ᠬᠠᠶᠢᠷᠤᠪ ᠤᠨ ᠲᠣᠬᠤᠢ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠡᠮᠦᠨ᠎ᠡ ᠵᠠᠮ ᠤᠨ ᠡᠳᠦᠷ ᠤᠨ ᠬᠦᠴᠦᠨ ᠤ ᠵᠠᠬ᠎ᠠ ᠳᠡᠯᠭᠡᠭᠦᠷ ᠤᠨ ᠪᠠᠷᠢᠯᠭ᠎ᠠ ᠳᠠᠭᠤᠰᠪᠠ
ᠨᠡᠶᠢᠲᠡᠯᠡᠭᠰᠡᠨ ᠴᠠᠭ᠄
2024/7/26
     ᠤᠢᠢᠷ᠎ᠠ ᠳᠤ᠂ ᠬᠠᠶᠢᠷᠤᠪ ᠤᠨ ᠲᠤᠬᠤᠢ ᠲᠣᠭᠤᠷᠢᠭ ᠤᠨ ᠪᠦᠳᠦᠭᠡᠨ ᠪᠠᠶᠢᠭᠤᠯᠤᠯᠲᠠ ᠶᠢᠨ ᠡᠮᠦᠨ᠎ᠡ ᠵᠠᠮ ᠤᠨ ᠰᠤᠯᠠ ᠠᠵᠢᠯᠴᠢᠨ ᠤ ᠵᠠᠬ᠎ᠠ ᠳᠡᠯᠭᠡᠭᠦᠷ ᠤᠨ ᠲᠦᠷᠦᠯ ᠵᠦᠢᠯ ᠤᠨ ᠪᠦᠳᠦᠭᠡᠨ ᠪᠠᠶᠢᠭᠤᠯᠤᠯᠲᠠ ᠶᠢᠨ ᠪᠠᠷᠢᠯᠭ᠎ᠠ ᠳᠠᠭᠤᠰᠴᠤ᠂ ᠣᠳᠣᠬᠠᠨ ᠳᠤ ᠶᠠᠭ ᠦᠢᠯᠡᠴᠢᠯᠡᠭᠡ ᠬᠠᠩᠭᠠᠬᠤ ᠬᠤᠳᠠᠯᠳᠤᠭᠠᠴᠢᠨ ᠤ ᠳᠠᠭᠠᠭᠠᠴᠢᠯᠠᠯᠲᠠ ᠵᠠᠷᠯᠠᠬᠤ ᠠᠵᠢᠯ  ᠢᠶᠠᠨ ᠬᠢᠵᠦ ᠪᠠᠶᠢᠨ᠎ᠠ᠂ ᠵᠢᠱᠢᠯᠲᠡ ᠪᠠᠷ ᠡᠨᠡ ᠵᠢᠯ ᠤᠨ 9 ᠰᠠᠷ᠎ᠠ ᠳᠤ ᠠᠰᠢᠭᠯᠠᠯᠲᠠ ᠳᠤ ᠣᠷᠣᠭᠤᠯᠬᠤ ᠪᠣᠯᠤᠨ᠎ᠠ᠃      ᠬᠠᠶᠢᠷᠤᠪ ᠤᠨ ᠲᠣᠬᠤᠢ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠡᠮᠦᠨ᠎ᠡ ᠵᠠᠮ ᠤᠨ ᠰᠤᠯᠠ ᠠᠵᠢᠯᠴᠢᠨ ᠤ ᠵᠠᠬ᠎ᠠ ᠳᠡᠯᠭᠡᠭᠦᠷ ᠬᠤᠲᠠ ᠶᠢᠨ ᠲᠠᠪᠤᠳᠤᠭᠠᠷ ᠳᠤᠮᠳᠠᠳᠤ ᠰᠤᠷᠭᠠᠭᠤᠯᠢ ᠶᠢᠨ ᠪᠠᠷᠠᠭᠤᠨ ᠬᠡᠷᠡᠮ ᠤᠨ ᠡᠰᠡᠷᠭᠦ ᠲᠠᠯ᠎ᠠ ᠳᠤ ᠪᠠᠶᠢᠷᠢᠯᠠᠵᠤ᠂ 3661 ᠲᠡᠭᠰᠢ ᠳᠥᠷᠪᠡᠯᠵᠢᠨ ᠮᠧᠲᠷ ᠲᠠᠯᠠᠪᠠᠢ ᠲᠠᠢ ᠭᠠᠵᠠᠷ ᠡᠵᠡᠯᠡᠵᠦ᠂ ᠪᠠᠷᠢᠯᠭ᠎ᠠ ᠶᠢᠨ ᠲᠠᠯᠠᠪᠠᠢ ᠨᠢ 700 ᠲᠡᠭᠰᠢ ᠳᠥᠷᠪᠡᠯᠵᠢᠨ ᠮᠧᠲᠷ ᠪᠣᠯᠤᠨ᠎ᠠ᠃ ︽ᠰᠤᠯᠠ ᠠᠵᠢᠯᠴᠢᠨ ᠬᠠᠮᠢᠭ᠎ᠠ ᠴᠤᠭᠯᠠᠷᠠᠪᠠᠯ᠂ ᠵᠠᠬ᠎ᠠ ᠳᠡᠯᠭᠡᠭᠦᠷ ᠢ ᠳᠠᠷᠤᠶ ᠲᠡᠨᠳᠡ ᠬᠦᠷᠲᠡᠯ᠎ᠡ ᠪᠠᠶᠢᠭᠤᠯᠵᠤ᠂ ᠦᠢᠯᠡᠴᠢᠯᠡᠭᠡ ᠪᠠᠨ ᠲᠡᠨᠳᠡ ᠬᠦᠷᠲᠡᠯ᠎ᠡ ᠬᠠᠩᠭᠠᠨ᠎ᠠ︾ ᠭᠡᠬᠦ ᠪᠠᠷ ᠡᠭᠦᠰᠦᠯᠲᠡ ᠶᠢᠨ ᠴᠢᠭ ᠪᠤᠯᠭᠠᠵᠤ᠂ ᠲᠣᠰ ᠰᠤᠯᠠ ᠠᠵᠢᠯᠴᠢᠨ ᠤ ᠵᠠᠬ᠎ᠠ ᠳᠡᠯᠭᠡᠭᠦᠷ ᠤᠨ ᠪᠥᠲᠥᠭᠡᠨ ᠪᠠᠶᠢᠭᠤᠯᠤᠯᠲᠠ ᠶᠢ ᠤᠤᠯ ᠤᠨ ᠰᠤᠯᠠ ᠠᠵᠢᠯᠴᠢᠨ ᠲᠥᠪᠯᠡᠷᠡᠭᠰᠡᠨ ᠭᠠᠵᠠᠷ ᠲᠤ ᠪᠠᠶᠢᠭᠤᠯᠵᠤ᠂ ᠰᠤᠯᠠ ᠠᠵᠢᠯᠴᠢᠨ ᠳᠤ ᠨᠠᠩ ᠳᠥᠭᠦᠮ ᠳᠥᠲᠡ᠂ ᠲᠠᠭᠠᠯᠠᠮᠵᠢᠲᠠᠶ᠂ ᠣᠶᠤᠨᠴᠢ ᠠᠵᠢᠯ ᠬᠦᠯᠢᠶᠡᠬᠦ ᠣᠷᠴᠢᠨ ᠲᠣᠭᠤᠷᠢᠨ ᠪᠠ ᠨᠠᠩ ᠬᠡᠷᠡᠭᠯᠡᠭᠡᠨ ᠤ ᠴᠢᠨᠠᠷᠳᠠᠢ᠂ ᠬᠠᠨᠳᠤᠯᠭᠠᠲᠤ ᠴᠢᠨᠠᠷᠳᠠᠢ᠂ ᠶᠡᠷᠦᠩᠬᠡᠶᠢᠯᠡᠭᠰᠡᠨ ᠴᠢᠨᠠᠷᠲᠠᠶ ᠠᠵᠢᠯ ᠣᠯᠭᠤᠯᠲᠠ ᠶᠢᠨ ᠦᠢᠯᠡᠴᠢᠯᠡᠭᠡ ᠬᠠᠩᠭᠠᠬᠤ ᠪᠤᠯᠤᠨ᠎ᠠ᠃      ᠲᠣᠰ ᠲᠥᠷᠥᠯ ᠵᠦᠢᠯ ᠤᠨ ᠪᠠᠷᠢᠯᠭ᠎ᠠ ᠶᠢᠨ ᠬᠠᠷᠢᠭᠤᠴᠠᠯᠭᠠᠲᠠᠨ ᠸᠠᠩ ᠾᠦᠢ ᠶᠢᠨ ᠲᠠᠨᠢᠯᠴᠠᠭᠤᠯᠤᠭᠰᠠᠨ ᠢᠶᠠᠷ᠂ ᠲᠣᠰ ᠰᠤᠯᠠ ᠠᠵᠢᠯᠴᠢᠨ ᠤ ᠵᠠᠬ᠎ᠠ ᠳᠡᠯᠭᠡᠭᠦᠷ ᠢ ᠡᠨᠡ ᠵᠢᠯ ᠤᠨ 4 ᠰᠠᠷ᠎ᠠ ᠠᠴᠠ ᠡᠬᠢᠯᠡᠨ ᠪᠠᠶᠢᠭᠤᠯᠵᠤ᠂ ᠬᠦᠷᠢᠶᠡᠨ ᠤ ᠳᠣᠲᠣᠷ᠎ᠠ ᠶᠡᠷᠦᠩᠬᠡᠶᠢᠯᠡᠭᠰᠡᠨ ᠶᠡᠭᠡ ᠲᠢᠩᠬᠢᠮ᠂ ᠵᠢᠵᠢᠭᠦᠷ ᠤᠨ ᠲᠠᠰᠤᠭ ᠵᠡᠷᠭᠡ ᠲᠠᠩ ᠪᠡᠶᠡᠲᠦ ᠪᠠᠷᠢᠯᠭ᠎ᠠ ᠶᠢ ᠰᠢᠨ᠎ᠡ ᠪᠠᠷ ᠪᠠᠶᠢᠭᠤᠯᠵᠤ᠂ ᠪᠠᠷᠢᠯᠭ᠎ᠠ ᠶᠢᠨ ᠳᠣᠲᠣᠷ᠎ᠠ ᠠᠯᠪᠠᠨ ᠬᠡᠷ᠂ ᠴᠢᠯᠦᠭᠡᠲᠤ ᠳᠡᠯᠭᠡᠭᠦᠷ᠂ ᠪᠠᠭᠠᠵᠢ ᠶᠢᠨ ᠲᠠᠰᠤᠭ᠂ ᠭᠦᠸᠧᠯᠦ ᠶᠢᠨ ᠬᠡᠷ ᠵᠡᠷᠭᠡ ᠴᠢᠳᠠᠮᠵᠢᠳᠤ ᠣᠷᠣᠨ ᠬᠤᠪᠢᠶᠠᠵᠤ᠂ ᠬᠡᠷ ᠤᠨ ᠭᠠᠳᠠᠨ᠎ᠠ ᠠᠵᠢᠯ ᠬᠦᠯᠢᠶᠡᠬᠦ ᠲᠣᠭᠤᠷᠢᠭ᠂ ᠮᠠᠰᠢᠨᠲᠤ ᠪᠤᠰᠤ ᠲᠡᠷᠭᠡ ᠵᠣᠭᠰᠣᠭᠠᠬᠤ ᠲᠣᠭᠤᠷᠢᠭ ᠪᠠᠶᠢᠭᠤᠯᠤᠭᠰᠠᠨ ᠪᠠᠶᠢᠨ᠎ᠠ᠃      ᠲᠣᠰ ᠰᠤᠯᠠ ᠠᠵᠢᠯᠴᠢᠨ ᠤ ᠵᠠᠬ᠎ᠠ ᠳᠡᠯᠭᠡᠭᠦᠷ ᠢ ᠠᠰᠢᠭᠯᠠᠯᠲᠠ ᠳᠤ ᠣᠷᠣᠭᠤᠯᠤᠭᠰᠠᠨ ᠤ ᠳᠠᠷᠠᠭ᠎ᠠ᠂ ᠰᠢᠨ᠎ᠡ ᠬᠤᠲᠠ ᠶᠢᠨ ᠠᠷᠠᠳ᠂ ᠭᠠᠳᠠᠨ᠎ᠠ ᠠᠴᠠ ᠢᠷᠡᠵᠦ ᠠᠵᠢᠯ ᠬᠥᠳᠡᠯᠮᠦᠷᠢ ᠬᠢᠭᠰᠡᠳ᠂ ᠰᠣᠯᠠ ᠠᠵᠢᠯ ᠡᠷᠢᠭᠴᠢ ᠪᠠ ᠠᠵᠢᠯᠴᠢᠨ ᠬᠡᠷᠡᠭᠯᠡᠭᠴᠢ ᠳᠤ ᠠᠵᠢᠯᠴᠢᠨ ᠬᠡᠷᠡᠭᠯᠡᠬᠦ᠂ ᠠᠵᠢᠯ ᠡᠷᠢᠬᠦ ᠮᠡᠳᠡᠭᠡ ᠵᠠᠩᠭᠢ ᠨᠡᠶᠢᠲᠡᠯᠡᠬᠦ᠂ ᠮᠡᠷᠭᠡᠵᠢᠯ ᠤᠨ ᠪᠣᠯᠪᠠᠰᠤᠷᠠᠯ ᠬᠢᠬᠦ᠂ ᠬᠥᠳᠡᠯᠮᠦᠷᠢ ᠶᠢᠨ ᠡᠷᠬᠡ ᠪᠠᠨ ᠬᠠᠮᠠᠭᠠᠯᠠᠬᠤ᠂ ᠬᠥᠳᠡᠯᠮᠦᠷᠢ ᠶᠢᠨ ᠪᠠᠭᠠᠵᠢ ᠲᠦᠷᠢᠶᠡᠰᠦᠯᠡᠭᠦᠯᠬᠦ ᠵᠡᠷᠭᠡ ᠲᠥᠬᠦᠮ ᠦᠵᠡᠭᠦᠯᠬᠦ ᠣᠯᠠᠨ ᠨᠡᠶᠢᠲᠡ ᠶᠢᠨ ᠠᠵᠢᠯ ᠣᠯᠭᠤᠯᠲᠠ ᠶᠢᠨ ᠦᠢᠯᠡᠴᠢᠯᠡᠭᠡ ᠬᠠᠩᠭᠠᠵᠤ᠂ ᠪᠠᠰᠠ ᠠᠮᠠᠷᠠᠬᠤ᠂ ᠪᠤᠴᠠᠯᠤᠭᠰᠠᠨ ᠤᠰᠤ ᠬᠠᠩᠭᠠᠬᠤ᠂ ᠰᠦᠷᠴᠢᠭᠦᠷ ᠤᠬᠢᠶᠠᠯᠭ᠎ᠠ᠂ ᠵᠣᠷᠯᠣᠩ ᠵᠡᠷᠭᠡ ᠠᠷᠠᠳ ᠲᠤ ᠲᠥᠬᠦᠮ ᠦᠵᠡᠭᠦᠯᠬᠦ ᠦᠢᠯᠡᠴᠢᠯᠡᠭᠡ ᠬᠠᠩᠭᠠᠵᠤ ᠴᠢᠳᠠᠨ᠎ᠠ᠃      ᠤᠢᠢᠷ᠎ᠠ ᠶᠢᠨ ᠵᠢᠯ ᠠᠴᠠ ᠨᠠᠰᠢ᠂ ᠮᠠᠨ ᠤ ᠬᠤᠳᠠ ᠤᠨᠢᠨ ᠳᠡᠭᠡᠷ᠎ᠡ ᠨᠢ ᠵᠣᠬᠢᠴᠠᠭᠰᠠᠨ᠂ ᠪᠦᠬᠦ ᠣᠷᠣᠨ ᠪᠦᠰᠡ ᠶᠢ ᠬᠠᠮᠤᠷᠤᠭᠰᠠᠨ᠂ ᠳᠥᠭᠦᠮ ᠳᠥᠲᠡ ᠥᠨᠳᠥᠷ ᠪᠦᠲᠦᠮᠵᠢᠲᠡᠢ ᠪᠠᠶᠢᠬᠤ ᠶᠢ ᠨᠢᠭᠡ ᠴᠤᠬᠴᠠᠵᠢᠭᠤᠯᠤᠬᠰᠠᠨ ᠰᠣᠯᠠ ᠠᠵᠢᠯᠴᠢᠨ ᠤ ᠠᠵᠢᠯ ᠣᠯᠭᠤᠯᠲᠠ ᠶᠢᠨ ᠦᠢᠯᠡᠴᠢᠯᠡᠭᠡᠨ ᠤ ᠰᠢᠰᠲ᠋ᠧᠮ ᠢ ᠢᠳᠡᠪᠬᠢᠲᠡᠢ ᠪᠠᠶᠢᠭᠤᠯᠵᠤ᠂ ᠰᠣᠯᠠ ᠠᠵᠢᠯᠴᠢᠨ ᠤ ᠵᠠᠬ᠎ᠠ ᠳᠡᠯᠭᠡᠭᠦᠷ ᠤᠨ ᠪᠦᠳᠦᠭᠡᠨ ᠪᠠᠶᠢᠭᠤᠯᠤᠯᠲᠠ ᠶᠢ ᠲᠠᠰᠤᠷᠠᠯᠳᠠ ᠦᠭᠡᠢ ᠠᠬᠢᠭᠤᠯᠵᠤ᠂ ᠭᠤᠷᠪᠠᠨ ᠲᠣᠭᠤᠷᠢᠭ ᠤᠨ ᠰᠣᠯᠠ ᠠᠵᠢᠯᠴᠢᠨ ᠤ ᠵᠠᠬ᠎ᠠ ᠳᠡᠯᠭᠡᠭᠦᠷ ᠢ 2023 ᠣᠨ ᠳᠤ ᠵᠠᠯᠭᠠᠭ᠎ᠠ ᠪᠠᠷ ᠪᠠᠶᠢᠭᠤᠯᠵᠤ ᠳᠠᠭᠤᠰᠬᠠᠭᠰᠠᠨ ᠪᠥᠭᠡᠳ ᠠᠰᠢᠭᠯᠠᠯᠲᠠ ᠳᠤ ᠣᠷᠣᠭᠤᠯᠵᠤ᠂ ᠮᠠᠨ ᠤ ᠬᠤᠳᠠ ᠶᠢᠨ ᠰᠣᠯᠠ ᠠᠵᠢᠯᠴᠢᠨ ᠤ ᠵᠠᠬ᠎ᠠ ᠳᠡᠯᠭᠡᠭᠦᠷ ᠤᠨ ᠬᠠᠮᠢᠶᠠᠷᠤᠯᠲᠠ ᠲᠠᠷᠠᠬᠠᠢ ᠪᠤᠲᠠᠷᠬᠠᠢ ᠪᠠᠶᠢᠭᠰᠠᠨ ᠪᠠᠶᠢᠳᠠᠯ ᠢ ᠬᠤᠪᠢᠷᠠᠭᠤᠯᠵᠤ᠂ ᠰᠤᠯᠠ ᠰᠣᠯᠠ ᠠᠵᠢᠯᠴᠢᠨ  ᠤ ᠠᠵᠢᠯ ᠣᠯᠭᠤᠯᠲᠠ ᠶᠢᠨ ᠠᠷᠭ᠎ᠠ ᠵᠠᠮ ᠢ ᠦᠨᠡᠨ ᠬᠦ ᠥᠷᠭᠡᠳᠬᠡᠵᠦ᠂ ᠡᠯ᠎ᠡ ᠲᠦᠷᠦᠯ ᠤᠨ ᠬᠥᠯᠥᠰᠥᠨ ᠠᠵᠢᠯᠴᠢᠳ ᠤᠨ ᠢᠷᠡᠪᠡᠯ ᠠᠵᠢᠯ ᠲᠠᠢ᠂ ᠠᠵᠢᠯᠯᠠᠪᠠᠯ ᠵᠣᠭᠤᠰ ᠲᠠᠢ ᠪᠤᠯᠬᠤ ᠶᠢ ᠦᠨᠡᠨ ᠬᠦ ᠪᠠᠲᠤᠯᠠᠪᠠ᠃      ᠲᠣᠰ ᠰᠣᠯᠠ ᠠᠵᠢᠯᠴᠢᠨ ᠤ ᠵᠠᠬ᠎ᠠ ᠳᠡᠯᠭᠡᠭᠦᠷ ᠪᠠᠶᠢᠭᠤᠯᠤᠭᠳᠠᠭᠰᠠᠨ ᠤ ᠳᠠᠷᠠᠭ᠎ᠠ᠂ ᠦᠷᠭᠦᠯᠵᠢᠯᠡᠨ ︽ᠵᠠᠰᠠᠭ ᠤᠨ ᠣᠷᠳᠣᠨ ᠢᠶᠠᠷ ᠭᠤᠤᠯᠯᠠᠭᠤᠯᠬᠤ᠂ ᠨᠡᠶᠢᠲᠡ ᠶᠢᠨ ᠠᠰᠠᠷᠠᠮᠵᠢ ᠶᠢᠨ ᠦᠢᠯᠡᠴᠢᠯᠡᠭᠡ᠂ ᠵᠠᠬ᠎ᠠ ᠳᠡᠯᠭᠡᠭᠦᠷ ᠢᠶᠠᠷ ᠠᠵᠢᠯᠯᠠᠭᠤᠯᠬᠤ︾ ᠵᠠᠭᠪᠤᠷ ᠢᠶᠠᠷ ᠡᠵᠡᠩᠨᠡᠵᠦ᠂ ︽ᠨᠢᠭᠡ ᠦᠷᠳᠡᠭᠡᠴᠢᠯᠡᠭᠰᠡᠨ ᠮᠠᠶ᠋ᠢᠭ︾ ︽ᠣᠶᠢᠷᠠᠳᠣᠬᠤ︾ ︽ᠴᠢᠭ ᠠᠴᠠ ᠴᠢᠭ︾ ︽ᠨᠢᠭᠤᠷᠳᠠᠬᠤ︾ ᠮᠠᠶ᠋ᠢᠭ ᠤᠨ ︽ᠪᠥᠬᠦ ᠬᠡᠯᠬᠢᠶ᠎ᠡ︾ ᠶᠢᠨ ᠠᠵᠢᠯ ᠣᠯᠭᠤᠯᠲᠠ ᠶᠢᠨ ᠦᠢᠯᠡᠴᠢᠯᠡᠭᠡ ᠶᠢ ᠨᠠᠩ ᠣᠯᠠᠨ ᠰᠣᠯᠠ ᠠᠵᠢᠯᠴᠢᠨ ᠤ ᠳᠡᠷᠭᠡᠳᠡ ᠬᠦᠷᠭᠡᠵᠦ᠂ ᠰᠣᠯᠠ ᠠᠵᠢᠯᠴᠢᠨ ᠬᠢᠭᠡᠳ ᠠᠵᠢᠯᠴᠢᠨ ᠬᠡᠷᠡᠭᠯᠡᠬᠦ ᠨᠢᠭᠡᠴᠡ ᠶᠢᠨ ᠬᠤᠭᠤᠷᠣᠨᠳᠣᠬᠢ ᠰᠢᠨ᠎ᠡ ᠪᠥᠭᠡᠳ ᠨᠠᠶᠢᠳᠠᠪᠤᠷᠢᠲᠠᠶ ᠵᠣᠯᠭᠠᠭᠤᠯᠬᠤ ᠲᠠᠪᠴᠠᠩ ᠬᠠᠩᠭᠠᠬᠤ ᠪᠣᠯᠤᠨ᠎ᠠ᠃
 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号