ᠶᠠᠮᠠᠷ ᠬᠦᠮᠦᠨ ᠳᠤ ᠦᠮᠦᠭᠯᠡᠬᠦ ᠬᠠᠤᠯᠢᠴᠢ ᠲᠤᠭᠲᠠᠭᠠᠵᠦ ᠦᠭᠪᠡᠯ ᠵᠤᠬᠢᠬᠤ ᠪᠤᠢ
ᠨᠡᠶᠢᠲᠡᠯᠡᠭᠰᠡᠨ ᠴᠠᠭ᠄
2024/5/27
     ᠠᠷᠠᠳ ᠤᠨ ᠰᠢᠭᠦᠬᠦ ᠬᠤᠷᠢᠶ᠎ᠠ ᠶᠢᠨ ᠦᠮᠦᠭᠯᠡᠬᠦ ᠬᠠᠤᠯᠢᠴᠢ ᠲᠤᠭᠲᠠᠭᠠᠵᠦ ᠦᠭᠬᠦ ᠳᠤ ᠬᠤᠶᠠᠷ ᠵᠦᠢᠯ ᠤᠨ ᠪᠠᠶᠢᠲᠠᠯ ᠲᠠᠢ ᠪᠠᠶᠢᠲᠠᠭ᠄ ᠨᠢᠭᠡ ᠳᠤ ᠵᠠᠪᠠᠯ ᠲᠤᠭᠲᠠᠭᠠᠵᠦ ᠦᠭᠭᠦᠨ᠎ᠠ᠃ ᠨᠦᠬᠦᠭᠡ ᠨᠢᠭᠡ ᠵᠦᠢᠯ ᠨᠢ ᠭᠡᠪᠡᠯ ᠪᠠᠶᠢᠲᠠᠯ ᠢ  ᠨᠢ ᠦᠵᠡᠵᠦ ᠲᠤᠭᠲᠠᠭᠠᠵᠦ ᠦᠭᠴᠤ ᠪᠤᠯᠤᠨ᠎ᠠ᠂ ᠲᠤᠭᠲᠠᠭᠠᠵᠦ ᠦᠭᠬᠦ ᠦᠭᠡᠢ ᠪᠠᠶᠢᠵᠦ ᠴᠤ ᠪᠤᠯᠤᠨ᠎ᠠ᠃      ᠠᠷᠠᠳ ᠤᠨ ᠰᠢᠭᠦᠬᠦ ᠬᠤᠷᠢᠶ᠎ᠠ ᠲᠤᠤᠷᠠᠬᠢ ᠬᠡᠲᠦᠨ ᠵᠦᠢᠯ ᠤᠨ ᠬᠦᠮᠦᠨ ᠳᠤ ᠬᠠᠤᠯᠢᠴᠢ ᠲᠤᠭᠲᠠᠭᠠᠠ ᠦᠭᠴᠤ ᠦᠮᠦᠭᠯᠡᠭᠦᠯᠵᠦ ᠪᠤᠯᠤᠨ᠎ᠠ᠄          1.ᠬᠠᠷᠠᠭ᠎ᠠ ᠠᠯᠲᠠᠭᠰᠠᠠ᠂ ᠲᠦᠯᠡᠢ᠂ ᠶᠠᠪᠠ ᠵᠡᠷᠭᠡ ᠪᠢᠤᠯᠤᠬᠢ ᠨᠢ ᠲᠤᠲᠠᠭᠲᠠᠯ ᠲᠠᠢ ᠵᠠᠭᠠᠯᠲᠤᠭᠲᠠᠭᠴᠢ᠂ ᠬᠠᠷᠠᠭ᠎ᠠ ᠠᠯᠲᠠᠭᠰᠠᠠ᠂ ᠲᠦᠯᠡᠢ᠂ ᠶᠠᠪᠠ ᠶᠢᠨ ᠪᠦᠬᠦ ᠪᠠᠶᠢᠲᠠᠯ ᠢ ᠪᠦᠷᠢᠯᠲᠦᠬᠦᠯᠬᠦ ᠦᠭᠡᠢ ᠪᠤᠯᠪᠠᠴᠤ ᠡᠭᠦᠨ ᠤ ᠲᠤᠲᠤᠷᠠᠬᠢ ᠨᠢᠭᠡ ᠵᠦᠢᠯ ᠢ ᠨᠢ ᠪᠦᠷᠢᠯᠲᠦᠭᠦᠯᠦᠭᠰᠡᠡ ᠪᠠᠶᠢᠪᠠᠯ ᠪᠠᠰᠠ ᠪᠤᠯᠤᠨ᠎ᠠ᠃ ᠭᠡᠷᠪᠡ ᠨᠠᠶᠢᠲᠠᠭᠰᠠᠠ ᠦᠮᠦᠭᠯᠡᠭᠴᠢ ᠦᠭᠡᠢ ᠪᠤᠯ ᠠᠷᠠᠳ ᠤᠨ ᠰᠢᠭᠦᠬᠦ ᠬᠤᠷᠢᠶ᠎ᠠ ᠬᠠᠤᠯᠢ ᠴᠠᠭᠠᠵᠠ ᠶᠢᠨ ᠲᠤᠰᠠᠯᠠᠮᠵᠢ ᠦᠵᠡᠭᠦᠯᠬᠦ ᠡᠭᠦᠷᠭᠡ ᠬᠠᠷᠢᠭᠤᠴᠠᠯᠭ᠎ᠠ ᠲᠠᠢ ᠬᠠᠤᠯᠢᠴᠢ ᠪᠠᠷ ᠲᠡᠭᠦᠨ ᠢ ᠦᠮᠦᠭᠯᠡᠭᠦᠯᠦᠨ᠎ᠠ᠃ ᠠᠲᠡ ᠬᠡᠯᠡᠵᠦ ᠪᠠᠶᠢᠭ᠎ᠠ ᠬᠠᠷᠠᠭ᠎ᠠ ᠠᠯᠲᠠᠭᠰᠠᠠ᠂ ᠲᠦᠯᠡᠢ᠂ ᠶᠠᠪᠠ᠂ ᠬᠦᠮᠦᠨ ᠭᠡᠲᠡᠭ ᠤᠨ ᠬᠠᠷᠠᠭ᠎ᠠ ᠠᠯᠲᠠᠭᠰᠠᠠ ᠭᠡᠲᠡᠭ ᠨᠢ ᠡᠷᠭᠡᠪᠰᠢ ᠬᠤᠶᠠᠷ ᠨᠢᠲᠤ ᠨᠢ ᠬᠠᠷᠠᠭ᠎ᠠ ᠪᠠᠨ ᠠᠯᠲᠠᠭᠰᠠᠠ ᠪᠠᠶᠢᠬᠤ ᠬᠡᠷᠡᠭᠲᠡᠢ᠂ ᠲᠦᠯᠡᠢ ᠭᠡᠲᠡᠭ ᠨᠢ ᠬᠤᠶᠠᠷ ᠴᠢᠬᠢ ᠨᠢ ᠪᠦᠷ ᠤᠯᠵᠦ ᠰᠤᠨᠤᠰᠬᠤ ᠦᠭᠡᠢ ᠬᠦᠮᠦᠨ᠃ ᠶᠠᠪᠠ ᠭᠡᠲᠡᠭ  ᠨᠢ ᠦᠭᠡ ᠬᠡᠯᠡᠵᠦ ᠴᠢᠲᠠᠬᠤ ᠦᠭᠡᠢ ᠬᠦᠮᠦᠨ ᠢ ᠬᠡᠯᠡᠨ᠎ᠠ᠃ ᠡᠲᠡᠭᠡᠷ ᠪᠢᠤᠯᠤᠬᠢ ᠶᠢᠨ ᠲᠠᠯ᠎ᠠ ᠪᠠᠷ ᠬᠢ ᠲᠤᠲᠠᠭᠲᠠᠯ ᠨᠢ ᠦᠢᠯᠠ ᠠᠵᠢᠯᠯᠠᠭᠠᠲᠠᠠ ᠳᠤ ᠬᠦᠴᠢᠷᠲᠡᠯ ᠪᠤᠶᠤ ᠬᠠᠷᠰᠢ ᠰᠠᠭᠠᠳ ᠠᠪᠴᠢᠷᠠᠵᠦ᠂ ᠡᠷᠡᠭᠦᠯ ᠬᠦᠮᠦᠨ ᠲᠠᠢ ᠠᠲᠠᠯᠢᠬᠠᠠ ᠢᠶᠠᠷ ᠠᠰᠠᠭᠤᠲᠠᠯ ᠢ ᠲᠠᠨᠢᠬᠤ ᠪᠦᠭᠡᠳ ᠤᠴᠢᠷ ᠶᠠᠪᠤᠲᠠᠯ ᠢ ᠢᠯᠭᠠᠵᠦ ᠴᠢᠲᠠᠬᠤ ᠦᠭᠡᠢ ᠪᠤᠯᠭᠠᠵᠠᠢ᠂ ᠡᠶᠢᠮᠦ  ᠠᠴᠠ ᠠᠷᠠᠳ ᠤᠨ ᠰᠢᠭᠦᠬᠦ ᠬᠤᠷᠢᠶ᠎ᠠ ᠡᠷᠭᠡᠪᠰᠢ ᠬᠠᠤᠯᠢᠴᠢ ᠲᠤᠭᠲᠠᠭᠠᠠ ᠦᠭᠴᠤ ᠲᠡᠭᠦᠨ ᠢ ᠦᠮᠦᠭᠯᠡᠭᠦᠯᠬᠦ ᠬᠡᠷᠡᠭᠲᠡᠢ᠃      2.ᠨᠠᠰᠤᠨ ᠳᠤ ᠦᠯᠦ ᠬᠦᠷᠦᠭᠰᠡᠡ ᠵᠠᠭᠠᠯᠲᠤᠭᠲᠠᠭᠴᠢ᠃ ᠨᠡᠶᠢᠲᠡ ᠶᠢᠨ ᠤᠯᠠᠷᠢᠯ ᠢᠶᠠᠷ ᠪᠤᠲᠤᠵᠦ᠂ 18 ᠪᠦᠬᠦᠯᠢ ᠨᠠᠰᠤ ᠬᠦᠷᠦᠭᠡᠲᠦᠢ ᠵᠠᠭᠠᠯᠲᠤᠭᠲᠠᠭᠴᠢ ᠨᠠᠶᠢᠲᠠᠭᠰᠠᠠ ᠦᠮᠦᠭᠯᠡᠭᠴᠢ ᠦᠭᠡᠢ ᠪᠤᠯ ᠠᠷᠠᠳ ᠤᠨ ᠰᠢᠭᠦᠬᠦ ᠬᠤᠷᠢᠶ᠎ᠠ ᠬᠠᠤᠯᠢ ᠴᠠᠭᠠᠵᠠ ᠶᠢᠨ ᠲᠤᠰᠠᠯᠠᠮᠵᠢ ᠦᠵᠡᠭᠦᠯᠬᠦ ᠬᠠᠷᠢᠭᠤᠴᠠᠯᠭ᠎ᠠ ᠲᠠᠢ ᠬᠠᠤᠯᠢᠴᠢ ᠲᠤᠭᠲᠠᠭᠠᠵᠦ ᠵᠠᠭᠠᠯᠲᠤᠭᠲᠠᠭᠴᠢ ᠶᠢ ᠦᠮᠦᠭᠯᠡᠭᠦᠯᠪᠠᠯ ᠵᠤᠬᠢᠨ᠎ᠠ᠃ ᠤᠴᠢᠷ ᠨᠢ ᠨᠠᠰᠤᠨ ᠳᠤ ᠦᠯᠦ ᠬᠦᠷᠦᠭᠰᠡᠳ ᠶᠠᠭ ᠦᠰᠦᠨ ᠪᠤᠶᠢᠵᠢᠵᠦ ᠪᠠᠶᠢᠬᠤ ᠱᠠᠲᠤᠨ  ᠳᠠᠭᠠᠨ ᠪᠠᠶᠢᠵᠦ᠂ ᠤᠶᠤᠨ ᠤᠬᠠᠭᠠᠠ ᠨᠢ ᠪᠠᠰᠠ ᠬᠦᠭᠵᠢᠵᠦ ᠬᠦᠢᠴᠡᠭᠡᠲᠦᠢ᠂ ᠨᠡᠶᠢᠭᠡᠮ ᠤᠨ ᠮᠡᠲᠡᠯᠭᠡ ᠪᠠᠷ ᠲᠤᠲᠠᠮᠠᠭ᠂ ᠦᠪᠡᠷ ᠤᠨ ᠦᠢᠯᠡ ᠠᠵᠢᠯᠯᠠᠭ᠎ᠠ ᠪᠠᠨ ᠪᠦᠷᠢᠮᠦᠰᠦᠨ ᠢᠯᠭᠠᠠ ᠲᠠᠨᠢᠵᠦ ᠡᠵᠡᠮᠲᠡᠬᠦ ᠴᠢᠲᠠᠪᠤᠷᠢ ᠦᠭᠡᠢ ᠪᠠᠶᠢᠭᠰᠠᠭᠠᠷ᠃ ᠡᠭᠦᠨ ᠤ ᠲᠠᠭᠠᠤ ᠳᠤ᠂ ᠬᠠᠤᠯᠢ ᠶᠤᠰᠤᠭᠠᠷ ᠦᠪᠡᠷ ᠢ ᠪᠠᠨ ᠬᠠᠮᠠᠭᠠᠯᠠᠬᠤ ᠵᠠᠭᠠᠯᠲᠤᠯᠭ᠎ᠠ ᠬᠢᠬᠦ ᠡᠷᠭᠡ ᠶᠢᠨ ᠤᠬᠠᠮᠰᠠᠷ ᠢᠶᠠᠷ ᠲᠤᠲᠠᠮᠠᠭ ᠪᠠᠶᠢᠭᠰᠠᠭᠠᠷ᠃ ᠨᠠᠰᠤᠨ ᠳᠤ ᠦᠯᠦ ᠬᠦᠷᠦᠭᠰᠡᠳ ᠡᠶᠢᠮᠦ ᠤᠨᠴᠠᠭᠠᠢ ᠴᠠᠭ ᠦᠶ᠎ᠠ ᠳᠤ ᠤᠷᠤᠰᠢᠵᠦ ᠪᠠᠶᠢᠬᠤ ᠪᠤᠯᠬᠤᠷ᠂ ᠬᠠᠤᠯᠢ ᠴᠠᠭᠠᠵᠠ ᠳᠤ ᠢᠩᠭᠢᠵᠦ ᠲᠤᠭᠲᠠᠭᠠᠵᠠᠢ᠂ ᠡᠨᠡ ᠨᠢ ᠮᠦᠨ ᠴᠤ ᠲᠡᠭᠦᠨ ᠤ ᠡᠷᠭᠡ ᠶᠢ ᠨᠢ ᠬᠦᠢᠴᠡᠳ ᠪᠠᠲᠤᠯᠠᠵᠦ ᠪᠠᠶᠢᠬᠤ ᠶᠢᠨ ᠪᠤᠲᠠᠲᠠᠢ ᠢᠯᠡᠷᠡᠯ ᠮᠦᠨ᠃      3.ᠠᠷᠠᠳ ᠤᠨ ᠰᠢᠭᠦᠬᠦ ᠬᠤᠷᠢᠶ᠎ᠠ ᠠᠷᠠᠳ ᠤᠨ ᠪᠠᠶᠢᠴᠠᠭᠠᠬᠤ ᠬᠤᠷᠢᠶᠠᠠ ᠤ ᠵᠠᠭᠠᠯᠲᠤᠯᠭ᠎ᠠ ᠬᠢᠬᠦ ᠳᠤ ᠬᠠᠩᠭᠠᠭᠰᠠᠠ ᠪᠠᠶᠢᠲᠠᠯ ᠪᠤᠯᠤᠨ ᠴᠢᠬᠤᠯᠠ ᠭᠡᠷᠡᠴᠢ ᠶᠢ ᠦᠨᠲᠦᠰᠦᠯᠡᠵᠦ ᠵᠠᠭᠠᠯᠲᠤᠭᠲᠠᠭᠴᠢ ᠶᠢ ᠠᠯᠠᠬᠤ ᠶᠠᠯ᠎ᠠ ᠪᠠᠷ ᠰᠢᠳᠭᠡᠵᠦ ᠪᠤᠯᠤᠨ᠎ᠠ ᠭᠡᠵᠦ ᠦᠵᠡᠬᠦ ᠦᠶᠡᠰ᠂ ᠬᠡᠷᠪᠡ ᠵᠠᠭᠠᠯᠲᠤᠭᠲᠠᠭᠴᠢ ᠨᠠᠶᠢᠲᠠᠭᠰᠠᠠ ᠦᠮᠦᠭᠯᠡᠭᠴᠢ ᠦᠭᠡᠢ ᠪᠤᠯ ᠠᠷᠠᠳ ᠤᠨ ᠰᠢᠭᠦᠬᠦ ᠬᠤᠷᠢᠶ᠎ᠠ ᠬᠠᠤᠯᠢ ᠴᠠᠭᠠᠵᠠ ᠶᠢᠨ ᠲᠤᠰᠠᠯᠠᠮᠵᠢ ᠦᠵᠡᠭᠦᠯᠬᠦ ᠬᠠᠷᠢᠭᠤᠴᠠᠯᠭ᠎ᠠ ᠲᠠᠢ ᠬᠠᠤᠯᠢᠴᠢ ᠲᠤᠮᠢᠯᠠᠵᠦ ᠲᠡᠭᠦᠨ ᠢ ᠦᠮᠦᠭᠯᠡᠭᠦᠯᠪᠠᠯ ᠵᠤᠬᠢᠨ᠎ᠠ᠃ ᠬᠡᠷᠪᠠ ᠠᠷᠠᠳ ᠤᠨ ᠰᠢᠭᠦᠬᠦ ᠬᠤᠷᠢᠶ᠎ᠠ ᠰᠢᠭᠦᠨ ᠲᠠᠰᠤᠯᠬᠤ ᠶᠠᠪᠤᠴᠠ ᠲᠤᠮᠲᠠ ᠬᠡᠷᠡᠭ ᠤᠨ ᠪᠠᠶᠢᠲᠠᠯ ᠢ ᠦᠨᠲᠦᠰᠦᠯᠡᠵᠦ᠂ ᠵᠠᠭᠠᠯᠲᠤᠭᠲᠠᠭᠴᠢ ᠶᠢ ᠠᠯᠠᠬᠤ ᠶᠠᠯ᠎ᠠ ᠪᠠᠷ ᠰᠢᠳᠭᠡᠵᠦ ᠮᠡᠲᠡᠬᠦ ᠦᠶᠡᠰ᠂ ᠵᠠᠭᠠᠯᠲᠤᠭᠲᠠᠭᠴᠢ ᠳᠤ ᠨᠠᠶᠢᠲᠠᠭᠰᠠᠠ ᠦᠮᠦᠭᠯᠡᠬᠦ ᠬᠠᠤᠯᠢᠴᠢ ᠪᠠᠶᠢᠬᠤ ᠦᠭᠡᠢ ᠪᠠᠶᠢᠬᠤ ᠶᠢ ᠤᠯᠵᠦ ᠮᠡᠲᠡᠪᠡᠯ ᠰᠢᠭᠦᠯᠲᠡ ᠬᠢᠬᠦ ᠪᠠᠨ ᠵᠠᠪᠰᠠᠷᠯᠠᠵᠦ᠂ ᠵᠠᠭᠠᠯᠲᠤᠭᠲᠠᠭᠴᠢ ᠳᠤ ᠦᠮᠦᠭᠯᠡᠬᠦ ᠬᠠᠤᠯᠢᠴᠢ ᠲᠤᠮᠢᠯᠠᠵᠦ ᠦᠭᠪᠡᠯ ᠵᠤᠬᠢᠨ᠎ᠠ᠃ ᠶᠠᠭᠤᠨ ᠳᠤ ᠢᠩᠭᠢᠵᠦ ᠬᠢᠲᠡᠭ ᠪᠤᠢ︖ ᠭᠡᠪᠡᠯ᠂ ᠠᠯᠠᠬᠤ ᠶᠠᠯ᠎ᠠ ᠪᠤᠯ ᠮᠠᠠ ᠤ ᠤᠯᠤᠰ ᠤᠨ ᠡᠷᠡᠭᠦᠦ ᠰᠢᠳᠭᠡᠯ ᠲᠤᠮᠲᠠ ᠬᠠᠮᠤᠭ ᠤᠨ ᠬᠦᠨᠲᠦ ᠨᠢᠭᠡ ᠵᠦᠢᠯ ᠤᠨ ᠡᠷᠡᠭᠦᠦ ᠰᠢᠳᠭᠡᠯ ᠪᠤᠯᠤᠨ᠎ᠠ᠃ ᠬᠦᠮᠦᠨ ᠤ ᠠᠮᠢ ᠨᠠᠰᠤ ᠪᠤᠯ ᠨᠢᠭᠡᠯᠡ ᠤᠲᠠᠭ᠎ᠠ ᠤᠯᠲᠠᠲᠠᠭ᠂ ᠠᠯᠠᠬᠤ ᠶᠠᠯ᠎ᠠ ᠪᠠᠷ ᠰᠢᠳᠭᠡᠲᠡᠭ ᠲᠤ ᠯᠡ ᠬᠦᠷᠪᠠᠯ ᠤᠴᠢᠷ ᠶᠠᠪᠤᠲᠠᠯ ᠤᠨ ᠲᠠᠷᠠᠭ᠎ᠠ ᠪᠤᠷᠤᠭᠤ ᠪᠤᠯᠤᠭᠰᠠᠠ ᠢ ᠮᠡᠲᠡᠭᠰᠡᠡ ᠴᠤ ᠪᠠᠶᠢᠲᠠᠯ ᠢ ᠡᠭᠡᠭᠦᠯᠦᠨ ᠪᠤᠴᠠᠭᠠᠬᠤ ᠶᠢᠨ ᠠᠷᠭ᠎ᠠ ᠦᠭᠡᠢ᠂ ᠡᠶᠢᠮᠦ ᠠᠴᠠ ᠠᠯᠠᠬᠤ ᠶᠠᠯ᠎ᠠ  ᠳᠤ ᠵᠠᠪᠠᠯ ᠪᠤᠯᠭᠤᠮᠵᠢᠲᠠᠢ ᠬᠠᠨᠲᠤᠵᠦ᠂ ᠵᠠᠭᠠᠯᠲᠤᠭᠲᠠᠭᠴᠢ ᠶᠢᠨ ᠦᠪᠡᠷ ᠤᠨ ᠬᠢ ᠪᠠᠨ ᠦᠮᠦᠭᠯᠡᠬᠦ ᠡᠷᠭᠡ ᠶᠢ ᠨᠢ ᠬᠦᠢᠴᠡᠳ ᠪᠠᠲᠠᠷᠠᠭᠤᠯᠬᠤ ᠬᠡᠷᠡᠭᠲᠡᠢ᠃ ᠡᠨᠡ ᠨᠢ ᠮᠦᠨ ᠴᠤ ᠮᠠᠠ ᠤ ᠤᠯᠤᠰ ᠤᠨ ᠬᠦᠨᠲᠦ ᠶᠠᠯᠠᠲᠠᠠ ᠢ ᠤᠨᠴᠠᠭᠠᠢ ᠬᠠᠮᠠᠭᠠᠯᠠᠵᠦ ᠪᠠᠶᠢᠬᠤ ᠶᠢ ᠬᠦᠢᠴᠡᠳ ᠬᠠᠷᠠᠭᠤᠯᠵᠦ ᠪᠠᠶᠢᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号