ᠼᠦᠢ ᠵᠢᠩ ᠶᠢᠩ ᠲᠣᠬᠤᠨᠢᠭᠤᠯᠬᠤ ᠪᠦᠯᠬᠦᠮ ᠳᠠᠭᠠᠭᠤᠯᠤᠨ ᠳ᠋ᠠᠯᠢᠶᠠᠨ ᠳᠤ ᠬᠦᠷᠴᠦ ᠦᠬᠠᠢ ᠨᠡᠷᠡᠮᠵᠢᠲᠤ ᠬᠥᠯᠭᠡ ᠣᠩᠭᠤᠴᠠᠨ ᠤ ᠳᠠᠷᠤᠭ᠎ᠠ ᠪᠠᠶᠢᠯᠳᠤᠭᠴᠢᠳ ᠢ ᠲᠣᠬᠤᠨᠢᠭᠤᠯᠪᠠ
ᠨᠡᠶᠢᠲᠡᠯᠡᠭᠰᠡᠨ ᠴᠠᠭ᠄
2024/7/30
     7 ᠰᠠᠷ᠎ᠠ ᠶᠢᠨ 28 ᠤ ᠡᠳᠤᠷ᠂ ᠬᠤᠳᠠ ᠶᠢᠨ ᠨᠠᠮ ᠤᠨ ᠬᠤᠷᠢᠶᠠᠨ ᠤ ᠲᠡᠳ᠋ ᠱᠦᠵᠢ᠂ ᠬᠤᠳᠠ ᠶᠢᠨ ᠲᠠᠷᠤᠭ᠎ᠠ ᠼᠦᠢ ᠵᠢᠩ ᠶᠢᠩ ᠲᠣᠬᠤᠨᠢᠭᠤᠯᠬᠤ ᠪᠦᠯᠭᠦᠮ ᠢ ᠲᠠᠭᠠᠭᠤᠯᠤᠨ ᠯᠢᠶᠤᠤᠨᠢᠩ ᠮᠤᠵᠢ ᠶᠢᠨ ᠳ᠋ᠠᠯᠢᠶᠠᠨ ᠬᠤᠳᠠ ᠳᠤ ᠬᠦᠷᠴᠦ᠂ ᠲᠠᠯᠠᠢ ᠶᠢᠨ ᠴᠡᠷᠢᠭ ᠤᠨ ᠦᠬᠠᠢ ᠨᠡᠷᠡᠮᠵᠢᠲᠤ ᠬᠥᠯᠭᠡ ᠣᠩᠭᠤᠴᠠᠨ ᠤ ᠲᠠᠷᠤᠭ᠎ᠠ ᠪᠠᠶᠢᠯᠳᠤᠬᠴᠢᠳ ᠢ ᠪᠤᠯᠭᠤᠭᠠᠨ ᠲᠤᠬᠤᠨᠢᠭᠤᠯᠪᠠ᠃ ᠬᠤᠳᠠ ᠶᠢᠨ ᠳᠡᠳ᠋ ᠳᠠᠷᠤᠭ᠎ᠠ᠂ ᠬᠤᠳᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠳᠠᠷᠤᠭ᠎ᠠ ᠵᠠᠩ ᠸᠧᠢ ᠣᠷᠣᠯᠴᠠᠪᠠ᠃      ᠼᠦᠢ ᠵᠢᠩ ᠶᠢᠩ ᠨᠡᠷ ᠦᠬᠠᠢ ᠨᠡᠷᠡᠮᠵᠢᠲᠤ ᠬᠥᠯᠭᠡ ᠣᠩᠭᠤᠴᠠᠨ ᠳᠤ ᠭᠠᠷᠴᠤ᠂ ᠬᠥᠯᠭᠡ ᠣᠩᠭᠤᠴᠠᠨ ᠳᠡᠭᠡᠷᠡᠬᠢ ᠲᠣᠨᠣᠭᠯᠠᠯ ᠲᠥᠬᠦᠭᠡᠷᠦᠮᠵᠢ ᠶᠢ ᠨᠢ ᠲᠣᠭᠤᠷᠢᠨ ᠦᠵᠡᠵᠦ᠂ ᠳᠠᠷᠤᠭ᠎ᠠ ᠪᠠᠶᠢᠯᠳᠤᠭᠴᠢᠳ ᠤᠨ ᠠᠮᠢᠳᠤᠷᠠᠯ᠂ ᠪᠣᠯᠪᠠᠰᠤᠷᠠᠯ ᠤᠨ ᠪᠠᠶᠢᠳᠠᠯ ᠢ ᠨᠢ ᠨᠠᠷᠢᠨ ᠣᠶᠢᠯᠠᠭᠠᠪᠠ᠃ ᠶᠠᠷᠢᠯᠴᠠᠬᠤ ᠬᠤᠷᠠᠯ ᠳᠡᠭᠡᠷ᠎ᠡ᠂ ᠼᠦᠢ ᠵᠢᠩ ᠶᠢᠩ ᠦᠬᠠᠢ ᠶᠢᠨ ᠠᠵᠤ ᠠᠬᠤᠢ ᠶᠢᠨ ᠬᠥᠭᠵᠢᠯᠲᠡ ᠶᠢᠨ ᠪᠠᠶᠢᠳᠠᠯ ᠢᠶᠠᠨ ᠲᠠᠨᠢᠯᠴᠠᠭᠤᠯᠤᠭᠰᠠᠨ ᠪᠥᠭᠡᠳ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠣᠯᠤᠨ ᠪᠦᠬᠦ ᠬᠤᠳᠠ ᠶᠢᠨ ᠠᠷᠠᠳ ᠲᠦᠮᠡᠨ ᠢ ᠲᠥᠯᠥᠭᠡᠯᠡᠨ ᠲᠡᠳᠡᠨ ᠳᠤ ᠴᠢᠩ ᠰᠡᠳᠬᠢᠯ ᠤᠨ ᠮᠡᠨᠳᠦᠴᠢᠯᠡᠯ ᠪᠣᠯᠤᠨ ᠪᠠᠶᠠᠷ ᠤᠨ ᠡᠳᠦᠷ ᠤᠨ ᠵᠥᠩᠨᠡᠯ ᠳᠡᠪᠰᠢᠭᠦᠯᠪᠡ᠃ ᠼᠦᠢ ᠵᠢᠩ ᠶᠢᠩ ᠬᠡᠯᠡᠭᠰᠡᠨ ᠨᠢ᠂ ᠬᠦᠯᠭᠡ ᠣᠩᠭᠤᠴᠠ᠂ ᠬᠤᠲᠠ ᠠᠳᠠᠯᠢ ᠨᠡᠷ᠎ᠡ ᠲᠠᠢ ᠪᠠᠶᠢᠵᠤ᠂ ᠮᠢᠬ᠎ᠠ ᠴᠢᠰᠤᠨ ᠤ ᠪᠠᠷᠢᠯᠳᠤᠯᠭ᠎ᠠ ᠲᠠᠢ ᠪᠠᠶᠢᠵᠤ᠂ ᠦᠬᠠᠶ ᠨᠡᠷᠡᠮᠵᠢᠲᠤ ᠬᠥᠯᠭᠡ ᠣᠩᠭᠤᠴᠠ ᠪᠣᠯ ᠦᠬᠠᠶ ᠶᠢᠨ ᠨᠡᠭᠦᠳᠡᠯ ᠨᠡᠷ᠎ᠡ ᠶᠢᠨ ᠬᠠᠭᠤᠳᠠᠰᠤ ᠮᠥᠨ᠂ ᠦᠬᠠᠶ ᠪᠣᠯ ᠦᠬᠠᠢ ᠨᠡᠷᠡᠮᠵᠢᠲᠤ ᠬᠥᠯᠭᠡ ᠣᠩᠭᠤᠴᠠᠨ ᠤ ︽ᠬᠤᠶᠠᠳᠤᠭᠠᠷ ᠨᠤᠲᠤᠭ︾ ᠮᠥᠨ᠃ ︽ᠬᠤᠳᠠ ᠬᠦᠯᠭᠡ ᠤᠩᠭᠤᠴᠠ ᠶᠢ ᠬᠠᠮᠳᠤ ᠪᠠᠷ ᠪᠠᠶᠢᠭᠤᠯᠬᠤ︾ ᠶᠢ ᠦᠷᠨᠢᠬᠦᠯᠦᠭᠰᠡᠨ 6 ᠵᠢᠯ ᠠᠴᠠ ᠨᠠᠰᠢ᠂ ᠴᠡᠷᠢᠭ ᠠᠩᠬᠢ ᠪᠠ ᠤᠷᠤᠨ ᠨᠤᠳᠤᠭ ᠬᠠᠮᠵᠢᠯᠴᠠᠵᠦ᠂ ᠬᠠᠮᠳᠤ ᠪᠠᠷ ᠪᠠᠶᠢᠭᠤᠯᠵᠤ ᠬᠠᠮᠳᠤ ᠪᠠᠷ ᠡᠳ᠋ᠯᠡᠬᠦ ᠠᠵᠢᠯ ᠢᠯᠡᠷᠬᠡᠢ ᠦᠷ᠎ᠠ ᠪᠦᠳᠦᠮᠵᠢ ᠤᠯᠵᠤ᠂ ᠬᠦᠨ ᠵᠤᠵᠠᠭᠠᠨ ᠨᠦᠬᠦᠷᠯᠡᠯ ᠢ ᠪᠠᠶᠢᠭᠤᠯᠤᠬᠰᠠᠨ ᠪᠠᠶᠢᠨ᠎ᠠ᠃ ᠪᠢᠳᠡ ᠥᠩᠭᠡᠷᠡᠭᠰᠡᠨ ᠲᠠᠢ ᠪᠠᠨ ᠠᠳᠠᠯᠢ ᠪᠠᠷ ᠦᠬᠠᠶ ᠨᠡᠷᠡᠮᠵᠢᠲᠤ ᠬᠦᠯᠭᠡ ᠣᠩᠭᠤᠴᠠ ᠯᠤᠭ᠎ᠠ ᠰᠡᠳᠬᠢᠯ ᠨᠢᠭᠡᠳᠦᠨ ᠬᠦᠰᠡᠯ ᠵᠡᠭᠦᠳᠦ ᠪᠠᠨ ᠲᠡᠷᠭᠡᠯᠰᠢᠭᠦᠯᠵᠦ᠂ ᠰᠠᠯᠬᠢ ᠳᠠᠪᠠᠯᠭᠠᠨ ᠢ ᠵᠦᠰᠦᠨ ᠤᠯᠤᠰ ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ ᠶᠢᠨ ᠣᠳᠣᠬᠢᠴᠢᠯᠠᠯᠲᠠ ᠶᠢᠨ ᠪᠥᠲᠥᠭᠡᠨ ᠪᠠᠶᠢᠭᠤᠯᠤᠯᠲᠠ ᠶᠢ ᠳᠡᠮᠵᠢᠵᠦ᠂ ᠦᠬᠠᠢ ᠨᠡᠷᠡᠮᠵᠢᠲᠤ ᠬᠥᠯᠭᠡ ᠣᠩᠭᠤᠴᠠᠨ ᠤ ︽ᠶᠡᠭᠡ ᠠᠷᠤ ᠲᠠᠯ᠎ᠠ︾ ᠪᠠ ︽ᠲᠥᠷᠬᠦᠮ ᠤᠨ ᠬᠥᠮᠦᠰ︾ ᠪᠣᠯᠵᠣ᠂ ᠦᠬᠠᠢ ᠨᠡᠷᠡᠮᠵᠢᠲᠤ ᠬᠥᠯᠭᠡ ᠣᠩᠭᠤᠴᠠᠨ ᠤ ᠪᠣᠯᠪᠠᠰᠤᠷᠠᠯ᠂ ᠵᠢᠵᠢᠭᠦᠷᠯᠡᠬᠦ᠂ ᠠᠮᠢᠳᠤᠷᠠᠯ ᠵᠡᠷᠭᠡ ᠲᠠᠯ᠎ᠠ ᠶᠢᠨ ᠪᠣᠳᠠᠲᠠᠶ ᠬᠦᠴᠢᠷᠳᠡᠯ ᠢ ᠨᠢ ᠪᠥᠬᠦ ᠬᠦᠴᠦᠨ ᠢᠶᠠᠷ ᠢᠶᠠᠨ ᠵᠣᠬᠢᠴᠠᠭᠤᠯᠤᠨ ᠰᠢᠢᠳᠪᠦᠷᠢᠯᠡᠵᠦ᠂ ᠴᠡᠷᠢᠭ ᠠᠩᠭᠢ ᠪᠠ ᠣᠷᠣᠨ ᠨᠤᠲᠤᠭ ᠤᠨ ᠬᠠᠷᠢᠴᠠᠭ᠎ᠠ ᠶᠢ ᠲᠠᠰᠤᠷᠠᠯᠲᠠ ᠥᠬᠡᠶ ᠪᠠᠬᠢᠵᠢᠭᠦᠯᠦᠨ ᠬᠥᠭᠵᠢᠭᠦᠯᠵᠦ᠂ ᠰᠢᠨ᠎ᠡ ᠴᠠᠭ ᠦᠶ᠎ᠡ ᠶᠢᠨ ︽ᠪᠠᠶᠢᠯᠳᠤᠭᠠᠨ ᠤ ᠬᠥᠯᠭᠡ ᠣᠩᠭᠤᠴᠠ ᠬᠢᠭᠡᠳ ᠬᠤᠲᠠ︾ ᠶᠢᠨ ᠬᠤᠶᠠᠷ ᠢ ᠬᠦᠷᠢᠶᠡᠯᠡᠵᠦ ᠬᠠᠮᠲᠤ ᠪᠠᠷ ᠪᠠᠶᠢᠭᠤᠯᠬᠤ ᠰᠢᠨ᠎ᠡ ᠬᠠᠭᠤᠳᠠᠰᠤ ᠶᠢ ᠦᠷᠭᠦᠯᠵᠢᠯᠡᠨ ᠪᠢᠴᠢᠭᠯᠡᠨ᠎ᠡ᠃ ᠡᠭᠦᠨ ᠤ ᠳᠤ ᠬᠠᠮᠲᠤ᠂ ᠦᠬᠠᠢ ᠨᠡᠷᠡᠮᠵᠢᠲᠤ ᠬᠥᠯᠭᠡ ᠣᠩᠭᠤᠴᠠᠨ ᠤ ᠪᠦᠬᠦ ᠳᠠᠷᠤᠭ᠎ᠠ ᠪᠠᠶᠢᠯᠳᠤᠭᠴᠢᠳ ᠢ ᠦᠬᠠᠶ ᠳᠤ ᠦᠷᠭᠦᠯᠵᠢ ᠬᠦᠷᠴᠦ ᠲᠣᠭᠤᠷᠢᠨ ᠦᠵᠡᠵᠦ᠂ ᠦᠬᠠᠶ ᠶᠢᠨ ᠬᠥᠭᠵᠢᠯᠲᠡ ᠶᠢᠨ ᠥᠷᠨᠢᠭᠦᠨ ᠪᠠᠶᠢᠳᠠᠯ ᠪᠣᠯᠤᠨ ᠨᠤᠲᠤᠭ ᠤᠨ ᠠᠷᠠᠳ ᠲᠦᠮᠡᠨ ᠤ ᠬᠠᠯᠠᠭᠤᠨ ᠰᠡᠳᠬᠢᠯᠭᠡ ᠶᠢ ᠪᠡᠶ᠎ᠡ ᠪᠠᠷ ᠢᠶᠠᠨ ᠣᠶᠢᠯᠠᠭᠠᠬᠤ ᠶᠢ ᠴᠢᠩ ᠰᠡᠳᠬᠢᠯ ᠠᠴᠠ ᠪᠠᠨ ᠤᠷᠢᠵᠤ ᠪᠠᠶᠢᠨ᠎ᠠ ᠭᠡᠵᠡᠢ᠃      ᠦᠬᠠᠢ ᠨᠡᠷᠡᠮᠵᠢᠲᠤ ᠬᠥᠯᠭᠡ ᠣᠩᠭᠤᠴᠠᠨ ᠤ ᠳᠠᠷᠤᠭ᠎ᠠ ᠪᠠᠶᠢᠯᠳᠤᠭᠴᠢᠳ ᠮᠠᠨ ᠤ ᠬᠤᠲᠠ ᠶᠢᠨ ᠲᠣᠬᠤᠨᠢᠭᠤᠯᠬᠤ ᠪᠦᠯᠬᠦᠮ ᠤᠨ ᠬᠦᠷᠴᠦ ᠢᠷᠡᠭᠰᠡᠨ ᠢ ᠬᠠᠯᠠᠭᠤᠨ ᠢᠶᠠᠷ ᠤᠭᠲᠤᠵᠤ ᠪᠠᠶᠢᠬᠤ ᠪᠠᠨ ᠢᠯᠡᠳᠬᠡᠵᠦ᠂ ᠮᠠᠨ ᠤ ᠬᠤᠲᠠ ᠶᠢᠨ ᠦᠬᠠᠢ ᠨᠡᠷᠡᠮᠵᠢᠲᠤ ᠬᠥᠯᠭᠡ ᠣᠩᠭᠤᠴᠠ ᠶᠢ ᠬᠠᠯᠠᠮᠵᠢᠯᠠᠨ ᠳᠡᠮᠵᠢᠭᠰᠡᠨ ᠳᠤ ᠴᠢᠩ ᠰᠡᠳᠬᠢᠯ ᠠᠴᠠ ᠪᠠᠨ ᠲᠠᠯᠠᠷᠬᠠᠵᠤ ᠪᠠᠶᠢᠬᠤ ᠪᠠᠨ ᠢᠯᠡᠳᠬᠡᠪᠡ᠃ ᠬᠥᠯᠭᠡ ᠣᠩᠭᠤᠴᠠᠨ ᠤ ᠲᠠᠷᠤᠭ᠎ᠠ ᠪᠠᠶᠢᠯᠳᠤᠭᠴᠢᠳ ᠢᠯᠡᠷᠬᠡᠶᠢᠯᠡᠵᠡᠭᠡᠭᠰᠡᠨ ᠨᠢ᠂ ᠤᠭ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠨᠤᠲᠤᠭ ᠤᠨ ᠢᠶᠠᠨ ᠠᠷᠠᠳ ᠲᠦᠮᠡᠨ ᠤ ᠬᠠᠶᠢᠷ᠎ᠠ ᠬᠠᠯᠠᠮᠵᠢ ᠶᠢ ᠴᠡᠷᠢᠭ ᠢᠶᠠᠨ ᠬᠦᠴᠦᠷᠬᠡᠭᠵᠢᠭᠦᠯᠬᠦ ᠦᠢᠯᠡᠰ ᠲᠤ ᠠᠮᠢ ᠪᠡᠶ᠎ᠡ ᠪᠠᠨ ᠵᠣᠷᠢᠭᠤᠯᠬᠤ ᠬᠦᠴᠦᠷᠬᠡᠭ ᠶᠡᠭᠡ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠵᠤ᠂ ᠤᠯᠤᠰ ᠤᠨ ᠲᠠᠯᠠᠢ ᠲᠠᠩᠭᠢᠰ ᠤᠨ ᠡᠷᠬᠡ ᠠᠰᠢᠭ ᠪᠣᠯᠤᠨ ᠳᠠᠯᠠᠢ ᠶᠢᠨ ᠰᠡᠷᠭᠡᠶᠢᠯᠡᠯᠲᠡ ᠶᠢᠨ ᠠᠮᠤᠷ ᠲᠦᠪᠰᠢᠨ ᠢ ᠬᠠᠮᠠᠭᠠᠯᠠᠬᠤ ᠳᠤ ᠨᠡᠩ ᠶᠡᠭᠡ ᠰᠢᠨ᠎ᠡ ᠬᠤᠪᠢ ᠨᠡᠮᠡᠷᠢ ᠦᠵᠡᠭᠦᠯᠦᠨ᠎ᠡ ᠭᠡᠵᠡᠢ᠃      ᠲᠣᠬᠤᠨᠢᠭᠤᠯᠬᠤ ᠬᠤᠭᠤᠴᠠᠭᠠᠨ ᠳᠤ᠂ ᠥᠪᠥᠷ ᠮᠣᠩᠭᠤᠯ ᠤᠨ ᠳ᠋ᠦᠩ ᠶᠤᠸᠠᠨ ᠪᠦᠯᠦᠭᠯᠡᠯ ᠤᠨ ᠬᠢᠵᠠᠭᠠᠷᠲᠤ ᠺᠣᠮᠫᠠᠨᠢ ᠦᠬᠠᠢ ᠨᠡᠷᠡᠮᠵᠢᠲᠤ ᠬᠥᠯᠭᠡ ᠣᠩᠭᠤᠴᠠ ᠯᠤᠭ᠎ᠠ ︽ᠬᠥᠯᠭᠡ ᠣᠩᠭᠤᠴᠠ ᠠᠵᠤ ᠠᠬᠤᠶᠢᠯᠠᠯ ᠢ ᠬᠠᠮᠲᠤᠪᠠᠷ ᠪᠠᠶᠢᠭᠤᠯᠬᠤ ᠬᠡᠯᠡᠯᠴᠡᠭᠡᠷ ᠤᠨ ᠪᠢᠴᠢᠭ︾ ᠲᠣᠭᠲᠠᠵᠤ᠂ ᠲᠣᠬᠤᠨᠢᠭᠤᠯᠬᠤ ᠪᠦᠯᠬᠦᠮ ᠠᠴᠠ ᠦᠬᠠᠢ ᠨᠡᠷᠡᠮᠵᠢᠲᠤ ᠬᠥᠯᠭᠡ ᠣᠩᠭᠤᠴᠠᠨ ᠤ ᠳᠠᠷᠤᠭ᠎ᠠ ᠪᠠᠶᠢᠯᠳᠤᠭᠴᠢᠳ ᠲᠤ ᠲᠣᠬᠤᠨᠢᠭᠤᠯᠬᠤ ᠪᠣᠳᠠᠰ ᠬᠦᠷᠭᠡᠵᠦ᠂ ᠦᠬᠠᠢ ᠨᠡᠷᠡᠮᠵᠢᠲᠤ ᠬᠥᠯᠭᠡ ᠣᠩᠭᠤᠴᠠᠨ ᠤ ᠬᠢᠨ ᠳᠤᠷᠠᠰᠬᠠᠯ ᠤᠨ ᠡᠳ᠋ ᠪᠤᠴᠠᠭᠠᠨ ᠬᠦᠷᠭᠡᠪᠡ᠃
 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号