ᠰᠠᠴᠣᠯᠢ ᠡᠷᠬᠦᠬᠦ ᠶᠣᠰᠣᠨ
ᠨᠡᠶᠢᠲᠡᠯᠡᠭᠰᠡᠨ ᠴᠠᠭ᠄
2024/8/20
      ᠰᠠᠴᠣᠯᠢ ᠡᠷᠬᠦᠬᠦ ᠶᠣᠰᠣᠨ ᠮᠣᠩᠭᠤᠯᠴᠣᠳ ᠦᠶ᠎ᠡ ᠣᠯᠠᠷᠢᠨ ᠨᠡᠭᠦᠳᠡᠯᠯᠡᠨ ᠠᠮᠢᠳᠣᠷᠠᠵᠣ ᠲᠠᠪᠣᠨ ᠬᠤᠰᠢᠭᠤ ᠮᠠᠯ ᠤᠨ ᠢᠶᠠᠨ ᠠᠰᠢᠭ ᠰᠢᠮ᠎ᠡ ᠪᠠᠷ ᠠᠮᠢᠳᠣᠷᠠᠯ ᠠᠬᠤᠢ ᠪᠠᠨ ᠲᠡᠩᠴᠡᠭᠦᠯᠵᠤ᠂ ᠴᠣᠬᠤᠮ ᠬᠦ᠋ ᠪᠠᠶᠢᠭᠠᠯᠢ᠂ ᠬᠦᠮᠦᠨ᠂ ᠮᠠᠯ ᠭᠤᠷᠪᠠ ᠶᠢᠨ ᠢᠳᠡᠭᠡᠰᠢᠨ ᠠᠭᠤᠰᠣᠭᠰᠠᠨ ᠣᠷᠭᠠᠨᠢᠭ ᠲᠣᠭᠳᠠᠯᠴᠠᠭ᠎ᠠ ᠣᠶᠠᠨ ᠣᠶᠠᠯᠳᠣᠯᠭ᠎ᠠ ᠶᠢ ᠪᠦᠷᠢᠯᠳᠣᠭᠦᠯᠦᠨ ᠬᠡᠨ ᠠᠯᠢᠨ ᠠᠴᠠ ᠪᠠᠨ ᠰᠠᠯᠵᠣ ᠴᠢᠳᠠᠬᠤ ᠦᠭᠡᠢ ᠠᠮᠢ ᠠᠬᠤᠢ ᠶᠢᠨ ᠬᠡᠯᠬᠢᠶ᠎ᠡ ᠶᠢ ᠪᠣᠢ ᠪᠣᠯᠭᠠᠵᠠᠢ᠃ ᠡᠪᠦᠯ ᠦᠩᠭᠡᠷᠡᠵᠣ ᠬᠠᠪᠣᠷ ᠪᠣᠯᠬᠤ ᠳᠤ ᠡᠪᠡᠰᠣ ᠨᠣᠭᠤᠭ᠎ᠠ ᠣᠷᠭᠤᠨ᠂ ᠲᠦᠯ ᠮᠠᠯ ᠬᠦᠷᠪᠡᠵᠢᠨ ᠲᠣᠷᠨᠢᠵᠣ᠂ ᠨᠣᠭᠤᠭ᠎ᠠ ᠳᠤ ᠴᠠᠳᠳᠠᠭ᠂ ᠡᠭᠦᠨ ᠲᠠᠢ ᠵᠡᠷᠭᠡᠴᠡᠨ ᠮᠠᠯᠴᠢᠨ ᠮᠣᠩᠭᠤᠯ ᠠᠷᠠᠳ ᠰᠠᠭᠠᠯᠢ ᠰᠦᠨ ᠤ ᠣᠯᠠᠷᠢᠯ ᠢᠶᠠᠨ ᠡᠬᠢᠯᠡᠬᠦᠯᠵᠣ ᠴᠠᠭᠠᠨ ᠢᠳᠡᠭᠡ ᠪᠠᠨ ᠪᠣᠯᠪᠠᠰᠣᠷᠠᠭᠤᠯᠣᠨ ︿ᠰᠠᠴᠣᠯᠢ ︵ᠴᠠᠴᠣᠯᠢ︶ ᠡᠷᠬᠦᠬᠦ﹀ ᠶᠣᠰᠣᠯᠠᠯ ᠢᠶᠠᠨ ᠶᠠᠪᠣᠭᠤᠯᠳᠠᠭ ᠶᠣᠮ᠃ ᠰᠠᠴᠣᠯᠢ ᠡᠷᠭᠦᠭᠦ ᠶᠣᠰᠣ ᠭᠡᠳᠡᠭ ᠨᠢ ᠡᠷᠳᠡ ᠴᠠᠭ ᠠᠴᠠ ᠮᠠᠯ ᠠᠵᠣ ᠠᠬᠤᠢ ᠡᠷᠭᠢᠯᠡᠨ ᠢᠷᠡᠭᠰᠡᠨ ᠮᠣᠩᠭᠤᠯᠴᠣᠳ ᠤᠨ ᠦᠪᠡᠷᠮᠢᠴᠨ ᠵᠠᠩ ᠣᠶᠢᠯᠡ ᠮᠦᠨ᠂ ᠲᠠᠷᠣᠢ ᠪᠣᠷᠬᠠᠨ ᠲᠡᠭᠷᠢ᠂ ᠡᠭᠡ ᠪᠠᠶᠢᠭᠠᠯᠢ ᠳᠠᠭᠠᠨ ᠰᠠᠭᠠᠯᠢ ᠰᠦᠨ ᠤ ᠪᠠᠨ ᠲᠡᠭᠡᠵᠢ ᠶᠢ ᠡᠷᠭᠦᠨ ᠪᠠᠷᠢᠵᠣ ᠲᠡᠭᠡᠳᠣᠯᠡᠨ ᠮᠦᠷᠭᠦᠵᠣ᠂ ᠪᠠᠶᠢᠭᠠᠯᠢ ᠶᠢᠡᠳᠢᠨᠴᠣ ᠠᠴᠠ ᠬᠠᠶᠢᠷ᠎ᠠ ᠶᠢᠨ ᠢᠪᠡᠭᠡᠯ ᠬᠦᠰᠡᠨ ᠭᠤᠶᠣᠵᠣ ᠲᠠᠭᠠᠳᠬᠠᠨ ᠮᠦᠷᠭᠦᠵᠤ᠂ ᠮᠠᠯ ᠰᠦᠷᠦᠭ ᠤᠨ ᠢᠶᠠᠨ ᠦᠨᠢᠷ ᠦᠰᠦᠯᠳᠡ ᠶᠢ ᠵᠦᠩᠨᠡᠨ ᠪᠡᠯᠭᠡᠳᠡᠭᠰᠡᠨ ᠣᠳᠬ᠎ᠠ ᠲᠠᠢ ᠪᠦᠬᠡᠳ ᠦᠢ ᠣᠯᠠᠨ ᠢᠶᠠᠷ ᠢᠶᠠᠨ ᠪᠠᠶᠠᠨ ᠴᠢᠨᠡᠭᠡᠯᠢᠭ ᠪᠣᠯᠬᠤ ᠶᠢ ᠭᠦᠰᠡᠨ ᠡᠷᠡᠮᠡᠯᠵᠡᠯᠡᠭᠰᠡᠨ ᠰᠡᠳᠭᠢᠯᠬᠡ ᠪᠠᠨ ᠢᠯᠡᠳᠭᠡᠵᠣ ᠪᠠᠶᠢᠭ᠎ᠠ ᠠᠵᠢᠯᠯᠠᠭ᠎ᠠ ᠶᠣᠮ᠃ ᠬᠡᠭᠦᠤ ᠰᠠᠭᠠᠪᠠᠯ ᠬᠡᠬᠦᠣ ᠶᠢᠨ ᠰᠦᠨ ᠤ ᠰᠠᠴᠣᠯᠢ ᠭᠠᠷᠭᠠᠨ᠎ᠠ᠃ ᠡᠨᠡ ᠨᠢ ︿ᠦᠷᠡᠰ ᠭᠠᠷᠭᠠᠬᠤ﹀ ᠰᠠᠴᠣᠯᠢ ᠪᠣᠯᠣᠨ᠎ᠠ᠃ ᠰᠠᠭᠠᠯᠢ ᠶᠢᠨ ᠠᠷᠢᠬᠢ ᠪᠠᠨ ᠨᠡᠷᠡᠵᠣ ᠭᠠᠷᠭᠠᠭᠰᠠᠨ ᠤ ᠲᠠᠷᠠᠭ᠎ᠠ ᠴᠣ᠋ ᠰᠠᠴᠣᠯᠢ ᠡᠷᠭᠦᠳᠡᠭ ᠶᠣᠮ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号