1.ᠬᠦᠮᠦᠨ ᠤ ᠠᠮᠢᠳᠤᠷᠠᠯ ᠤᠨ ᠬᠠᠮᠤᠭ ᠳᠡᠭᠡᠳᠦ ᠬᠡᠯᠪᠡᠷᠢ᠄ ᠪᠠᠴᠢᠮᠳᠠᠵᠤ ᠰᠠᠨᠳᠤᠷᠤᠭᠰᠠᠨ ᠴᠦ ᠪᠤᠷᠤᠭᠤ ᠦᠭᠡ | ᠬᠡᠯᠡᠬᠦ ᠦᠭᠡᠢ᠂ ᠮᠡᠳᠡᠷᠡᠮᠵᠢ ᠰᠠᠮᠠᠭᠤᠷᠠᠭᠰᠠᠨ ᠴᠦ ᠬᠦᠮᠦᠨ ᠢ ᠪᠤᠷᠤᠭᠤ ᠲᠠᠨᠢᠬᠤ ᠦᠭᠡᠢ᠂ ᠲᠥᠪᠡᠭ ᠪᠣᠳᠣᠯᠢᠶᠠᠨ | ᠪᠠᠶᠢᠩᠭᠤ ᠲᠤᠬᠢᠶᠠᠯᠳᠤᠭᠰᠠᠨ ᠴᠦ ᠪᠤᠷᠤᠭᠤ ᠵᠠᠮ ᠢᠶᠠᠷ ᠵᠠᠮᠨᠠᠬᠤ ᠦᠭᠡᠢ᠃ | 2.ᠪᠡᠶ᠎ᠡ ᠪᠠᠨ ᠪᠠᠷᠢᠬᠤ ᠶᠢᠨ ᠬᠠᠮᠤᠭ ᠳᠡᠭᠡᠳᠦ ᠬᠡᠯᠪᠡᠷᠢ᠄ ᠭᠠᠪᠢᠶ᠎ᠠ ᠵᠢᠳᠭᠦᠯ ᠦᠭᠡᠢ ᠪᠠᠷ ᠶᠡᠭᠡ ᠬᠡᠰᠢᠭ ᠬᠦᠷᠲᠡᠬᠦ | ᠦᠭᠡᠢ᠂ ᠠᠴᠢ ᠲᠤᠰᠠ ᠬᠦᠷᠭᠡᠭᠰᠡᠨ ᠦᠭᠡᠢ ᠪᠠᠷ ᠶᠡᠭᠡ ᠶᠣᠰᠣ ᠡᠵᠡᠯᠡᠬᠦ ᠦᠭᠡᠢ᠂ ᠡᠷᠳᠡᠮ ᠴᠢᠳᠠᠪᠤᠷᠢ ᠦᠭᠡᠢ ᠪᠠᠷ ᠶᠡᠭᠡ | ᠣᠷᠣᠨ ᠳᠤ ᠰᠠᠭᠤᠬᠤ ᠦᠭᠡᠢ᠃ | 3.ᠠᠮᠢᠳᠤᠷᠠᠯ ᠤᠨ ᠬᠠᠮᠤᠭ ᠳᠡᠭᠡᠳᠦ ᠬᠡᠯᠪᠡᠷᠢ᠄ ᠪᠠᠶᠢᠩᠭᠤ ᠡᠷᠳᠡᠮᠲᠡᠨ ᠮᠡᠷᠭᠡᠳ ᠲᠠᠢ ᠣᠶᠢᠷᠠᠲᠤᠨ᠂ ᠰᠤᠯᠠ | ᠰᠡᠯᠡᠭᠦᠦ ᠴᠠᠭ ᠢᠶᠠᠷ ᠢᠶᠠᠨ ᠪᠢᠴᠢᠭ ᠤᠨ ᠬᠦᠮᠦᠰ ᠲᠠᠢ ᠵᠣᠭᠤᠭᠳᠠᠨ ᠬᠦᠦᠷᠨᠢᠯᠳᠦᠵᠦ᠂ ᠢᠮᠠᠭᠲᠠ ᠲᠥᠷᠦᠯ | ᠲᠥᠷᠦᠭᠰᠡᠳ ᠲᠠᠢ ᠪᠠᠨ ᠶᠠᠪᠤᠵᠤ ᠰᠠᠭᠤᠯᠴᠠᠬᠤ᠃ | 4.ᠠᠵᠢᠯ ᠦᠢᠯᠡᠰ ᠤᠨ ᠬᠠᠮᠤᠭ ᠳᠡᠭᠡᠳᠦ ᠬᠡᠯᠪᠡᠷᠢ᠄ ᠠᠵᠢᠯ ᠦᠢᠯᠡᠰ ᠲᠤ ᠪᠠᠨ ᠰᠢᠮᠳᠠᠵᠤ ᠬᠠᠷᠠᠮᠰᠠᠯ | ᠦᠯᠡᠳᠡᠭᠡᠬᠦ ᠦᠭᠡᠢ ᠵᠢᠳᠭᠦᠬᠦ᠂ ᠠᠶᠢᠯ ᠭᠡᠷ ᠢᠶᠠᠨ ᠳᠣᠳᠤᠮᠳᠠᠵᠤ ᠢᠳᠡᠵᠦ ᠡᠮᠦᠰᠬᠦ ᠳᠤ ᠪᠠᠨ ᠵᠣᠪᠠᠭ᠋ᠤ ᠦᠭᠡᠢ ᠶᠠᠪᠤᠬᠤ᠂ | ᠰᠡᠳᠭᠢᠯ ᠰᠠᠨᠠᠭ᠎ᠠ ᠵᠣᠪᠠᠭᠤᠷᠢᠯᠠᠬᠤ ᠤᠴᠢᠷ ᠦᠭᠡᠢ ᠢᠮᠠᠭᠲᠠ ᠲᠡᠨᠢᠭᠦᠨ ᠪᠠᠶᠠᠰᠤᠩᠭᠤᠢ ᠪᠠᠶᠢᠬᠤ᠃ | 5.ᠠᠯᠳᠠᠷ ᠨᠡᠷ᠎ᠡ ᠶᠢᠨ ᠬᠠᠮᠤᠭ ᠳᠡᠭᠡᠳᠦ ᠬᠡᠯᠪᠡᠷᠢ᠄ ᠶᠠᠪᠤᠵᠤ ᠦᠩᠭᠡᠷᠡᠭᠦᠯᠦᠭᠰᠡᠨ ᠵᠠᠮ ᠢᠶᠠᠷ ᠴᠢᠨᠢ ᠠᠯᠳᠠᠷ ᠨᠡᠷ᠎ᠡ | ᠴᠢᠨᠢ ᠦᠨᠢᠳᠡ ᠳᠠᠭᠤᠷᠢᠰᠬᠤ᠃ | 6.ᠠᠷᠢᠬᠢ ᠤᠤᠭᠤᠬᠤ ᠶᠢᠨ ᠬᠠᠮᠤᠭ ᠳᠡᠭᠡᠳᠦ ᠬᠡᠯᠪᠡᠷᠢ᠄ ᠴᠢ ᠪᠠᠰᠠ ᠬᠦᠮᠦᠨ ᠲᠠᠨᠢᠵᠤ ᠪᠠᠶᠢᠬᠤ ᠳᠤ | ᠨᠦᠭᠦᠭᠡᠳᠦᠭᠦᠯᠡ ᠴᠢᠨᠢ ᠨᠢᠭᠡᠨᠲᠡ ᠴᠢᠨᠦ ᠬᠡᠨ ᠪᠣᠯᠬᠤ ᠶᠢ ᠮᠡᠳᠡᠬᠦ ᠪᠠᠨ ᠪᠤᠯᠢᠭᠰᠠᠨ ᠪᠠᠶᠢᠬᠤ᠃ | 7.ᠨᠠᠶᠢᠵᠠᠯᠠᠵᠤ ᠶᠠᠪᠤᠯᠴᠠᠬᠤ ᠬᠠᠮᠤᠭ ᠳᠡᠭᠡᠳᠦ ᠬᠡᠯᠪᠡᠷᠢ᠄ ᠨᠡᠯᠢᠶᠡᠳ ᠤᠳᠠᠭᠠᠨ ᠬᠠᠷᠢᠴᠠᠭ᠎ᠠ ᠬᠤᠯᠪᠣᠭ᠎ᠠ | ᠠᠪᠤᠭᠰᠠᠨ ᠦᠭᠡᠢ ᠪᠣᠯᠪᠠᠴᠤ ᠪᠣᠳᠣᠯ ᠰᠡᠳᠭᠢᠯ ᠳᠤ ᠪᠠᠨ ᠢᠮᠠᠭᠲᠠ ᠪᠣᠳᠣᠭᠰᠠᠭᠠᠷ ᠪᠠᠶᠢᠬᠤ᠃ | 8.ᠢᠨᠠᠭ ᠬᠠᠶᠢᠷ᠎ᠠ ᠶᠢᠨ ᠬᠠᠮᠤᠭ ᠳᠡᠭᠡᠳᠦ ᠬᠡᠯᠪᠡᠷᠢ᠄ ᠬᠡᠳᠦᠶᠢᠪᠡᠷ ᠵᠠᠵᠢᠨ ᠦᠰᠦ ᠴᠠᠶᠢᠭᠰᠠᠨ ᠪᠣᠯᠪᠠᠴᠤ ᠭᠠᠷ | ᠭᠠᠷ ᠢᠶᠠᠨ ᠬᠤᠯᠪᠣᠯᠴᠠᠨ ᠦᠯᠡᠳᠡᠭᠰᠡᠨ ᠵᠠᠮ ᠢᠶᠠᠨ ᠦᠷᠭᠦᠯᠵᠢᠯᠡᠨ ᠶᠠᠪᠤᠬᠤ᠃ | 9.ᠠᠮᠢ ᠨᠠᠰᠤᠨ ᠤ ᠬᠠᠮᠤᠭ ᠳᠡᠭᠡᠳᠦ ᠬᠡᠯᠪᠡᠷᠢ᠄ ᠣᠬᠢᠯᠠᠵᠤ ᠢᠷᠡᠭᠡᠳ ᠢᠨᠢᠶᠡᠵᠦ ᠣᠳᠬᠤ᠃ |