢ ᠲᠠᠪᠦᠰᠤᠯᠢᠭ ᠨᠢ ᠬᠡᠲᠦᠷᠡᠪᠡᠯ ᠴᠢᠰᠦᠨ ᠤ ᠠᠮᠲᠠᠯᠢᠭ ᠨᠢ ᠲᠤᠲᠠᠭᠰᠠᠨ ᠠᠴᠠ ᠪᠤᠯᠬᠤ ᠶᠤᠮ᠃ ᠡᠶᠢᠮᠦ ᠠᠴᠠ ᠲᠤᠬᠢᠷᠠᠭᠰᠠᠨ ᠬᠡᠮᠵᠢᠶ᠎ᠡ  ᠠᠴᠠ ᠨᠢ ᠬᠡᠲᠦᠷᠡᠭᠦᠯᠵᠦ ᠪᠤᠯᠬᠤ ᠦᠭᠡᠢ ᠶᠤᠮ᠃ ᠭᠠᠲᠠᠭᠠᠲᠦ ᠨᠦᠭᠦᠴᠡᠯ ᠤᠨ ᠡᠷᠬᠡ ᠪᠠᠷ ᠢᠲᠡᠭᠡᠨ ᠤᠮᠲᠠᠭᠠᠨ ᠤ ᠲᠠᠯ᠎ᠠ ᠪᠠᠷ ᠲᠠᠪᠦᠰᠤᠯᠢᠭ ᠢ ᠬᠡᠲᠦᠷᠬᠡᠢ ᠰᠢᠲᠦᠭᠰᠡᠨ ᠠᠴᠠ ᠪᠤᠯᠵᠦ ᠴᠢᠰᠦᠨ ᠲᠤᠲᠦᠷ᠎ᠠ ᠤᠷᠤᠰᠢᠵᠦ ᠪᠠᠶᠢᠬᠤ ᠠᠮᠲᠠᠯᠢᠭ  ᠤᠨ ᠬᠦᠴᠦᠨ ᠢ ᠨᠦᠯᠦᠭᠡᠯᠡᠨ ᠲᠤᠷᠤᠶᠢᠲᠠᠭᠤᠯᠤᠭᠰᠠᠨ ᠠᠴᠠ ᠪᠤᠯᠵᠦ ᠦᠰᠦ ᠨᠢ ᠵᠤᠯᠭᠠᠷᠠᠬᠤ ᠪᠠ ᠦᠰᠦ ᠴᠠᠶᠢᠬᠤ᠂ ᠠᠲᠦᠷᠢᠶ᠎ᠠ ᠤᠯᠠᠰᠢᠷᠠᠬᠤ᠂ ᠬᠦᠴᠦᠨ ᠢ ᠪᠠᠭᠤᠷᠠᠭᠤᠯᠲᠠᠭ᠃      ᠬᠦᠮᠦᠨ ᠤ ᠴᠢᠰᠦᠨ ᠲᠤᠲᠦᠷ᠎ᠠ ᠲᠠᠩ ᠭᠠᠭᠴᠠ ᠠᠮᠲᠠᠯᠢᠭ ᠠᠮᠲᠠ ᠶᠢᠨ ᠡᠷᠲᠡᠮ ᠴᠢᠲᠠᠯ ᠨᠢ ᠡᠶᠢᠮᠦ ᠶᠡᠭᠡ ᠬᠦᠴᠦᠨ ᠢ ᠦᠵᠡᠭᠦᠯᠵᠦ ᠪᠠᠶᠢᠬᠤ ᠲᠤᠯᠠ ᠪᠤᠰᠤᠳ ᠠᠮᠲᠠ ᠨᠢ ᠴᠦ ᠮᠥᠨ ᠡᠭᠦᠨ ᠲᠠᠢ ᠠᠲᠠᠯᠢ ᠪᠠᠷ ᠦᠪᠡᠷ ᠦᠪᠡᠷ  ᠤᠨ ᠵᠤᠬᠢᠬᠤ ᠬᠦᠴᠦᠨ ᠴᠢᠲᠠᠯ ᠢᠶᠠᠨ ᠦᠵᠡᠭᠦᠯᠵᠦ ᠪᠠᠶᠢᠬᠤ ᠶᠤᠮ᠃ ᠡᠶᠢᠮᠦ ᠶᠢᠨ ᠲᠤᠯᠠ ᠬᠦᠮᠦᠨ ᠤ ᠪᠡᠶ᠎ᠡ ᠳᠤ ᠴᠦ ᠮᠥᠨ ᠢᠲᠡᠬᠡᠨ ᠤᠮᠲᠠᠭᠠᠨ ᠤ ᠠᠯᠢ ᠨᠢᠭᠡᠨ ᠠᠮᠲᠠ ᠨᠢ ᠬᠠᠷᠢᠴᠠᠩᠭᠤᠢ ᠲᠡᠩᠴᠡᠭᠦᠷᠢ ᠲᠠᠢ ᠤᠷᠤᠰᠢᠵᠦ ᠪᠠᠶᠢᠲᠠᠭ᠃ ᠠᠮᠲᠠᠯᠢᠭ᠂ ᠲᠠᠪᠦᠰᠤᠯᠢᠭ ᠠᠮᠲᠠ ᠪᠠᠷ ᠴᠢᠰᠦᠨ ᠳᠤ ᠤᠷᠤᠰᠢᠭᠰᠠᠨ ᠪᠤᠰᠤᠳ ᠵᠦᠢᠯ ᠤᠨ ᠠᠮᠲᠠ ᠶᠢ ᠲᠡᠷᠡ ᠮᠡᠲᠦ ᠵᠢᠱᠢᠵᠦ ᠮᠡᠲᠡᠬᠦ ᠶᠢ ᠮᠡᠷᠭᠡᠳ ᠨᠠᠷ ᠦᠪᠡᠷ ᠤᠨ ᠤᠬᠠᠭᠠᠨ ᠢᠶᠠᠷ ᠰᠤᠲᠦᠯᠤᠨ ᠰᠢᠨᠵᠢᠯᠡᠲᠦᠭᠡᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号