ᠲᠠᠩ ᠢ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢᠨ ᠢᠨᠵᠧᠨᠧᠷᠢᠩ ᠢ ᠠᠬᠢᠭᠤᠯᠤᠭᠰᠠᠨ ᠪᠠᠶᠢᠳᠠᠯ ᠳᠤ ᠪᠠᠶᠢᠴᠠᠭᠠᠨ ᠰᠣᠳᠣᠯᠣᠯᠳᠠ ᠬᠢᠪᠡ
ᠨᠡᠶᠢᠲᠡᠯᠡᠭᠰᠡᠨ ᠴᠠᠭ᠄
2024/4/7
     4 ᠰᠠᠷ᠎ᠠ ᠶᠢᠨ 3 ᠤ ᠡᠳᠦᠷ᠂ ᠬᠤᠳᠠ ᠶᠢᠨ ᠨᠠᠮ ᠤᠨ ᠬᠤᠷᠢᠶᠠᠨ ᠤ ᠱᠦᠵᠢ ᠲᠠᠩ ᠢ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢᠨ ᠢᠨᠵᠧᠨᠧᠷᠢᠩ ᠢ ᠠᠬᠢᠭᠤᠯᠤᠭᠰᠠᠨ ᠪᠠᠶᠢᠳᠠᠯ ᠳᠤ ᠪᠠᠶᠢᠴᠠᠭᠠᠨ ᠰᠤᠳᠤᠯᠤᠯᠲᠠ ᠬᠢᠪᠡ᠃ ᠬᠤᠲᠠ ᠶᠢᠨ ᠤᠳᠤᠷᠢᠳᠤᠯᠭ᠎ᠠ ᠯᠢ ᠴᠦᠨ ᠰᠢᠶᠣᠣ᠂ ᠵᠠᠩ ᠸᠧᠢ ᠬᠠᠮᠲᠤ ᠣᠷᠣᠯᠴᠠᠪᠡ᠃

     ᠮᠧᠩ ᠱᠠᠩ ᠪᠠᠩᠬᠢ ᠶᠢᠨ ᠦᠬᠠᠢ ᠶᠢᠨ ᠬᠤᠪᠢᠶᠠᠷᠢ ᠪᠠᠩᠬᠢ ᠳᠤ᠂ ᠲᠠᠩ ᠢ ᠢᠲᠡᠭᠡᠮᠵᠢᠲᠦ ᠵᠢᠭᠡᠯᠡᠯᠭᠡ ᠵᠡᠷᠭᠡ

ᠲᠤᠬᠠᠶᠢᠯᠠᠭᠰᠠᠨ ᠠᠵᠢᠯ ᠥᠷᠨᠢᠭᠦᠯᠦᠭᠰᠡᠨ ᠪᠠᠶᠢᠳᠠᠯ ᠤᠨ ᠲᠠᠨᠢᠯᠴᠠᠭᠤᠯᠭ᠎ᠠ ᠶᠢ ᠰᠣᠨᠣᠰᠪᠡ᠃ ᠲᠡᠷᠡ ᠬᠡᠯᠡᠭᠰᠡᠨ ᠨᠢ᠂

ᠦᠨᠡᠨᠴᠢ ᠢᠲᠡᠭᠡᠮᠵᠢ ᠪᠣᠯ ᠵᠠᠬ᠎ᠠ ᠳᠡᠯᠭᠡᠭᠦᠷ ᠤᠨ ᠠᠵᠤ ᠠᠬᠤᠢ ᠶᠢᠨ ᠰᠠᠭᠤᠷᠢ ᠮᠥᠨ᠂ ᠪᠠᠰᠠ ᠴᠤ ᠤᠳᠤ ᠦᠶ᠎ᠡ ᠶᠢᠨ

ᠮᠥᠩᠭᠦᠨ ᠭᠦᠢᠯᠭᠡᠭᠡᠨ ᠤ ᠰᠠᠭᠤᠷᠢ ᠮᠥᠨ᠃ ᠠᠵᠤ ᠠᠬᠤᠶᠢᠯᠠᠯ ᠤᠨ ᠪᠡᠯᠡ ᠮᠥᠩᠭᠦ ᠴᠤᠭᠯᠠᠭᠤᠯᠬᠤ ᠬᠦᠴᠢᠷ

ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ︽ᠢᠲᠡᠭᠡᠮᠵᠢ︾ ᠪᠠᠷ ︽ᠢᠲᠡᠭᠡᠮᠵᠢ︾ ᠣᠯᠬᠤ ᠪᠡᠯᠡ ᠮᠥᠩᠭᠦ

ᠴᠤᠭᠯᠠᠭᠤᠯᠬᠤ ᠵᠠᠭᠪᠤᠷ ᠢ ᠭᠦᠨᠵᠡᠭᠡᠢ ᠪᠥᠭᠡᠳ ᠪᠣᠳᠠᠲᠠᠢ ᠪᠠᠷ ᠬᠥᠭᠵᠢᠭᠦᠯᠵᠦ᠂ ︽ᠪᠠᠷᠢᠴᠠᠭᠠᠲᠤ ᠵᠢᠭᠡᠯᠡᠯᠭᠡ︾ ᠶᠢ

ᠠᠯᠬᠤᠮ ᠠᠯᠬᠤᠮ ᠢᠶᠠᠷ ︽ᠢᠲᠡᠭᠡᠮᠵᠢᠲᠦ ᠵᠢᠭᠡᠯᠡᠯᠭᠡ︾ ᠲᠡᠰᠢ ᠬᠤᠪᠢᠷᠠᠭᠤᠯᠬᠤ ᠶᠢ ᠠᠬᠢᠭᠤᠯᠵᠤ᠂ ᠠᠵᠤ ᠠᠬᠤᠶᠢᠯᠠᠯ ᠤᠨ

ᠬᠦᠴᠢᠷᠳᠡᠯ ᠢ ᠨᠢ ᠦᠨᠡᠨᠬᠦ ᠰᠢᠢᠳᠪᠦᠷᠢᠯᠡᠵᠦ ᠥᠭᠬᠦ ᠬᠡᠷᠡᠭᠲᠡᠢ᠃ ᠡᠯ᠎ᠡ ᠱᠠᠳᠣ ᠡᠯ᠎ᠡ ᠬᠤᠯᠪᠣᠭᠳᠠᠯ ᠪᠦᠬᠦᠢ ᠰᠠᠯᠠᠭ᠎ᠠ

ᠮᠥᠴᠢᠷ ᠤᠨ ᠬᠢᠨ ᠮᠥᠩᠭᠦᠨ ᠭᠦᠢᠯᠭᠡᠭᠡᠨ ᠤ ᠬᠠᠮᠵᠢᠯᠴᠠᠨ ᠵᠠᠰᠠᠬᠤ ᠲᠣᠭᠲᠠᠴᠠ ᠪᠠᠨ ᠪᠦᠷᠢᠨᠰᠢᠭᠦᠯᠦᠨ

ᠲᠡᠭᠦᠯᠳᠡᠷᠵᠢᠭᠦᠯᠵᠦ᠂ ᠨᠡᠪᠲᠡᠷᠡᠯᠴᠡᠨ ᠬᠠᠮᠵᠢᠯᠴᠠᠬᠤ ᠪᠠᠨ ᠴᠢᠩᠭᠠᠳᠬᠠᠨ᠂ ᠢᠲᠡᠭᠡᠮᠵᠢ ᠶᠢᠨ ᠮᠡᠳᠡᠭᠡ ᠵᠠᠩᠭᠢ ᠶᠢᠨ

ᠬᠡᠷᠡᠭᠯᠡᠯᠲᠡ ᠪᠠᠨ ᠴᠢᠩᠭᠠᠳᠬᠠᠵᠤ᠂ ᠮᠥᠩᠭᠦᠨ ᠭᠦᠢᠯᠭᠡᠭᠡᠨ ᠤ ᠢᠲᠡᠭᠡᠮᠵᠢ ᠶᠢᠨ ᠵᠠᠰᠠᠯᠲᠠ ᠪᠠᠨ ᠴᠢᠩᠭᠠᠳᠬᠠᠨ᠂ ᠦᠨᠡᠨᠴᠢ

ᠢᠲᠡᠭᠡᠮᠵᠢᠲᠡᠢ ᠪᠠᠶᠢᠬᠤ ᠮᠥᠩᠭᠦᠨ ᠭᠦᠢᠯᠭᠡᠭᠡᠨ ᠤ ᠬᠥᠭᠵᠢᠯᠲᠡ ᠶᠢᠨ ᠣᠷᠴᠢᠨ ᠲᠣᠭᠤᠷᠢᠨ ᠢ ᠦᠨᠡᠨᠬᠦ ᠪᠣᠶ ᠪᠣᠯᠭᠠᠬᠤ

ᠬᠡᠷᠡᠭᠲᠡᠢ ᠭᠡᠵᠡᠢ᠃

     ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠳᠤ᠂ ᠲᠠᠩ ᠢ ᠵᠠᠰᠠᠭ ᠤᠨ ᠣᠷᠳᠣᠨ ᠤ ᠬᠤᠳᠠᠯᠳᠤᠨ ᠠᠪᠬᠤ

ᠡᠭᠦᠯᠡᠨ ᠲᠠᠪᠴᠠᠩ ᠤᠨ ᠲᠥᠰᠥᠪ᠂ ᠲᠣᠭᠠᠴᠠᠭ᠎ᠠ᠂ ᠰᠢᠯᠭᠠᠨ ᠠᠪᠬᠤ ᠵᠡᠷᠭᠡ ᠶᠠᠪᠤᠴᠠ ᠶᠢᠨ ᠲᠣᠬᠢᠷᠠᠭᠤᠯᠤᠯᠲᠠ ᠶᠢᠨ

ᠪᠠᠶᠢᠳᠠᠯ ᠢ ᠨᠢ ᠨᠠᠷᠢᠨ ᠣᠶᠢᠯᠠᠭᠠᠪᠠ᠃ ᠲᠡᠷᠡ ᠬᠡᠯᠡᠭᠰᠡᠨ ᠨᠢ᠂ ᠬᠤᠳᠠᠯᠳᠤᠨ ᠠᠪᠬᠤ ᠲᠠᠪᠴᠠᠩ ᠤᠨ ᠴᠢᠳᠠᠮᠵᠢ ᠶᠢᠨ

ᠠᠭᠤᠯᠭ᠎ᠠ ᠪᠠᠨ ᠪᠠᠶᠠᠯᠢᠭᠵᠢᠭᠤᠯᠵᠤ᠂ ᠡᠯ᠎ᠡ ᠵᠦᠢᠯ ᠤᠨ ᠳᠦᠷᠢᠮ ᠤᠨ ᠴᠤᠪᠤᠷᠠᠯ ᠢᠶᠠᠨ ᠵᠢᠷᠤᠮᠵᠢᠭᠤᠯᠤᠨ᠂ ᠬᠤᠳᠠᠯᠳᠤᠨ

ᠠᠪᠬᠤ ᠲᠠᠪᠴᠠᠩ ᠢ ᠦᠨᠡᠨ ᠬᠦ ᠰᠠᠶᠢᠲᠤᠷ ᠪᠠᠶᠢᠭᠤᠯᠤᠨ ᠰᠠᠶᠢᠲᠤᠷ ᠬᠡᠷᠡᠭᠯᠡᠵᠦ᠂ ᠠᠷᠠᠯᠵᠢᠶᠠᠨ ᠤ ᠪᠥᠬᠦ ᠶᠠᠪᠤᠴᠠ ᠶᠢᠨ

ᠡᠷᠬᠡ ᠲᠡᠭᠰᠢ᠂ ᠲᠥᠪ ᠭᠤᠥᠯᠴᠢ᠂ ᠢᠯᠡ ᠲᠣᠳᠣ ᠪᠠᠶᠢᠬᠤ ᠶᠢ ᠦᠨᠡᠨ ᠬᠦ ᠪᠠᠲᠤᠯᠠᠬᠤ ᠬᠡᠷᠡᠭᠲᠡᠢ᠃ ᠦᠨᠡᠨᠴᠢ

ᠢᠲᠡᠭᠡᠮᠵᠢᠲᠡᠢ ᠪᠠᠶᠢᠬᠤ ᠵᠠᠬ᠎ᠠ ᠳᠡᠯᠭᠡᠭᠦᠷ ᠤᠨ ᠣᠷᠴᠢᠨ ᠲᠤᠭᠤᠷᠢᠨ ᠢ ᠶᠡᠭᠡ ᠪᠠᠷ ᠪᠣᠶ ᠪᠣᠯᠭᠠᠵᠤ᠂ ᠵᠠᠰᠠᠭ ᠤᠨ

ᠣᠷᠳᠣᠨ ᠤ ᠦᠨᠡᠨᠴᠢ ᠢᠲᠡᠭᠡᠮᠵᠢᠲᠡᠢ ᠪᠠᠷ ᠭᠡᠷ᠎ᠡ ᠪᠠᠨ ᠭᠦᠢᠴᠡᠳᠬᠡᠬᠦ ᠲᠣᠭᠲᠠᠴᠠ ᠪᠠᠨ ᠲᠡᠭᠦᠯᠳᠡᠷᠵᠢᠭᠦᠯᠦᠨ᠂

ᠵᠠᠰᠠᠭ ᠤᠨ ᠣᠷᠳᠣᠨ ᠤ ᠬᠤᠳᠠᠯᠳᠤᠨ ᠠᠪᠬᠤ ᠠᠮᠠᠯᠠᠯᠲᠠ ᠪᠠᠨ ᠪᠣᠳᠠᠲᠠᠶᠢᠵᠢᠭᠤᠯᠬᠤ ᠶᠢ ᠠᠬᠢᠭᠤᠯᠵᠤ᠂ ᠵᠠᠰᠠᠭ ᠤᠨ

ᠶᠠᠪᠤᠳᠠᠯ ᠤᠨ ᠦᠨᠡᠨᠴᠢ ᠢᠲᠡᠭᠡᠮᠵᠢ ᠶᠢᠨ ᠵᠢᠱᠢᠶ᠎ᠡ ᠦᠵᠡᠭᠦᠯᠬᠦ ᠪᠠᠷ ᠨᠡᠶᠢᠭᠡᠮ ᠤᠨ ᠦᠨᠡᠨᠴᠢ ᠢᠲᠡᠭᠡᠮᠵᠢ ᠶᠢ

ᠳᠠᠶᠢᠴᠢᠯᠠᠬᠤ ᠬᠡᠷᠡᠭᠲᠡᠢ︔ ᠦᠨᠡᠨᠴᠢ ᠢᠲᠡᠭᠡᠮᠵᠢ ᠲᠠᠢ ᠪᠠᠶᠢᠬᠤ ᠶᠢ ᠤᠷᠮᠠᠰᠢᠭᠤᠯᠤᠨ ᠵᠣᠷᠢᠭᠵᠢᠭᠤᠯᠬᠤ᠂ ᠢᠲᠡᠭᠡᠯ

ᠠᠯᠳᠠᠬᠤ ᠶᠢ ᠵᠠᠯᠬᠠᠭᠠᠨ ᠴᠡᠭᠡᠷᠯᠡᠭᠦᠯᠬᠦ ᠲᠣᠭᠲᠠᠴᠠ ᠪᠠᠨ ᠪᠦᠷᠢᠨᠰᠢᠭᠦᠯᠵᠦ᠂ ᠨᠡᠶᠢᠭᠡᠮ ᠤᠨ ᠦᠨᠡᠨᠴᠢ ᠢᠲᠡᠭᠡᠮᠵᠢᠲᠡᠢ ᠪᠠᠷ

ᠭᠡᠷ᠎ᠡ ᠪᠠᠨ ᠭᠦᠢᠴᠡᠳᠬᠡᠬᠦ ᠤᠬᠠᠮᠰᠠᠷ ᠢᠶᠠᠨ ᠴᠢᠩᠭᠠᠳᠬᠠᠵᠤ᠂ ᠭᠡᠷ᠎ᠡ ᠪᠠᠨ ᠭᠦᠢᠴᠡᠳᠬᠡᠬᠦ ᠠᠵᠢᠯᠯᠠᠭ᠎ᠠ ᠪᠠᠨ

ᠵᠢᠷᠤᠮᠵᠢᠭᠤᠯᠵᠤ᠂ ᠦᠨᠡᠨᠴᠢ ᠢᠲᠡᠭᠡᠮᠵᠢ ᠲᠠᠢ ᠪᠠᠶᠢᠬᠤ ᠶᠢ ᠴᠢᠬᠤᠯᠠᠴᠢᠯᠠᠬᠤ ᠰᠠᠶᠢᠨ ᠰᠠᠶᠢᠬᠠᠨ ᠨᠡᠶᠢᠭᠡᠮ ᠤᠨ ᠠᠭᠤᠷ

ᠠᠮᠢᠰᠬᠤᠯ ᠢ ᠪᠤᠢ ᠪᠣᠯᠭᠠᠵᠤ᠂ ᠦᠬᠠᠢ ᠶᠢ ᠪᠦᠬᠦ ᠤᠯᠤᠰ ᠤᠨ ᠨᠡᠶᠢᠭᠡᠮ ᠤᠨ ᠦᠨᠡᠨᠴᠢ ᠢᠲᠡᠭᠡᠮᠵᠢ ᠶᠢᠨ ᠰᠢᠰᠲ᠋ᠧᠮ ᠤᠨ

ᠪᠠᠶᠢᠭᠤᠯᠤᠯᠲᠠ ᠶᠢᠨ ᠵᠢᠱᠢᠶ᠎ᠡ ᠦᠵᠡᠭᠦᠯᠬᠦ ᠬᠤᠳᠠ ᠶᠢᠨ ᠨᠡᠷ᠎ᠡ ᠶᠢᠨ ᠬᠠᠭᠤᠳᠠᠰᠤ ᠪᠠᠨ ᠤᠯᠠᠮ ᠠᠴᠠ ᠤᠯᠠᠮ ᠢᠯᠡ

ᠪᠣᠯᠭᠠᠬᠤ ᠬᠡᠷᠡᠭᠲᠡᠢ ᠭᠡᠵᠡᠢ᠃

     ᠲᠠᠩ ᠢ ᠪᠠᠰᠠ ᠬᠤᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶᠠᠨ ᠤ ᠶᠡᠷᠦᠩᠬᠡᠶᠢᠯᠡᠨ

ᠭᠦᠢᠴᠡᠳᠬᠡᠬᠦ ᠲᠣᠪᠴᠢᠶ᠎ᠠ᠂ ᠦᠬᠠᠢ ᠶᠢᠨ ᠬᠥᠨᠳᠡᠯᠡᠨ ᠠᠴᠠ ᠲᠠᠰᠤᠯᠬᠤ ᠵᠦᠪᠯᠡᠯ ᠳᠤ ᠬᠦᠷᠴᠦ᠂ ᠰᠢᠭᠦᠨ ᠲᠠᠰᠤᠯᠤᠯᠲᠠ

 ᠶᠢ ᠭᠦᠢᠴᠡᠳᠬᠡᠬᠦ᠂ ᠬᠥᠨᠳᠡᠯᠡᠨ ᠠᠴᠠ ᠲᠠᠰᠤᠯᠬᠤ ᠠᠵᠢᠯ ᠵᠡᠷᠭᠡ ᠪᠠᠶᠢᠳᠠᠯ ᠢ ᠨᠢ ᠲᠣᠰ ᠲᠣᠰ ᠣᠶᠢᠯᠠᠭᠠᠪᠠ᠃ ᠲᠡᠷᠡ

ᠬᠡᠯᠡᠭᠰᠡᠨ ᠨᠢ᠂ ᠬᠦᠴᠦᠨ ᠲᠠᠢ ᠪᠣᠯᠤᠭᠰᠠᠨ ᠲᠠᠰᠤᠯᠤᠯᠲᠠ ᠶᠢ ᠪᠦᠲᠦᠮᠵᠢᠲᠡᠢ ᠭᠦᠢᠴᠡᠳᠬᠡᠬᠦ ᠨᠢ ᠲᠤᠬᠠᠢ ᠶᠢᠨ ᠬᠥᠮᠥᠨ ᠤ

ᠡᠷᠬᠡ ᠠᠰᠢᠭ ᠢ ᠪᠡᠶᠡᠯᠡᠭᠦᠯᠬᠦ ᠲᠠᠢ ᠬᠤᠯᠪᠣᠭᠳᠠᠬᠤ ᠪᠠᠷ ᠪᠠᠷᠠᠬᠤ ᠦᠭᠡᠢ ᠨᠡᠩ ᠴᠤ ᠬᠠᠤᠯᠢ ᠴᠠᠭᠠᠵᠠ ᠶᠢᠨ ᠤᠯᠠᠨ

ᠨᠡᠶᠢᠲᠡ ᠶᠢ ᠢᠲᠡᠭᠡᠭᠦᠯᠬᠦ ᠬᠦᠴᠦᠨ ᠢ ᠰᠢᠯᠭᠠᠬᠤ ᠪᠣᠯᠣᠨ᠎ᠠ᠃ ᠭᠦᠢᠴᠡᠳᠬᠡᠬᠦ ᠠᠷᠭ᠎ᠠ ᠮᠠᠶ᠋ᠢᠭ ᠢᠶᠠᠨ ᠰᠢᠯᠢᠳᠡᠭᠵᠢᠭᠦᠯᠵᠦ᠂

ᠭᠦᠢᠴᠡᠳᠬᠡᠬᠦ ᠥᠭᠡᠷᠡᠴᠢᠯᠡᠯᠲᠡ ᠪᠠᠨ ᠭᠦᠨᠵᠡᠭᠡᠶᠢᠷᠡᠭᠦᠯᠦᠨ᠂ ᠭᠦᠢᠴᠡᠳᠬᠡᠬᠦ ᠲᠣᠭᠲᠠᠴᠠ ᠪᠠᠨ ᠲᠡᠭᠦᠯᠳᠡᠷᠵᠢᠭᠦᠯᠵᠦ᠂

ᠭᠦᠢᠴᠡᠳᠬᠡᠬᠦ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠶᠢ ᠲᠦᠯᠬᠢᠨ ᠠᠬᠢᠭᠤᠯᠵᠤ᠂ ᠬᠠᠤᠯᠢ ᠪᠠᠷᠢᠬᠤ ᠶᠠᠰᠤ ᠴᠢᠨᠠᠷ᠂

ᠦᠷ᠎ᠡ ᠪᠦᠲᠦᠮᠵᠢ ᠪᠠ ᠤᠯᠠᠨ ᠨᠡᠶᠢᠲᠡ ᠶᠢ ᠢᠲᠡᠭᠡᠭᠦᠯᠬᠦ ᠬᠦᠴᠦᠨ ᠢᠶᠠᠨ ᠦᠨᠡᠨ ᠬᠦ ᠳᠡᠭᠡᠭᠰᠢᠯᠡᠭᠦᠯᠵᠦ᠂ ᠬᠠᠤᠯᠢ

ᠪᠠᠷᠢᠬᠤ ᠬᠡᠷᠡᠭ ᠨᠢᠭᠡᠪᠦᠷᠢ ᠠᠴᠠ ᠤᠯᠠᠨ ᠲᠦᠮᠡᠨ ᠳᠤ ᠴᠥᠮ ᠲᠥᠪ ᠭᠤᠣᠯᠴᠢ ᠰᠢᠳᠤᠷᠭᠤ ᠶᠣᠰᠣ ᠶᠢ

ᠮᠡᠳᠡᠷᠡᠭᠦᠯᠬᠦ ᠪᠠᠷ ᠴᠢᠷᠮᠠᠶᠢᠬᠤ ᠬᠡᠷᠡᠭᠲᠡᠢ᠃ ᠳᠣᠲᠣᠭᠠᠳᠤ ᠳᠠᠭᠠᠨ ᠵᠣᠬᠢᠴᠠᠭᠤᠯᠬᠤ᠂ ᠭᠠᠳᠠᠨ᠎ᠠ ᠠᠴᠠ ᠬᠠᠮᠲᠤᠷᠠᠨ

ᠬᠥᠳᠡᠯᠦᠯᠴᠡᠬᠦ ᠲᠣᠭᠲᠠᠴᠠ ᠪᠠᠨ ᠪᠦᠷᠢᠨᠰᠢᠭᠦᠯᠦᠨ ᠲᠡᠭᠦᠯᠳᠡᠷᠵᠢᠭᠦᠯᠵᠦ᠂ ᠭᠦᠢᠴᠡᠳᠬᠡᠬᠦ ᠨᠡᠶᠢᠯᠡᠮᠡᠯ ᠬᠦᠴᠦᠨ ᠢ

ᠪᠦᠷᠢᠯᠳᠦᠭᠦᠯᠵᠦ᠂ ᠠᠵᠢᠯ ᠤᠨ ᠴᠢᠨᠠᠷ ᠴᠢᠨᠰᠠᠭ᠎ᠠ ᠦᠷ᠎ᠡ ᠪᠦᠲᠦᠮᠵᠢ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠬᠦ

ᠬᠡᠷᠡᠭᠲᠡᠢ᠃ ᠬᠥᠨᠳᠡᠯᠡᠨ ᠠᠴᠠ ᠲᠠᠰᠤᠯᠬᠤ ᠪᠣᠯ ᠢᠷᠭᠡᠨ ᠤ ᠪᠠ ᠬᠤᠳᠠᠯᠳᠤᠭᠠᠨ ᠤ ᠬᠡᠷᠡᠭ ᠤᠨ ᠵᠢᠭᠤᠷᠠᠯᠳᠤᠭᠠᠨ ᠢ

ᠰᠢᠢᠳᠪᠦᠷᠢᠯᠡᠬᠦ ᠴᠢᠬᠤᠯᠠ ᠬᠠᠤᠯᠢ ᠴᠠᠭᠠᠵᠠ ᠶᠢᠨ ᠠᠷᠭ᠎ᠠ ᠵᠠᠮ ᠮᠥᠨ᠂ ᠬᠥᠨᠳᠡᠯᠡᠨ ᠠᠴᠠ ᠲᠠᠰᠤᠯᠬᠤ ᠶᠠᠪᠤᠴᠠ ᠪᠠᠨ

ᠵᠢᠷᠤᠮᠵᠢᠭᠤᠯᠵᠤ᠂ ᠬᠥᠨᠳᠡᠯᠡᠨ ᠠᠴᠠ ᠲᠠᠰᠤᠯᠬᠤ ᠬᠢᠷᠢ ᠬᠡᠮᠵᠢᠶ᠎ᠡ ᠪᠠ ᠶᠠᠰᠤ ᠴᠢᠨᠠᠷ ᠢᠶᠠᠨ ᠳᠡᠭᠡᠭᠰᠢᠯᠡᠭᠦᠯᠵᠦ᠂

ᠬᠥᠨᠳᠡᠯᠡᠨ ᠠᠴᠠ ᠲᠠᠰᠤᠯᠬᠤ ᠠᠵᠢᠯ ᠤᠨ ᠨᠡᠶᠢᠲᠡ ᠶᠢᠨ ᠢᠲᠡᠭᠡᠮᠵᠢ ᠶᠢ ᠦᠨᠡᠨ ᠬᠦ ᠨᠡᠮᠡᠭᠳᠡᠭᠦᠯᠬᠦ ᠬᠡᠷᠡᠭᠲᠡᠢ᠃

ᠤᠬᠠᠭᠤᠯᠤᠨ ᠳᠡᠯᠭᠡᠷᠡᠭᠦᠯᠬᠦ ᠡᠷᠴᠢᠮ ᠢᠶᠠᠨ ᠴᠢᠩᠭᠠᠷᠠᠭᠤᠯᠵᠤ᠂ ᠨᠡᠩ ᠤᠯᠠᠨ ᠬᠥᠮᠥᠨ ᠳᠤ ᠬᠥᠨᠳᠡᠯᠡᠨ ᠠᠴᠠ

ᠲᠠᠰᠤᠯᠬᠤ ᠶᠢ ᠮᠡᠳᠡᠭᠦᠯᠬᠦ᠂ ᠬᠥᠨᠳᠡᠯᠡᠨ ᠠᠴᠠ ᠲᠠᠰᠤᠯᠬᠤ ᠶᠢ ᠣᠶᠢᠯᠠᠭᠠᠬᠤ᠂ ᠬᠥᠨᠳᠡᠯᠡᠨ ᠠᠴᠠ ᠲᠠᠰᠤᠯᠬᠤ ᠶᠢ ᠢᠳᠡᠭᠡᠬᠦ

 ᠶᠢ ᠪᠡᠶᠡᠯᠡᠬᠦᠯᠵᠦ᠂ ᠬᠥᠨᠳᠡᠯᠡᠨ ᠠᠴᠠ ᠲᠠᠰᠤᠯᠬᠤ ᠪᠠ ᠬᠠᠤᠯᠢ ᠴᠠᠭᠠᠵᠠ ᠶᠢᠨ ᠰᠠᠶᠢᠨ ᠨᠥᠬᠦᠴᠡᠯᠳᠦᠯ ᠢ ᠪᠤᠢ

ᠪᠣᠯᠭᠠᠬᠤ ᠶᠢ ᠠᠬᠢᠭᠤᠯᠵᠤ᠂ ᠦᠨᠡᠨᠴᠢ ᠢᠲᠡᠭᠡᠮᠵᠢ ᠶᠢᠨ ᠰᠢᠰᠲ᠋ᠧᠮ ᠤᠨ ᠪᠠᠶᠢᠭᠤᠯᠤᠯᠲᠠ ᠶᠢ ᠬᠠᠮᠲᠤ ᠪᠠᠷ ᠳᠡᠮᠵᠢᠬᠦ

ᠬᠡᠷᠡᠭᠲᠡᠢ ᠭᠡᠵᠡᠢ᠃

 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号