ᠴᠢᠳᠬᠤᠮᠠᠯ ᠱᠠᠭ᠎ᠠ
ᠨᠡᠶᠢᠲᠡᠯᠡᠭᠰᠡᠨ ᠴᠠᠭ᠄
2024/6/24
     ᠬᠤᠨᠢ᠂ ᠢᠮᠠᠭ᠎ᠠ᠂ ᠦᠬᠡᠷ ᠵᠢᠴᠢ ᠵᠡᠷᠯᠢᠭ ᠠᠮᠢᠳᠠᠨ ᠤ ᠱᠠᠭ᠎ᠠ ᠶᠢᠨ ᠬᠡᠯᠪᠡᠷᠢ ᠲᠦᠷᠰᠦ ᠪᠠᠷ ᠡᠬᠢ ᠵᠠᠭᠪᠤᠷ ᠠᠪᠴᠦ ᠠᠯᠳᠠ ᠮᠦᠡᠭᠭᠦ ᠬᠦᠷᠡᠯ ᠭᠠᠤᠯᠢ ᠪᠠᠷ ᠴᠢᠳᠬᠤᠵᠦ ᠬᠢᠭᠰᠡᠨ ᠱᠠᠭ᠎ᠠ᠂ ᠮᠦᠡᠭᠭᠦᠨ ᠱᠠᠭ᠎ᠠ᠂ ᠬᠦᠷᠡᠯ ᠱᠠᠭ᠎ᠠ᠂ ᠭᠠᠤᠯᠢᠨ ᠱᠠᠭ᠎ᠠ ᠬᠡᠵᠦ ᠬᠡᠯᠡᠳᠡᠭ ᠪᠠᠶᠢᠨ᠎ᠠ᠃ ᠮᠤᠩᠭᠤᠯᠴᠤᠳ ᠠᠯᠳᠠ᠂ ᠮᠦᠡᠭᠭᠦ ᠪᠠᠷ ᠴᠢᠳᠬᠤᠵᠦ ᠬᠢᠭᠰᠡᠨ ᠱᠠᠭ᠎ᠠ ᠪᠠᠷ ᠨᠠᠭᠠᠳᠬᠤ ᠦᠬᠡᠢ᠃ ᠤᠴᠢᠷ ᠨᠢ ᠠᠯᠳᠠ ᠮᠦᠡᠭᠭᠦ ᠪᠤᠯᠪᠠᠰᠤ ᠬᠤᠪᠤᠷ ᠡᠷᠳᠡᠨᠢᠰ ᠤᠨ ᠵᠦᠢᠯ ᠲᠤᠯᠠ ᠪᠤᠶᠠᠨ ᠬᠡᠰᠢᠭ ᠬᠠᠵᠠᠶᠢᠨ᠎ᠠ ᠬᠡᠵᠦ ᠦᠵᠡᠳᠡᠭ ᠪᠠᠶᠢᠵᠠᠢ᠃ ᠬᠡᠪᠡᠴᠦ ᠠᠯᠳᠠᠨ ᠱᠠᠭ᠎ᠠ᠂ ᠮᠦᠡᠭᠭᠦᠨ ᠱᠠᠭ᠎ᠠ ᠴᠢᠳᠬᠤᠵᠦ᠂ ᠦᠯᠵᠡᠢ ᠬᠡᠰᠢᠭ᠂ ᠪᠡᠯᠬᠡ ᠲᠡᠮᠪᠡᠷᠢᠯ ᠤᠨ ᠬᠤᠪᠢ ᠳᠤ ᠬᠠᠳᠠᠭᠠᠯᠠᠬᠤ ᠵᠤᠷᠰᠢᠯ ᠲᠠᠢ ᠪᠠᠶᠢᠪᠠ᠃ ᠦᠡᠭᠭᠡᠷᠡᠭᠰᠡᠨ ᠨᠡᠶᠢᠬᠡᠮ ᠳᠤ ᠰᠢᠯᠢ ᠶᠢᠨ ᠭᠤᠤᠯ ᠠᠶᠢᠮᠠᠭ ᠤᠨ ᠵᠠᠷᠢᠮ ᠭᠠᠵᠠᠷ ᠲᠤ ᠬᠤᠨᠢ ᠲᠦᠮᠡᠨ ᠲᠤᠯᠤᠭᠠᠢ ᠬᠦᠷᠪᠡᠯ ᠡᠵᠡᠨ ᠬᠠᠭᠠᠨ ᠳᠤ ᠬᠠᠳᠠᠭᠠᠯᠠᠬᠤ ᠵᠤᠷᠰᠢᠯ ᠪᠠᠶᠢᠭᠰᠠᠨ ᠢ ᠨᠤᠳᠤᠭ ᠤᠨ ᠪᠤᠭᠤᠷᠤᠯᠴᠤᠳ ᠣᠳᠤ ᠴᠤ ᠬᠡᠰᠡᠨ ᠬᠠᠭᠤᠴᠢᠯᠠᠵᠦ ᠰᠠᠭᠤᠳᠠᠭ᠃ ᠬᠦᠷᠡᠯ᠂ ᠭᠠᠤᠯᠢ ᠪᠠᠷ ᠱᠠᠭ᠎ᠠ ᠴᠢᠳᠬᠤᠵᠦ ᠨᠠᠭᠠᠳᠴᠦ ᠪᠠᠶᠢᠭᠰᠠᠨ ᠨᠢ ᠡᠷᠳᠡᠨ ᠤ ᠨᠤᠮ ᠪᠢᠴᠢᠭ ᠲᠤ ᠲᠡᠮᠳᠡᠭᠯᠡᠭᠳᠡᠨ ᠬᠤᠴᠤᠷᠤᠭᠰᠠᠨ ᠢ ᠪᠢᠳᠡᠨ ᠮᠡᠳᠡᠵᠦ ᠪᠤᠢ᠃      ᠬᠦᠷᠡᠯ ᠱᠠᠭ᠎ᠠ᠂ ᠭᠠᠤᠯᠢᠨ ᠱᠠᠭ᠎ᠠ ᠪᠠᠷ ᠴᠢᠯᠦᠬᠡᠯᠡᠭᠳᠡᠬᠦ ᠶᠢᠨ ᠡᠮᠦᠨ᠎ᠡ ᠬᠦᠷᠳᠡᠯ᠎ᠡ ᠨᠠᠭᠠᠳᠴᠦ ᠪᠠᠶᠢᠵᠠᠢ᠃ ᠰᠦᠨᠢᠳ ᠤᠨ ᠴᠠᠭᠠᠨ ᠤᠪᠤᠭ᠎ᠠ ᠰᠦᠮ᠎ᠡ ᠶᠢᠨ ᠲᠠᠷᠬᠠᠨ ᠪᠠᠭᠠᠳᠤᠷ ᠬᠡᠰᠡᠨ ᠬᠦᠮᠦᠨ ᠭᠠᠤᠯᠢ ᠪᠠᠷ ᠱᠠᠭ᠎ᠠ ᠶᠢ ᠤᠨᠴᠠ ᠰᠠᠶᠢᠬᠠᠨ ᠴᠢᠳᠬᠤᠵᠦ᠂ ᠭᠤᠶᠤ ᠬᠢᠳᠡᠭ ᠰᠠᠶᠢᠨ ᠲᠠᠷᠬᠠᠨ ᠪᠠᠶᠢᠭᠰᠠᠨ᠃ ᠲᠡᠬᠦᠨ ᠤ ᠬᠢᠭᠰᠡᠨ ᠭᠠᠤᠯᠢᠨ ᠱᠠᠭ᠎ᠠ ᠶᠢ ᠮᠡᠳᠡᠳᠡᠭ ᠬᠦᠮᠦᠨ ᠤᠳᠤ ᠪᠤᠯᠳᠠᠯ᠎ᠠ ᠠᠮᠢᠳᠦ ᠰᠡᠷᠡᠬᠦᠨ ᠪᠠᠶᠢᠭᠰᠠᠭᠠᠷ ᠪᠢᠯᠡ᠃      ᠮᠠᠨ ᠤ ᠮᠤᠩᠭᠤᠯᠴᠤᠳ ᠤᠨ ᠲᠤᠮᠳᠠ᠂ ᠡᠷᠳᠡᠨ ᠠᠴᠠ ᠠᠪᠤᠭᠠᠳ ᠱᠠᠭ᠎ᠠ ᠲᠤᠭᠯᠠᠭᠠᠮ ᠦᠷᠬᠡᠨ ᠲᠡᠯᠬᠡᠷᠡᠵᠦ ᠪᠠᠶᠢᠭᠰᠠᠨ ᠪᠦᠬᠡᠳ ᠱᠠᠭ᠎ᠠ ᠶᠢᠨ ᠲᠦᠷᠦᠯ ᠵᠦᠢᠯ ᠨᠢ ᠤᠯᠠᠨ᠂ ᠮᠠᠯ ᠤᠨ ᠱᠠᠭ᠎ᠠ᠂ ᠵᠡᠬᠡᠷ᠎ᠡ ᠬᠦᠷᠦᠬᠡᠰᠦᠨ ᠤ ᠱᠠᠭ᠎ᠠ᠂ ᠠᠷᠭᠠᠯᠢ ᠶᠢᠨ ᠱᠠᠭ᠎ᠠ᠂ ᠪᠤᠭᠤ ᠶᠢᠨ ᠱᠠᠭ᠎ᠠ᠂ ᠢᠷᠪᠢᠰ ᠤᠨ ᠱᠠᠭ᠎ᠠ ᠵᠢᠴᠢ ᠬᠦᠷᠡᠯ ᠱᠠᠭ᠎ᠠ᠂ ᠭᠠᠤᠯᠢᠨ ᠱᠠᠭ᠎ᠠ ᠪᠠᠷ ᠨᠠᠭᠠᠳᠴᠦ ᠬᠠᠳᠠᠭᠠᠯᠠᠵᠦ ᠪᠠᠶᠢᠵᠠᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号