ᠲᠡᠦᠭᠡᠨ ᠣᠯᠠᠷᠢᠯ ︵ᠠᠷᠪᠠᠨ ᠵᠢᠷᠭᠤᠭ᠎ᠠ︶
ᠨᠡᠶᠢᠲᠡᠯᠡᠭᠰᠡᠨ ᠴᠠᠭ᠄
2024/8/22
ᠲᠡᠦᠭᠡᠨ ᠣᠯᠠᠷᠢᠯ ︵ᠠᠷᠪᠠᠨ ᠵᠢᠷᠭᠤᠭ᠎ᠠ︶              1997 ᠤᠨ      1 ᠰᠠᠷ᠎ᠠ ᠶᠢᠨ 20 ᠤ ᠡᠳᠦᠷ᠂ ᠦᠪᠡᠷᠳᠡᠭᠡᠨ ᠵᠠᠰᠠᠬᠤ ᠤᠷᠤᠨ ᠤ ᠰᠢᠶᠠᠩ ᠪᠠᠯᠭᠠᠰᠤᠨ ᠤ ᠠᠵᠤ ᠠᠬᠤᠶᠢᠯᠠᠯ  ᠤᠨ ᠠᠵᠢᠯ ᠤᠨ ᠬᠤᠷᠠᠯ ᠲᠡᠭᠡᠷ᠎ᠡ ᠦᠪᠦᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ ᠠᠴᠠ ᠰᠢᠶᠠᠩ ᠪᠠᠯᠭᠠᠰᠤᠨ ᠤ ᠠᠵᠤ ᠠᠬᠤᠶᠢᠯᠠᠯ ᠢ ᠬᠦᠭᠵᠢᠭᠦᠯᠦᠭᠰᠡᠨ ᠲᠡᠷᠢᠭᠦᠨ  ᠤ ᠨᠢᠭᠡᠴᠡ ᠶᠢ ᠶᠡᠭᠡ ᠪᠠᠷ ᠱᠠᠩᠨᠠᠬᠤ ᠳᠤ ᠦᠬᠠᠢ ᠬᠤᠳᠠ ᠭᠤᠷᠪᠠᠨ ᠶᠡᠭᠡ ᠱᠠᠩᠨᠠᠯ ᠲᠤᠰᠴᠠᠢ᠂ ᠲᠠᠷᠤᠢ᠄ ᠦᠬᠠᠢ ᠬᠤᠳᠠ ᠶᠢᠨ ᠰᠢᠶᠠᠩ ᠪᠠᠯᠭᠠᠰᠤᠨ ᠤ ᠠᠵᠤ ᠠᠬᠤᠶᠢᠯᠠᠯ ᠢ ᠬᠦᠭᠵᠢᠭᠦᠯᠦᠭᠰᠡᠨ ᠬᠤᠷᠳᠤᠴᠠ ᠪᠠ ᠦᠷ᠎ᠡ ᠠᠰᠢᠭ ᠨᠢ 12 ᠠᠶᠢᠮᠠᠭ ᠬᠤᠳᠠ ᠳᠤ ᠲᠦᠷᠦᠭᠦᠯᠡᠵᠡᠢ᠃ ᠬᠠᠶᠢᠷᠤᠪ ᠤᠨ ᠲᠤᠬᠤᠢ ᠲᠤᠭᠤᠷᠢᠭ ᠤᠨ ᠰᠢᠶᠠᠩ ᠪᠠᠯᠭᠠᠰᠤᠨ ᠤ ᠠᠵᠤ ᠠᠬᠤᠶᠢᠯᠠᠯ ᠢ ᠬᠦᠭᠵᠢᠭᠦᠯᠦᠭᠰᠡᠨ ᠬᠤᠷᠳᠤᠴᠠ ᠪᠠ ᠦᠷ᠎ᠡ ᠠᠰᠢᠭ ᠨᠢ ᠪᠦᠬᠦ ᠤᠷᠤᠨ ᠤ ᠬᠤᠰᠢᠭᠤ᠂ ᠰᠢᠶᠠᠨ᠂ ᠲᠤᠭᠤᠷᠢᠭ ᠤᠨ ᠲᠤᠳᠤᠷ᠎ᠠ ᠨᠢᠭᠡᠳᠦᠭᠡᠷ ᠪᠠᠶᠢᠷᠢᠨ ᠳᠤ ᠵᠢᠭᠰᠠᠵᠠᠢ᠃ ᠬᠠᠶᠢᠨᠠᠨ ᠲᠤᠭᠤᠷᠢᠭ ᠤᠨ ᠰᠢᠶᠠᠩ ᠪᠠᠯᠭᠠᠰᠤᠨ ᠤ ᠠᠵᠤ ᠠᠬᠤᠶᠢᠯᠠᠯ ᠤᠨ ᠬᠦᠮᠦᠨ ᠲᠤᠮᠳᠠᠴᠢ ᠶᠢᠨ ᠲᠡᠭᠰᠢᠳᠭᠡᠭᠰᠡᠨ ᠴᠠᠯᠢᠩ ᠬᠦᠯᠦᠰᠦ ᠨᠢ ᠪᠦᠬᠦ ᠤᠷᠤᠨ ᠤ ᠬᠤᠰᠢᠭᠤ᠂ ᠰᠢᠶᠠᠨ᠂ ᠲᠤᠭᠤᠷᠢᠭ ᠤᠨ ᠲᠤᠳᠤᠷ᠎ᠠ ᠬᠤᠶᠠᠳᠤᠭᠠᠷ ᠪᠠᠶᠢᠷᠢᠨ ᠳᠤ ᠵᠢᠭᠰᠠᠵᠠᠢ᠃      3 ᠰᠠᠷ᠎ᠠ ᠶᠢᠨ 13 ~ 14 ᠤ ᠡᠳᠦᠷ᠂ ᠦᠷ ᠰᠦᠨᠢ ᠪᠠᠷ ᠬᠠᠶᠢᠷᠤᠪ ᠤᠨ ᠲᠤᠬᠤᠢ ᠲᠤᠭᠤᠷᠢᠭ ᠲᠤ ᠬᠤᠶᠠᠷ ᠤᠳᠠᠭ᠎ᠠ ᠬᠤᠪᠤᠷ ᠲᠤᠬᠢᠶᠠᠯᠳᠤᠬᠤ ᠴᠠᠭ ᠠᠭᠤᠷ ᠤᠨ ᠪᠠᠶᠢᠳᠠᠯ ᠢᠯᠡᠷᠡᠵᠦ᠂ ᠴᠠᠬᠢᠯᠭᠠᠨ ᠴᠠᠬᠢᠯᠵᠤ ᠠᠶᠤᠩᠭ᠎ᠠ ᠨᠢᠵᠢᠭᠢᠨᠡᠨ᠂ ᠴᠠᠬᠢᠯᠭᠠᠨ ᠤᠳᠠᠰᠤ ᠠᠶᠤᠩᠭᠠᠨ ᠳᠤ ᠲᠠᠭᠠᠷᠢᠭᠳᠠᠨ ᠲᠠᠰᠤᠷᠠᠵᠤ᠂ ᠲᠧᠯᠸᠢᠰ ᠤᠨ ᠳᠠᠮᠵᠢᠭᠤᠯᠬᠤ ᠰᠦᠯᠵᠢᠶ᠎ᠡ ᠶᠢᠨ ᠴᠢᠬᠤᠯᠠ ᠲᠤᠨᠤᠭ ᠲᠦᠭᠦᠭᠡᠷᠦᠮᠵᠢ ᠡᠪᠳᠡᠭᠳᠡᠨ᠂ ᠬᠠᠭᠠᠰ ᠠᠴᠠ ᠲᠡᠭᠡᠭᠡᠭᠰᠢᠬᠢ ᠠᠶᠢᠯ ᠡᠷᠦᠭᠡ ᠶᠢᠨ ᠲᠧᠯᠸᠢᠰ ᠨᠦᠯᠦᠭᠡᠯᠡᠭᠳᠡᠨ᠂ 200 ᠭᠠᠷᠦᠢ ᠲᠧᠯᠸᠢᠰ ᠬᠢᠭᠡᠳ 200 ᠤᠷᠴᠢᠮ ᠳ᠋ᠢᠶᠠᠩᠬᠤᠸᠠ ᠡᠪᠳᠡᠭᠳᠡᠵᠤ ᠰᠦᠢᠳᠴᠡᠢ᠃      3 ᠰᠠᠷ᠎ᠠ ᠶᠢᠨ 24 ~ 28 ᠤ ᠡᠳᠦᠷ᠂ ᠤᠯᠤᠰ ᠲᠦᠷᠦ ᠶᠢᠨ ᠵᠦᠪᠯᠡᠯᠭᠡᠨ ᠤ ᠦᠬᠠᠢ ᠬᠤᠳᠠ ᠶᠢᠨ ᠲᠦᠷᠪᠡᠳᠦᠭᠡᠷ ᠬᠤᠭᠤᠴᠠᠭᠠᠨ ᠤ ᠬᠡᠰᠢᠭᠦᠳ ᠤᠨ ᠲᠦᠷᠪᠡᠳᠦᠭᠡᠷ ᠤᠳᠠᠭᠠᠨ ᠤ ᠬᠤᠷᠠᠯ ᠢ ᠬᠤᠷᠠᠯᠳᠤᠭᠤᠯᠵᠤ᠂ ᠬᠤᠷᠠᠯ  ᠠᠴᠠ ᠠᠵᠢᠯ ᠤᠨ ᠮᠡᠳᠡᠭᠦᠯᠦᠯᠳᠡ ᠬᠢᠭᠡᠳ ᠲᠤᠷᠠᠳᠤᠯᠭ᠎ᠠ ᠶᠢᠨ ᠠᠵᠢᠯ ᠤᠨ ᠪᠠᠶᠢᠳᠠᠯ ᠤᠨ ᠮᠡᠳᠡᠭᠦᠯᠦᠯᠳᠡ ᠶᠢ ᠰᠤᠨᠤᠰᠴᠠᠢ᠃      3 ᠰᠠᠷ᠎ᠠ ᠶᠢᠨ 25 ~ 29 ᠤ ᠡᠳᠦᠷ᠂ ᠦᠬᠠᠢ ᠬᠤᠳᠠ ᠶᠢᠨ ᠲᠦᠷᠪᠡᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠷᠪᠡᠳᠦᠭᠡᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠢ ᠬᠤᠷᠠᠯᠳᠤᠭᠤᠯᠵᠤ᠂ ᠠᠢ ᠵᠧᠨ ᠶᠢᠩ ᠢ ᠬᠤᠳᠠ ᠶᠢᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ  ᠶᠢᠨ ᠵᠦᠪᠯᠡᠯ ᠤᠨ ᠲᠡᠳ᠋ ᠡᠷᠭᠢᠯᠡᠭᠴᠢ ᠪᠠᠷ ᠨᠦᠭᠦᠨ ᠰᠤᠩᠭᠤᠵᠠᠢ᠃          3 ᠰᠠᠷ᠎ᠠ ᠶᠢᠨ 31 ᠤ ᠡᠳᠦᠷ᠂ ᠬᠦᠬᠡᠬᠤᠳᠠ ᠶᠢᠨ ᠲᠡᠮᠦᠷ ᠵᠠᠮ ᠤᠨ ᠲᠤᠪᠴᠢᠶᠠᠨ ᠠᠴᠠ ᠦᠬᠠᠢ ᠬᠤᠳᠠ ᠶᠢᠨ ᠭᠠᠯᠳᠤ ᠲᠡᠷᠭᠡᠨ ᠦᠷᠳᠡᠭᠡᠨ ᠳᠤ 542 ᠡᠭᠡᠯᠵᠢ ᠶᠢᠨ ᠰᠢᠭᠤᠳ ᠬᠤᠷᠳᠤᠨ ᠤ ᠠᠶᠠᠨᠴᠢᠳ ᠤᠨ ᠲᠡᠷᠭᠡ ᠠᠩᠬ᠎ᠠ ᠬᠦᠳᠡᠯᠭᠦ ᠶᠤᠰᠤᠯᠠᠯ ᠶᠠᠪᠤᠭᠳᠠᠭᠤᠯᠵᠠᠢ᠃ ᠦᠳᠡ ᠶᠢᠨ ᠡᠮᠦᠨ᠎ᠡ ᠶᠢᠨ 7 ᠴᠠᠭ 40 ᠮᠢᠨᠦ᠋ᠲ ᠲᠤ ᠦᠠᠬᠠᠢ ᠶᠢᠨ ᠪᠠᠷᠠᠭᠤᠨ ᠦᠷᠳᠡᠭᠡᠨ ᠠᠴᠠ ᠪᠡᠭᠡᠵᠢᠩ ᠤᠨ ᠡᠮᠦᠨᠡᠳᠦ ᠦᠷᠳᠡᠭᠡ ᠬᠦᠷᠭᠦ 542 ᠡᠭᠡᠯᠵᠢ ᠶᠢᠨ ᠰᠢᠭᠤᠳ ᠬᠤᠷᠳᠤᠨ ᠤ ᠠᠶᠠᠨᠴᠢᠳ ᠤᠨ ᠲᠡᠷᠭᠡ ᠦᠬᠠᠢ ᠦᠷᠳᠡᠭᠡᠨ ᠠᠴᠠ ᠬᠦᠳᠡᠯᠵᠦ ᠪᠡᠭᠡᠵᠢᠩ ᠵᠦᠭ ᠴᠢᠭᠯᠡᠵᠡᠢ ︵ᠡᠰᠡᠷᠭᠦ ᠲᠠᠯ᠎ᠠ ᠶᠢᠨ 541 ᠡᠭᠡᠯᠵᠢ ᠶᠢᠨ ᠲᠡᠷᠭᠡ ᠨᠢ ᠪᠡᠭᠡᠵᠢᠩ ᠤᠨ ᠡᠮᠦᠨᠡᠳᠦ ᠦᠷᠳᠡᠭᠡᠨ ᠠᠴᠠ ᠦᠠᠬᠠᠢ ᠶᠢᠨ ᠪᠠᠷᠠᠭᠤᠨ ᠦᠷᠳᠡᠭᠡ ᠬᠦᠷᠦᠨ᠎ᠡ︶᠂ ᠦᠬᠠᠢ ᠤᠷᠤᠨ ᠠᠴᠠ ᠪᠡᠭᠡᠵᠢᠩ ᠬᠦᠷᠭᠦ ᠡᠭᠢᠯᠡᠯᠳᠡ ᠶᠢᠨ ᠦᠷᠳᠡᠭᠡ ᠪᠠᠶᠢᠬᠤ ᠦᠭᠡᠢ ᠲᠡᠦᠬᠡ ᠡᠭᠦᠪᠡᠷ ᠡᠴᠦᠰᠯᠡᠪᠡ᠃      4 ᠰᠠᠷ᠎ᠠ ᠶᠢᠨ 29 ᠤ ᠡᠳᠦᠷ ᠤᠨ ᠲᠡᠭ ᠴᠠᠭ ᠲᠤ᠂ ᠬᠠᠶᠢᠷᠤᠪ ᠤᠨ ᠲᠤᠬᠤᠢ ᠶᠢᠨ ᠠᠭᠤᠷᠬᠠᠢ ᠶᠢᠨ ᠶᠠᠪᠤᠳᠠᠯ  ᠤᠨ ᠲᠤᠪᠴᠢᠶᠠᠨ ᠤ ᠠᠭᠤᠷᠬᠠᠢ ᠶᠢᠨ ᠪᠠᠶᠢᠭᠤᠯᠤᠯᠳᠠ ᠶᠢᠨ ᠨᠢᠭᠡᠳᠦᠭᠡᠷ ᠭᠡᠯᠳᠡᠰ ᠤᠨ ᠰᠢᠩ ᠳ᠋ᠠ ᠨᠡᠭᠦᠷᠡᠰᠦᠨ ᠠᠭᠤᠷᠬᠠᠢ ᠤᠰᠤ ᠨᠡᠪᠳᠡᠷᠡᠭᠰᠡᠨ ᠭᠡᠷᠡᠭ ᠭᠠᠷᠴᠤ᠂ ᠠᠭᠤᠷᠬᠠᠢ ᠶᠢᠨ ᠬᠤᠳᠳᠤᠭ ᠲᠤ ᠠᠵᠢᠯᠯᠠᠵᠤ ᠪᠠᠶᠢᠭᠰᠠᠨ 4 ᠬᠦᠮᠦᠨ ᠠᠳᠡᠵᠦ᠂ 16 ᠲᠦᠮᠡᠨ ᠲᠦᠭᠦᠷᠢᠭ ᠤᠨ ᠠᠵᠤ ᠠᠬᠤᠢ ᠶᠢᠨ ᠰᠢᠭᠤᠳ ᠰᠦᠢᠳᠦᠯ ᠳᠤ ᠭᠠᠷᠴᠠᠢ᠃      4 ᠰᠠᠷ᠎ᠠ ᠳᠤ᠂ ᠦᠬᠠᠢ ᠬᠤᠳᠠ ᠶᠢᠨ ᠰᠢᠭᠤᠳ ᠬᠠᠷᠢᠶ᠎ᠠ ᠠᠵᠤ ᠠᠬᠤᠶᠢᠯᠠᠯ ᠤᠨ ᠪᠠᠶᠢᠭᠤᠯᠤᠭᠰᠠᠨ 10 ᠰᠤᠷᠭᠠᠭᠤᠯᠢ ᠶᠢ ᠡᠯ᠎ᠡ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠬᠠᠮᠢᠶᠠᠷᠤᠯᠳᠠ ᠳᠤ ᠤᠷᠤᠭᠤᠯᠵᠠᠢ᠃      5 ᠰᠠᠷ᠎ᠠ‌‍ᠶᠢᠨ29 ᠤ ᠡᠳᠦᠷ‌‍ᠤᠨ17 ᠴᠠᠭ40 ᠮᠢᠨᠦ᠋ᠲ ᠲᠤ᠂ ᠦᠬᠠᠢ ᠬᠤᠳᠠ‌‍ᠶᠢᠨ ᠪᠠᠶᠠᠨᠳᠤᠬᠤᠢ ᠰᠢᠶᠠᠩ‌‍ᠤᠨ ᠳ᠋ᠢᠯᠪᠠᠩ ᠨᠡᠭᠦᠷᠡᠰᠦᠨ ᠠᠭᠤᠷᠬᠠᠢ ᠳᠤ ᠭᠠᠰ ᠬᠡᠢ ᠲᠡᠯᠪᠡᠷᠡᠭᠰᠡᠨ ᠭᠡᠷᠡᠭ ᠭᠠᠷᠴᠤ᠂ 30 ᠬᠦᠮᠦᠨ ᠠᠳᠡᠵᠠᠢ᠃      6 ᠰᠠᠷ᠎ᠠ ᠶᠢᠨ 3 ᠤ ᠡᠳᠦᠷ᠂ ᠦᠬᠠᠢ ᠬᠤᠳᠠ ᠤᠯᠤᠰ ᠤᠨ ᠦᠮᠴᠢᠯᠡᠯᠳᠦ ᠭᠠᠵᠠᠷ ᠰᠢᠷᠦᠢ ᠶᠢᠨ ᠦᠮᠴᠢᠯᠡᠬᠦ ᠡᠷᠭᠡ ᠶᠢ ᠠᠩᠬ᠎ᠠ ᠦᠨ᠎ᠡ ᠬᠠᠶᠠᠯᠴᠠᠨ ᠬᠤᠳᠠᠯᠳᠤᠵᠠᠢ᠂ ᠨᠡᠶᠢᠳᠡ ᠳᠤ ᠵᠠᠷᠯᠠᠨ ᠦᠨ᠎ᠡ ᠬᠠᠶᠠᠯᠴᠠᠨ ᠬᠤᠳᠠᠯᠳᠠᠳᠤᠭᠰᠠᠨ ᠭᠠᠵᠠᠷ ᠨᠢ ᠲᠤᠰ ᠲᠤᠰ ᠬᠠᠶᠢᠷᠤᠪ ᠤᠨ ᠲᠤᠬᠤᠢ ᠲᠤᠭᠤᠷᠢᠭ ᠤᠨ ᠴᠡᠭᠡᠯ ᠠᠭᠤᠯᠠ ᠶᠢᠨ ᠵᠡᠭᠦᠨ ᠵᠡᠭᠡᠯᠢ ᠶᠢᠨ ᠡᠮᠦᠨ᠎ᠡ ᠲᠠᠯ᠎ᠠ ᠬᠢᠭᠡᠳ ᠴᠡᠴᠡᠷᠯᠢᠭ ᠤᠨ ᠠᠷᠤ ᠵᠠᠮ ᠤᠨ ᠨᠢᠭᠡ ᠬᠡᠰᠡᠭ᠂ ᠪᠦᠬᠦᠳᠡ 1 640.96 ᠲᠡᠭᠰᠢ ᠲᠦᠷᠪᠡᠯᠵᠢᠨ ᠮᠧᠲᠷ᠂ 20 ᠬᠡᠰᠡᠭ ᠠᠷᠠᠯᠵᠢᠶ᠎ᠠ ᠬᠤᠳᠠᠯᠳᠤᠭᠠᠨ ᠳᠤ ᠬᠡᠷᠡᠭᠯᠡᠬᠦ ᠭᠠᠵᠠᠷ ᠪᠤᠢ᠂ 229 ᠲᠦᠮᠡᠨ ᠲᠦᠭᠦᠷᠢᠭ ᠬᠦᠷᠴᠡᠢ᠂ ᠲᠡᠭᠰᠢ ᠲᠦᠷᠪᠡᠯᠵᠢᠨ ᠮᠧᠲᠷ ᠪᠦᠷᠢ ᠶᠢᠨ ᠲᠡᠭᠰᠢᠳᠭᠡᠭᠰᠡᠨ ᠦᠨ᠎ᠡ ᠨᠢ 1 396 ᠲᠦᠭᠦᠷᠢᠭ᠃      7 ᠰᠠᠷ᠎ᠠ ᠶᠢᠨ 1 ᠤ ᠡᠳᠦᠷ᠂ ᠦᠬᠠᠢ ᠬᠤᠳᠠ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠬᠠᠮᠤᠭ ᠲᠤᠤᠷ᠎ᠠ ᠠᠮᠢᠳᠤᠷᠠᠯ ᠤᠨ ᠪᠠᠳᠤᠯᠠᠭ᠎ᠠ ᠶᠢᠨ ᠲᠦᠷᠢᠮ ᠢ ᠬᠡᠷᠡᠭᠵᠢᠭᠦᠯᠵᠡᠢ᠂ ᠪᠠᠳᠤᠯᠠᠭ᠎ᠠ ᠶᠢᠨ ᠪᠠᠷᠢᠮᠵᠢᠶ᠎ᠠ ᠨᠢ ᠬᠦᠮᠦᠨ ᠪᠦᠷᠢ ᠰᠠᠷ᠎ᠠ ᠨᠢᠭᠡᠪᠦᠷᠢ 90 ᠲᠦᠭᠦᠷᠢᠭ᠂ ᠲᠤᠬᠠᠢ ᠶᠢᠨ ᠵᠢᠯ ᠤᠨ ᠬᠢᠨᠠᠨ ᠲᠤᠭᠳᠠᠭᠠᠭᠰᠠᠨ ᠲᠤᠰᠠᠯᠠᠮᠵᠢ ᠬᠦᠷᠳᠡᠭᠦ ᠶᠤᠰᠤᠳᠠᠢ ᠬᠦᠮᠦᠨ ᠨᠡᠶᠢᠳᠡ 674 ᠬᠦᠮᠦᠨ ᠪᠠᠶᠢᠵᠤ᠂ ᠬᠦᠳᠡᠯᠦᠩᠭᠦᠢ ᠬᠠᠮᠢᠶᠠᠷᠤᠯᠳᠠ ᠶᠢᠨ ᠬᠡᠯᠪᠡᠷᠢ ᠪᠠᠷ ᠠᠵᠢᠯ ᠢᠶᠠᠨ ᠦᠷᠨᠢᠭᠦᠯᠵᠡᠢ᠃      7 ᠰᠠᠷ᠎ᠠ ᠶᠢᠨ 17 ᠤ ᠡᠳᠦᠷ᠂ ᠦᠪᠦᠷ ᠮᠤᠩᠭᠤᠯ ᠤᠨ ᠪᠠᠷᠠᠭᠤᠨ ᠤᠷᠠᠨ ᠲᠦᠰᠢ ᠠᠭᠤᠯᠠ ᠶᠢᠨ ᠱᠦᠢᠨᠢ  ᠶᠢᠨ ᠦᠢᠯᠡᠳᠪᠦᠷᠢ ᠶᠢᠨ ᠦᠢᠯᠡᠳᠪᠦᠷᠢᠯᠡᠭᠰᠡᠨ ︽ᠲᠠᠯ᠎ᠠ ᠨᠤᠳᠤᠭ︾ ᠲᠡᠮᠳᠡᠭᠳᠦ ᠱᠦᠢᠨᠢ ᠨᠢ ᠤᠯᠤᠰ ᠤᠨ ᠬᠢᠯᠢ ᠶᠢ ᠠᠩᠬ᠎ᠠ ᠲᠠᠪᠠᠵᠤ ᠮᠤᠩᠭᠤᠯ ᠤᠯᠤᠰ ᠤᠨ ᠰᠡᠯᠡᠩᠭᠡ ᠠᠶᠢᠮᠠᠭ ᠤᠨ ᠬᠤᠳᠠᠯᠠ ᠬᠤᠳᠠ ᠳᠤ ᠪᠤᠷᠤᠯᠠᠭᠤᠯᠤᠭᠳᠠᠪᠠ᠃      8 ᠰᠠᠷ᠎ᠠ ᠶᠢᠨ 2 ᠤ ᠡᠳᠦᠷ᠂ ᠦᠬᠠᠢ ᠬᠤᠳᠠ ᠶᠢᠨ ᠲᠠᠷᠢᠶᠠᠯᠠᠩ ᠤᠨ ᠪᠦᠳᠦᠭᠡᠭᠳᠡᠭᠦᠨ ᠢ ᠰᠢᠭᠤᠳ ᠪᠤᠷᠤᠯᠠᠭᠤᠯᠬᠤ ᠬᠠᠮᠤᠭ ᠤᠨ ᠲᠤᠮᠤ ᠵᠠᠬ᠎ᠠ ᠲᠡᠯᠭᠡᠭᠦᠷ— ᠦᠬᠠᠢ ᠬᠤᠳᠠ ᠶᠢᠨ ᠲᠠᠷᠢᠶᠠᠯᠠᠩ ᠤᠨ ᠪᠦᠳᠦᠭᠡᠭᠳᠡᠭᠦᠨ ᠤ ᠵᠠᠬ᠎ᠠ ᠲᠡᠯᠭᠡᠭᠦᠷ ᠠᠰᠢᠭᠯᠠᠯᠳᠠ ᠳᠤ ᠤᠷᠤᠵᠠᠢ᠃ ᠲᠠᠷᠢᠶᠠᠯᠠᠩ ᠤᠨ ᠪᠦᠳᠦᠭᠡᠭᠳᠡᠭᠦᠨ ᠤ ᠵᠠᠬ᠎ᠠ ᠲᠡᠯᠭᠡᠭᠦᠷ ᠨᠢ ᠬᠠᠢ ᠪᠸᠢ ᠰᠤᠯᠢᠪᠴᠢᠮᠠᠯ ᠬᠦᠭᠦᠷᠭᠡ ᠶᠢᠨ ᠵᠡᠭᠦᠨ ᠲᠠᠯ᠎ᠠ ᠳᠤ ᠪᠠᠶᠢᠷᠢᠯᠠᠵᠤ᠂ ᠡᠵᠡᠯᠡᠬᠦ ᠲᠠᠯᠠᠪᠠᠢ ᠨᠢ 2300 ᠲᠡᠭᠰᠢ ᠲᠦᠷᠪᠡᠯᠵᠢᠨ ᠮᠧᠲᠷ᠂ 1250 ᠲᠦᠮᠡᠨ ᠲᠦᠭᠦᠷᠢᠭ ᠤᠨ ᠪᠡᠯᠡ ᠤᠷᠤᠭᠤᠯᠵᠠᠢ᠃ ᠬᠠᠶᠢᠷᠤᠪ ᠤᠨ ᠲᠤᠬᠤᠢ ᠲᠡᠷᠢᠶᠡᠯᠡᠩ ᠤᠨ ᠲᠠᠯᠠᠪᠠᠢ  ᠠᠴᠠ ᠪᠡᠯᠡ ᠴᠤᠭᠯᠠᠭᠤᠯᠤᠨ ᠪᠠᠷᠢᠭᠰᠠᠨ ᠲᠤᠮᠤ ᠬᠡᠯᠪᠡᠷᠢ ᠶᠢᠨ ᠲᠠᠷᠶᠠᠯᠠᠩ ᠬᠤᠯᠢᠰᠢᠨ ᠢᠳᠡᠭᠡᠨ ᠤ ᠪᠦᠳᠦᠭᠡᠭᠳᠡᠭᠦᠨ ᠢ ᠪᠦᠭᠡᠮ ᠢᠶᠠᠷ ᠪᠤᠶᠤ ᠰᠤᠯᠠ ᠪᠠᠷ ᠬᠤᠳᠠᠯᠳᠤᠬᠤ ᠵᠠᠬ᠎ᠠ ᠲᠡᠯᠭᠡᠭᠦᠷ ᠪᠤᠯᠤᠨ᠎ᠠ᠃ ᠲᠠᠷᠢᠶᠠᠴᠢᠳ ᠲᠠᠯᠠᠪᠤᠷ ᠲᠤ ᠤᠷᠤᠵᠦ ᠡᠵᠡᠩᠨᠡᠪᠡᠯ ᠭᠤᠷᠪᠠᠨ ᠵᠢᠯ ᠳᠤ ᠠᠯᠢᠪᠠ ᠭᠠᠶᠢᠯᠢ ᠶᠢ ᠬᠡᠯᠳᠦᠷᠢᠭᠦᠯᠵᠦ᠂ ᠲᠠᠷᠢᠶᠠᠴᠢᠳ ᠠᠴᠠ ᠪᠤᠰᠤ ᠬᠦᠮᠦᠰ ᠤᠨ ᠨᠢᠭᠡ ᠵᠢᠯ ᠤᠨ ᠭᠠᠶᠢᠯᠢ ᠶᠢ ᠬᠡᠯᠳᠦᠷᠢᠬᠦᠯᠦᠨ᠎ᠡ ᠬᠡᠵᠦ ᠲᠤᠭᠳᠠᠭᠠᠵᠠᠢ᠃      8 ᠰᠠᠷ᠎ᠠ ᠶᠢᠨ 18 ᠤ ᠡᠳᠦᠷ᠂ ᠦᠪᠦᠷ ᠮᠤᠩᠭᠤᠯ ᠤᠨ ᠶᠢᠨ ᠢᠦᠢ ᠴᠠᠭᠢᠭᠤᠷ ᠤᠨ ᠦᠢᠯᠡᠰ ᠤᠨ ᠬᠢᠵᠠᠭᠠᠷᠳᠤ ᠺᠤᠮᠫᠠᠨᠢ ᠶᠢᠨ ᠲᠡᠮᠦᠷᠯᠢᠭ ᠬᠠᠶᠢᠯᠤᠭᠤᠯᠬᠤ ᠦᠢᠯᠡᠳᠪᠦᠷᠢ ᠠᠰᠢᠭᠯᠠᠯᠳᠠ ᠳᠤ ᠤᠷᠤᠵᠠᠢ᠃ ᠲᠤᠰ ᠺᠤᠮᠫᠠᠨᠢ ᠪᠤᠯ ᠦᠬᠠᠢ ᠬᠤᠳᠠ ᠶᠢᠨ ᠴᠠᠭᠢᠯᠭᠠᠨ ᠦᠢᠯᠡᠰ ᠤᠨ ᠲᠤᠪᠴᠢᠶᠠᠨ ᠤ ᠤᠯᠠᠨ ᠲᠦᠷᠦᠯᠳᠦ ᠡᠵᠡᠩᠨᠡᠯᠳᠡ ᠶᠢᠨ ᠺᠤᠮᠫᠠᠨᠢ ᠬᠢᠭᠡᠳ ᠰᠢᠶᠠᠩᠭᠠᠩ ᠤᠨ ᠿᠦᠨ ᠵᠦᠩ ᠤᠯᠠᠨ ᠤᠯᠤᠰ ᠤᠨ ᠬᠢᠵᠠᠭᠠᠷᠳᠤ ᠺᠤᠮᠫᠠᠨᠢ ᠨᠢ ᠬᠠᠶᠢᠨᠠᠨ ᠲᠤᠭᠤᠷᠢᠭ ᠲᠠᠢ ᠬᠠᠮᠳᠤᠷᠠᠨ ᠡᠵᠡᠩᠨᠡᠭᠰᠡᠨ ᠺᠤᠮᠫᠠᠨᠢ ᠪᠤᠯᠤᠨ᠎ᠠ᠂ ᠨᠡᠶᠢᠳᠡ 2700 ᠲᠦᠮᠡᠨ ᠲᠦᠭᠦᠷᠢᠭ ᠤᠨ ᠪᠡᠯᠡ ᠤᠷᠤᠭᠤᠯᠵᠤ᠂ ᠬᠤᠭᠤᠴᠠᠭ᠎ᠠ ᠬᠤᠪᠢᠶᠠᠨ 6 ᠰᠠᠭᠤᠷᠢ ᠲᠡᠮᠦᠷᠯᠢᠭ ᠬᠠᠶᠢᠯᠤᠭᠤᠯᠬᠤ ᠠᠵᠤ ᠦᠢᠯᠡᠳᠪᠦᠷᠢ ᠶᠢᠨ ᠴᠠᠭᠢᠭᠤᠷ ᠶᠢᠨ ᠠᠭᠤᠷᠬᠠᠢ ᠶᠢᠨ ᠬᠠᠯᠠᠭᠤᠨ ᠵᠤᠤᠬ᠎ᠠ ᠪᠠᠷᠢᠬᠤ ᠪᠤᠯᠤᠨ᠎ᠠ᠃ ᠺᠤᠮᠫᠠᠨᠢ ᠨᠢ ᠬᠤᠶᠢᠨᠠᠨ ᠲᠤᠭᠤᠷᠢᠭ ᠤᠨ 654 ᠭᠠᠵᠠᠷ ᠲᠤ᠂ 6 ᠾᠺᠲ᠋ᠧᠷ ᠭᠠᠵᠠᠷ ᠡᠵᠡᠯᠡᠵᠦ ᠴᠠᠭᠢᠭᠤᠷ ᠤᠨ ᠦᠢᠯᠡᠰ ᠦᠢᠯᠡᠳᠪᠦᠷᠢᠯᠡᠬᠦ ᠪᠠᠷ ᠭᠤᠤᠯ ᠪᠤᠯᠭᠠᠵᠤ ᠦᠢᠯᠡᠳᠪᠦᠷᠢ ᠠᠷᠠᠯᠵᠢᠶ᠎ᠠ ᠶᠢ ᠬᠠᠮᠳᠤᠷᠠᠭᠤᠯᠵᠠᠢ᠂ ᠦᠢᠯᠡᠳᠪᠦᠷᠢᠯᠡᠵᠦ ᠭᠠᠷᠭᠠᠭᠰᠠᠨ ᠠᠵᠤ ᠦᠢᠯᠡᠳᠪᠦᠷᠢ ᠶᠢᠨ ᠴᠠᠭᠢᠭᠤᠷ ᠤᠨ ᠦᠢᠯᠡᠳᠬᠦᠨ ᠢ ᠴᠦᠮ ᠰᠢᠶᠠᠩᠭᠠᠩ ᠤᠨ ᠲᠠᠯ᠎ᠠ ᠠᠴᠠ ᠬᠠᠷᠢᠭᠤᠴᠠᠨ ᠠᠮᠧᠷᠢᠺᠠ᠂ ᠶᠠᠫᠤᠨ ᠵᠡᠷᠭᠡ ᠤᠯᠤᠰ ᠤᠳ ᠢᠶᠠᠷ ᠪᠣᠷᠤᠯᠠᠭᠤᠯᠬᠤ ᠪᠣᠯᠤᠨ᠎ᠠ᠃      △ ᠦᠬᠠᠢ ᠶᠢᠨ ᠲᠠᠢ ᠳ᠋ᠠ ᠨᠠᠲ᠋ᠤᠷᠢ ᠦᠢᠯᠡᠳᠪᠦᠷᠢᠯᠡᠬᠦ ᠬᠢᠵᠠᠭᠠᠷᠳᠤ ᠬᠠᠷᠢᠭᠤᠴᠠᠭᠠᠳᠤ ᠺᠤᠮᠫᠠᠨᠢ ᠶᠢᠨ ᠵᠢᠯ ᠳᠤ 5 000 ᠲᠤᠨ ᠲᠡᠮᠦᠷᠯᠢᠭ ᠨᠠᠲ᠋ᠤᠷᠢ ᠦᠢᠯᠡᠳᠪᠦᠷᠢᠯᠡᠬᠦ ᠪᠠᠷᠢᠯᠭ᠎ᠠ ᠨᠢ ᠦᠪᠡᠷᠳᠡᠭᠡᠨ ᠵᠠᠰᠠᠬᠤ ᠤᠷᠤᠨ ᠤ ᠰᠢᠯᠭᠠᠯᠳᠠ  ᠶᠢ ᠦᠩᠭᠡᠷᠡᠭᠡᠵᠡᠢ᠂ ᠲᠤᠰ ᠺᠤᠮᠫᠠᠨᠢ ᠨᠢ ᠵᠢᠷᠠᠳᠠᠢ ᠶᠢᠨ ᠲᠠᠪᠤᠰᠤ ᠬᠢᠮᠢ ᠶᠢᠨ ᠦᠢᠯᠡᠳᠪᠦᠷᠢᠯᠡᠯ ᠤᠨ ᠪᠦᠯᠦᠭᠯᠡᠯᠳᠦ ᠺᠤᠮᠫᠠᠨᠢ ᠪᠤᠯᠤᠨ ᠤᠳᠠ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠪᠡᠯᠡ ᠨᠡᠶᠢᠯᠡᠭᠦᠯᠵᠦ ᠪᠠᠶᠢᠭᠤᠯᠤᠭᠰᠠᠨ ᠠᠽᠢᠶ᠎ᠠ ᠲᠢᠪ ᠲᠤ ᠬᠠᠮᠤᠭ ᠲᠤᠮᠤ ᠲᠡᠮᠦᠷᠯᠢᠭ ᠨᠠᠲ᠋ᠤᠷᠢ ᠦᠢᠯᠡᠳᠪᠦᠷᠢᠯᠡᠬᠦ ᠠᠵᠤ ᠠᠬᠤᠶᠢᠯᠠᠯ ᠪᠤᠯᠤᠨ᠎ᠠ᠃      9 ᠰᠠᠷ᠎ᠠ ᠶᠢᠨ 18 ᠤ ᠡᠳᠦᠷ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠦᠬᠠᠢ ᠬᠤᠳᠠ ᠶᠢᠨ ᠬᠤᠷᠢᠶ᠎ᠠ᠂ ᠬᠤᠳᠠ ᠶᠢᠨ ᠠᠷᠠᠳ ᠤᠨ ᠵᠠᠰᠠᠭ ᠤᠨ ᠤᠷᠳᠤᠨ ᠠᠴᠠ ᠬᠤᠪᠢ ᠶᠢᠨ ᠠᠵᠡᠩᠨᠡᠯᠳᠡ ᠶᠢᠨ ᠠᠵᠤ ᠠᠬᠤᠶᠢᠯᠠᠯ  ᠠᠴᠠ ᠬᠤᠷᠢᠶᠠᠬᠤ ᠵᠠᠷᠢᠮ ᠰᠦᠢᠳᠭᠡᠯ ᠳᠤ ᠲᠤᠬᠢᠷᠠᠭᠤᠯᠤᠯᠳᠠ ᠬᠢᠵᠡᠢ᠂ ᠡᠭᠦᠨ ᠳᠤ 10 ᠲᠦᠷᠦᠯ ᠤᠨ ᠰᠦᠢᠳᠭᠡᠯ ᠢ ᠦᠭᠡᠶᠢᠰᠭᠡᠵᠦ᠂ 16 ᠲᠦᠷᠦᠯ ᠤᠨ ᠰᠦᠢᠳᠭᠡᠯ ᠢ ᠪᠠᠷᠢᠮᠵᠢᠶ᠎ᠠ ᠪᠠᠭᠤᠷᠠᠭᠤᠯᠤᠨ᠂ 1 ᠲᠦᠷᠦᠯ ᠤᠨ ᠰᠦᠢᠳᠭᠡᠯ ᠢ ᠲᠦᠷ ᠬᠤᠷᠢᠶᠠᠬᠤ ᠦᠭᠡᠢ ᠪᠠᠷ ᠲᠤᠭᠳᠠᠭᠠᠵᠤ᠂ ᠲᠤᠭᠢᠷᠠᠭᠤᠯᠤᠯᠳᠠ ᠶᠢᠨ ᠲᠠᠷᠠᠭᠠᠬᠢ ᠰᠦᠢᠳᠭᠡᠯ ᠬᠤᠷᠢᠶᠠᠬᠤ ᠪᠠᠷᠢᠮᠵᠢᠶ᠎ᠠ ᠬᠡᠭᠡᠳ ᠲᠦᠷᠦᠯ ᠵᠦᠢᠯ ᠢ ᠭᠤᠷᠪᠠᠨ ᠵᠢᠯ ᠢᠶᠠᠷ᠂ ᠲᠠᠷᠤᠢ 1997 ᠤᠨ ᠤ 10 ᠰᠠᠷ᠎ᠠ ᠶᠢᠨ 1 ᠤ ᠡᠳᠦᠷ ᠠᠴᠠ 2000 ᠤᠨ ᠤ ᠡᠴᠦᠰ ᠬᠦᠷᠳᠡᠯ᠎ᠡ ᠭᠡᠵᠦ ᠲᠤᠭᠳᠠᠭᠠᠵᠠᠢ᠃      11 ᠰᠠᠷ᠎ᠠ ᠶᠢᠨ 3 ᠤ ᠡᠳᠦᠷ᠂ ᠬᠠᠶᠢᠷᠤᠪ ᠤᠨ ᠲᠤᠬᠤᠢ ᠶᠢᠨ ᠠᠭᠤᠷᠬᠠᠢ ᠶᠢᠨ ᠶᠠᠪᠤᠳᠠᠯ ᠤᠨ ᠲᠣᠪᠴᠢᠶᠠᠨ ᠤ ᠤᠯᠠᠨ ᠲᠦᠷᠦᠯᠳᠦ ᠡᠵᠡᠩᠨᠡᠯᠳᠡ ᠶᠢᠨ ᠺᠤᠮᠫᠠᠨᠢ ᠶᠢᠨ ᠹᠧᠩ ᠯᠦᠩ ᠨᠡᠭᠦᠷᠡᠰᠦ ᠤᠬᠢᠶᠠᠬᠤ ᠦᠢᠯᠡᠳᠪᠦᠷᠢ ᠶᠢᠨ ᠲᠤᠤᠷᠠᠬᠢ ᠹᠧᠩ ᠯᠦᠩ ᠨᠡᠭᠦᠷᠡᠰᠦᠨ ᠠᠭᠤᠷᠬᠠᠢ ᠳᠤ ᠭᠠᠰ ᠬᠡᠢ ᠲᠡᠯᠪᠡᠷᠡᠭᠰᠡᠨ ᠭᠡᠷᠡᠭ ᠭᠠᠷᠴᠤ᠂ 8 ᠬᠦᠮᠦᠨ ᠠᠳᠡᠵᠦ᠂ 2 ᠬᠦᠮᠦᠨ ᠬᠦᠨᠳᠦ ᠰᠢᠷᠬᠠᠳᠤᠵᠤ᠂ 2 ᠬᠦᠮᠦᠨ ᠬᠦᠩᠭᠡᠨ ᠰᠢᠷᠬᠠᠳᠤᠵᠠᠢ᠃      11 ᠰᠠᠷ᠎ᠠ ᠶᠢᠨ 25 ᠤ ᠡᠳᠦᠷ᠂ ᠲᠤᠮᠳᠠᠳᠤ ᠤᠯᠤᠰ ᠤᠨ ᠲᠠᠸᠠᠷ ᠰᠢᠯᠭᠠᠨ ᠪᠠᠶᠢᠴᠠᠭᠠᠬᠤ ᠲᠤᠪᠴ‍‌ᠵᠶ᠎ᠡ ᠬᠢᠭᠡᠳ ᠦᠪᠦᠷ ᠮᠤᠩᠭᠤᠯ ᠤᠨ ᠲᠠᠸᠠᠷ ᠰᠢᠯᠭᠠᠨ ᠪᠠᠶᠢᠴᠠᠭᠠᠬᠤ ᠲᠤᠪᠴ‍‌ᠵᠶ᠎ᠡ ᠬᠦᠬᠡᠬᠤᠳᠠ ᠳᠤ ᠦᠨᠡᠮᠯᠡᠯ ᠭᠠᠷᠳᠠᠭᠤᠯᠬᠤ ᠶᠤᠰᠤᠯᠠᠯ ᠶᠠᠪᠤᠭᠳᠠᠭᠤᠯᠵᠤ᠂ ᠦᠬᠠᠢ ᠬᠤᠳᠠ ᠶᠢᠨ ᠹᠸᠢ ᠳ᠋ᠠ ᠭᠤᠸᠠᠨᠲᠸᠦ ᠢᠳᠡᠭᠡᠨ ᠤ ᠦᠢᠯᠡᠳᠪᠦᠷᠢ ᠳᠤ ᠲᠤᠮᠳᠠᠳᠤ ᠤᠯᠤᠰ ᠤᠨ ᠲᠠᠸᠠᠷ ᠰᠢᠯᠭᠠᠨ ᠪᠠᠶᠢᠴᠠᠭᠠᠬᠤ ᠴᠢᠨᠠᠷ ᠴᠢᠨᠰᠠᠭ᠎ᠠ ᠶᠢ ᠦᠨᠡᠯᠡᠨ ᠲᠤᠭᠳᠠᠭᠠᠬᠤ ᠲᠦᠪ ᠠᠴᠠ ᠵᠦᠪᠰᠢᠶᠡᠷᠡᠭᠰᠡᠨ ︽ISO— 9002 ᠴᠢᠨᠠᠷ ᠴᠢᠨᠰᠠᠭᠠᠨ ᠤ ᠰᠢᠰᠲ᠋ᠧᠮ ᠤᠨ ᠲᠠᠩᠰᠠᠯᠠᠭᠰᠠᠡ ᠦᠨᠡᠮᠯᠡᠯ︾ ᠭᠠᠷᠳᠠᠭᠤᠯᠵᠠᠢ᠃ ᠹᠸᠢ ᠳ᠋ᠠ ᠭᠤᠸᠠᠨᠲᠸᠦ ᠢᠳᠡᠭᠡᠨ ᠤ ᠦᠢᠯᠡᠳᠪᠦᠷᠢ ᠨᠢ ᠲᠤᠰ ᠦᠨᠡᠮᠯᠡᠯ ᠭᠠᠷᠳᠠᠭᠰᠠᠨ ᠦᠪᠡᠷᠳᠡᠭᠡᠨ ᠵᠠᠰᠠᠬᠤ ᠤᠷᠤᠨ ᠤ ᠬᠤᠶᠠᠳᠤᠭᠠᠷ ᠠᠵᠤ ᠠᠬᠤᠶᠢᠯᠠᠯ ᠪᠤᠯᠤᠨ᠎ᠠ᠃      11 ᠰᠠᠷ᠎ᠠ ᠶᠢᠨ 28 ᠤ ᠡᠳᠦᠷ᠂ ᠦᠬᠠᠢ ᠬᠤᠳᠠ ᠶᠢᠨ ᠶᠠᠳᠠᠭᠤ ᠶᠢ ᠲᠡᠳᠭᠦᠭᠦ ᠠᠩᠬᠠᠨ ᠤ ᠵᠠᠰᠠᠮᠠᠯ ᠵᠠᠮ— ᠦ᠋ ᠲᠤᠤ ᠵᠠᠰᠠᠮᠠᠯ ᠵᠠᠮ ︵ᠦᠬᠠᠢ ᠠᠴᠠ ᠲᠤᠤ ᠯᠧ ᠰᠢᠶᠠᠨ ᠤ ᠳ᠋ᠦ᠋ ᠺᠸᠦ ᠶᠢᠨ ᠭᠠᠰᠢᠭᠤᠨ ᠤᠰᠤᠨ ᠭᠤᠣᠯ ᠬᠦᠷᠭᠦ ᠬᠡᠰᠡᠭ︶ ᠤᠨ ᠨᠢᠭᠡᠳᠦᠭᠡᠷ ᠬᠤᠭᠤᠴᠠᠭᠠᠨ ᠤ ᠪᠠᠷᠢᠯᠭ᠎ᠠ ᠲᠠᠭᠤᠰᠴᠤ ᠲᠡᠷᠭᠡ ᠨᠡᠪᠳᠡᠷᠡᠪᠡ᠂ ᠵᠠᠮ ᠤᠨ ᠪᠦᠬᠦ ᠤᠷᠳᠤ ᠨᠢ 22.16 ᠺᠢᠯᠦᠮᠧᠲᠷ᠂ ᠪᠦᠬᠦ ᠪᠡᠯᠡ ᠤᠷᠤᠭᠤᠯᠤᠯᠳᠠ ᠨᠢ 1 392  ᠲᠦᠮᠡᠨ ᠲᠦᠭᠦᠷᠢᠭ᠂ ᠭᠤᠷᠪᠠᠳᠤᠭᠠᠷ ᠲᠡᠰ ᠤᠨ ᠵᠠᠰᠠᠮᠠᠯ ᠵᠠᠮ ᠳᠤ ᠪᠠᠭᠳᠠᠨ᠎ᠠ᠃ ᠲᠤᠰ ᠢᠨᠵᠧᠨᠧᠷᠢᠩ ᠪᠤᠯ ᠦᠬᠠᠢ ᠬᠤᠳᠠ ᠶᠢᠨ ᠨᠡᠯᠢᠶᠡᠳ ᠲᠤᠮᠤ ᠶᠠᠳᠠᠭᠤ ᠶᠢ ᠲᠡᠳᠭᠦᠭᠦ ᠢᠨᠵᠧᠨᠧᠷᠢᠩ ᠪᠤᠯᠤᠨ᠎ᠠ᠂ 7 ᠰᠠᠷ᠎ᠠ ᠶᠢᠨ 25 ᠤ ᠡᠳᠦᠷ ᠪᠠᠷᠢᠯᠭ᠎ᠠ ᠡᠬᠢᠯᠡᠵᠦ᠂ ᠨᠢᠭᠡᠳᠦᠭᠡᠷ ᠬᠤᠭᠤᠴᠠᠭᠠᠨ ᠤ ᠪᠠᠷᠢᠯᠭ᠎ᠠ ᠳᠤ 635 ᠲᠦᠮᠡᠨ ᠲᠦᠭᠦᠷᠢᠭ ᠪᠡᠯᠡ ᠣᠷᠤᠭᠤᠯᠵᠠᠢ᠃ 2000 ᠤᠨ ᠤ 5 ᠰᠠᠷ᠎ᠠ 21 ᠤ ᠡᠳᠦᠷ ᠴᠢᠨᠠᠷ ᠴᠢᠨᠰᠠᠭ᠎ᠠ ᠶᠢᠨ ᠰᠢᠯᠭᠠᠯᠳᠠ ᠶᠢ ᠦᠩᠭᠡᠷᠡᠭᠡᠭᠡᠳ᠂ ᠰᠢᠯᠢᠳᠡᠭ ᠢᠨᠵᠧᠨᠧᠷᠢᠩ ᠢᠶᠠᠷ ᠦᠨᠡᠯᠡᠭᠳᠡᠵᠡᠢ᠃      1997 ᠤᠨ ᠳᠤ᠂ ᠦᠬᠠᠢ ᠬᠤᠳᠠ ᠪᠠᠩᠬᠢ ᠠᠴᠠ 4 000 ᠲᠦᠮᠡᠨ ᠲᠦᠭᠦᠷᠢᠭ ᠤᠨ ᠵᠢᠭᠡᠯᠡᠯᠭᠡ ᠲᠠᠯᠪᠢᠵᠤ᠂ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠦᠪᠡᠷ ᠢᠶᠠᠨ 6 000 ᠲᠦᠮᠡᠨ ᠲᠦᠭᠦᠷᠢᠭ ᠤᠨ ᠪᠡᠯᠡ ᠴᠤᠭᠯᠠᠭᠤᠯᠵᠤ᠂ 15 ᠲᠦᠮᠡᠨ ᠲᠡᠭᠰᠢ ᠲᠦᠷᠪᠡᠯᠵᠢᠨ ᠮᠧᠲᠷ ᠤᠨ ᠠᠮᠤᠭᠤᠯᠠᠩ ᠰᠠᠭᠤᠴᠠ ᠶᠢᠨ ᠪᠠᠶᠢᠰᠢᠩ ᠡᠬᠢᠯᠡᠨ ᠪᠠᠷᠢᠵᠦ᠂ 6 ᠠᠮᠤᠭᠤᠯᠠᠩ ᠰᠠᠭᠤᠴᠠ ᠶᠢᠨ ᠤᠷᠤᠨ ᠰᠠᠭᠤᠴᠠ ᠶᠢᠨ ᠲᠤᠭᠤᠷᠢᠭ ᠬᠤᠪᠢᠶᠠᠵᠤ᠂ ᠪᠠᠶᠢᠰᠢᠩ ᠪᠦᠷᠢ ᠶᠢᠨ ᠲᠠᠯᠠᠪᠠᠢ ᠨᠢ 65 ~75 ᠲᠡᠭᠰᠢ ᠲᠦᠷᠪᠡᠯᠵᠢᠨ ᠮᠧᠲᠷ ᠪᠠᠷ ᠲᠦᠯᠦᠪᠯᠡᠵᠦ᠂ 6 ᠰᠠᠷ᠎ᠠ ᠳᠤ ᠡᠬᠢᠯᠡᠭᠦᠯᠦᠨ᠂ ᠵᠢᠯ ᠤᠨ ᠡᠴᠦᠰ ᠲᠠᠭᠤᠰᠬᠠᠬᠤ ᠪᠠᠷ ᠪᠤᠯᠵᠠᠢ᠃      1998 ᠤᠨ      1 ᠰᠠᠷ᠎ᠠ ᠶᠢᠨ 15 ᠤ ᠡᠳᠦᠷ᠂ ᠬᠠᠶᠢᠨᠠᠨ ᠲᠤᠭᠤᠷᠢᠭ ᠤᠨ  ᠪᠠᠶᠠᠨᠳᠤᠬᠤᠢ ᠰᠢᠶᠠᠩ ᠤᠨ ᠫᠷᠣᠭ᠍ᠷᠠᠮᠲᠦ ᠳ᠋ᠢᠶᠠᠩᠬᠤᠧᠠ᠂ ᠨᠡᠭᠦᠳᠡᠯ ᠬᠤᠯᠪᠤᠭ᠎ᠠ ᠴᠤᠭᠭᠠᠷ ᠨᠡᠪᠳᠡᠷᠡᠵᠠᠢ᠃ ᠡᠨᠡᠬᠦ ᠢᠨᠵᠧᠨᠧᠷᠢᠩ ᠢ 1997 ᠤᠨ ᠤ 8 ᠰᠠᠷ᠎ᠠ ᠳᠤ ᠡᠬᠢᠯᠡᠬᠦᠯᠵᠦ᠂ 665 ᠲᠦᠮᠡᠨ ᠲᠦᠭᠦᠷᠢᠭ ᠪᠡᠯᠡ ᠤᠷᠤᠭᠤᠯᠵᠠᠢ᠃      2 ᠰᠠᠷ᠎ᠠ ᠶᠢᠨ 19 ~ 20 ᠤ ᠡᠳᠦᠷ᠂ ᠦᠬᠠᠢ ᠬᠤᠳᠠ ᠶᠢᠨ ᠲᠦᠷᠪᠡᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠵᠦᠪᠯᠡᠯ ᠤᠨ ᠬᠤᠷᠢᠨ ᠭᠤᠷᠪᠠᠳᠤᠭᠠᠷ ᠤᠳᠠᠭᠠᠨ ᠤ ᠬᠤᠷᠠᠯ  ᠢ ᠬᠤᠷᠠᠯᠳᠤᠭᠤᠯᠵᠤ᠂ ᠬᠤᠷᠠᠯ ᠠᠴᠠ ᠰᠢᠢᠳᠪᠦᠷᠢ ᠪᠠᠳᠤᠯᠠᠵᠤ᠂ ᠵᠤᠤ ᠵᠦᠩ ᠢ ᠦᠬᠠᠢ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠤᠷᠤᠯᠠᠭᠴᠢ ᠬᠤᠳᠠ ᠶᠢᠨ ᠲᠠᠷᠤᠭ᠎ᠠ ᠪᠠᠷ ᠲᠤᠮᠢᠯᠠᠬᠤ ᠪᠠᠷ ᠲᠤᠭᠳᠠᠵᠤ᠂ ᠪᠠᠭᠠᠳᠤᠷ ᠤᠨ ᠦᠬᠠᠢ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠬᠤᠳᠠ ᠶᠢᠨ ᠲᠠᠷᠤᠭ᠎ᠠ ᠶᠢᠨ ᠲᠤᠰᠢᠶᠠᠯ ᠠᠴᠠ ᠪᠠᠨ ᠪᠠᠭᠤᠬᠤ ᠭᠤᠶᠤᠴᠢᠯᠠᠯ ᠢ ᠬᠦᠯᠢᠶᠡᠨ ᠵᠦᠪᠰᠢᠶᠡᠷᠡᠵᠡᠢ᠃      3 ᠰᠠᠷ᠎ᠠ ᠶᠢᠨ 6 ᠤ ᠡᠳᠦᠷ᠂ ᠦᠬᠠᠢ ᠶᠢᠨ ᠰᠢᠨ᠎ᠡ ᠸᠧᠢ ᠡᠯ ᠦᠵᠦᠮ ᠤᠨ ᠠᠷᠢᠬᠢᠨ ᠤ ᠦᠢᠯᠡᠰ ᠤᠨ ᠬᠢᠵᠠᠭᠠᠷᠳᠤ ᠺᠤᠮᠫᠠᠨᠢ ᠨᠢ ᠬᠠᠶᠢᠷᠤᠪ ᠤᠨ ᠲᠤᠬᠤᠢ ᠶᠢᠨ ᠰᠢᠶᠠᠩ ᠵᠡᠭᠡᠯᠢ ᠶᠢᠨ ᠠᠵᠤ ᠠᠬᠤᠶᠢᠯᠠᠯ ᠤᠨ ᠵᠢᠱᠢᠶ᠎ᠡ ᠦᠵᠡᠭᠦᠯᠬᠦ ᠬᠦᠷᠢᠶᠡᠯᠡᠩ ᠳᠤ ᠪᠠᠷᠢᠯᠭ᠎ᠠ ᠡᠬᠢᠯᠡᠬᠦᠯᠵᠦ ᠰᠠᠭᠤᠷᠢ ᠲᠠᠯᠪᠢᠬᠤ ᠶᠤᠰᠤᠯᠠᠯ ᠶᠠᠪᠤᠭᠳᠠᠭᠤᠯᠵᠠᠢ᠂ ᠲᠤᠰ ᠺᠤᠮᠫᠠᠨᠢ ᠪᠤᠯ ᠨᠢᠭᠡᠨ ᠦᠵᠦᠮ ᠤᠨ ᠬᠠᠷ᠎ᠠ ᠠᠷᠢᠭᠢ᠂ ᠤᠯᠠᠭᠠᠨ ᠠᠷᠢᠭᠢ᠂ ᠦᠨᠳᠦᠷ ᠲᠡᠰ ᠤᠨ ᠦᠵᠦᠮ ᠤᠨ ᠠᠷᠢᠬᠢ ᠦᠢᠯᠡᠳᠪᠦᠷᠢᠯᠡᠬᠦ ︵ᠨᠡᠷᠡᠬᠦ︶ ᠠᠵᠤ ᠠᠬᠤᠶᠢᠯᠠᠯ ᠪᠤᠯᠤᠨ᠎ᠠ᠂ ᠨᠡᠶᠢᠳᠡ 2 500 ᠤᠨ ᠲᠦᠮᠡᠨ ᠲᠦᠭᠦᠷᠢᠭ ᠪᠡᠯᠡ ᠤᠷᠤᠭᠤᠯᠵᠦ᠂ ᠭᠤᠷᠪᠠᠨ ᠬᠤᠭᠤᠴᠠᠭ᠎ᠠ ᠬᠤᠪᠢᠶᠠᠨ ᠪᠠᠷᠢᠵᠦ ᠲᠠᠭᠤᠰᠬᠠᠨ᠎ᠠ᠂ ᠨᠢᠭᠡᠳᠦᠭᠡᠷ ᠬᠤᠭᠤᠴᠠᠭᠠᠨ ᠤ ᠪᠠᠷᠢᠯᠭ᠎ᠠ  ᠨᠢ ᠲᠤᠬᠠᠢ ᠶᠢᠨ ᠵᠢᠯ ᠤᠨ 10 ᠰᠠᠷ᠎ᠠ ᠶᠢᠨ 6 ᠤ ᠡᠳᠦᠷ ᠲᠠᠭᠤᠰᠴᠤ ᠠᠰᠢᠭᠯᠠᠯᠳᠠ ᠳᠤ ᠣᠷᠤᠵᠤ ᠪᠤᠯᠤᠨ᠎ᠠ᠂ ᠡᠳᠦᠷ  ᠲᠤ 60 ᠭᠠᠷᠤᠢ ᠲᠤᠨ ᠦᠵᠦᠮ ᠤᠨ ᠠᠷᠢᠬᠢ ᠦᠢᠯᠡᠳᠪᠦᠷᠢᠯᠡᠬᠦ ᠪᠤᠯᠤᠨ᠎ᠠ᠃      3 ᠰᠠᠷ᠎ᠠ ᠶᠢᠨ 17 ᠤ ᠡᠳᠦᠷ᠂ ᠦᠬᠠᠢ ᠬᠤᠳᠠ ᠶᠢᠨ ᠬᠡᠪᠯᠡᠯ ᠤᠨ ᠦᠢᠯᠡᠳᠪᠦᠷᠢ ᠶᠢ ᠤᠯᠤᠰ ᠤᠨ ᠰᠤᠨᠢᠨ ᠮᠡᠳᠡᠭᠡ ᠬᠡᠪᠯᠡᠯ ᠤᠨ ᠶᠠᠮᠤᠨ ᠠᠴᠠ ᠨᠤᠮ ᠰᠡᠳᠭᠦᠯ ᠬᠡᠪᠯᠡᠵᠦ ᠲᠠᠷᠤᠮᠯᠠᠬᠤ ᠤᠯᠤᠰ ᠤᠨ ᠲᠡᠰ ᠤᠨ ᠲᠤᠭᠳᠠᠭᠠᠭᠰᠠᠨ ᠠᠵᠤ ᠠᠬᠤᠶᠢᠯᠠᠯ ᠭᠡᠵᠦ ᠨᠡᠷᠡᠶᠢᠳᠴᠡᠢ᠃      3 ᠰᠠᠷ᠎ᠠ ᠶᠢᠨ 23 ᠤ ᠡᠳᠦᠷ᠂ ᠦᠬᠠᠢ ᠬᠤᠳᠠ ᠶᠢᠨ ᠤᠷᠤᠭᠤᠯᠵᠤ ᠭᠠᠷᠭᠠᠬᠤ ᠲᠠᠸᠠᠷ ᠤᠨ ᠰᠢᠯᠭᠠᠨ ᠪᠠᠶᠢᠴᠠᠭᠠᠬᠤ ᠲᠤᠪᠴ‍‌ᠵᠶ᠎ᠡ ᠫᠠᠶᠢᠰᠠ ᠡᠯᠬᠦᠨ ᠪᠠᠶᠢᠭᠤᠯᠤᠭᠳᠠᠪᠠ᠃      4 ᠰᠠᠷ᠎ᠠ ᠶᠢᠨ 1 ᠤ ᠡᠳᠦᠷ᠂ ᠦᠬᠠᠢ ᠬᠤᠳᠠ ᠬᠤᠳᠠ ᠶᠢᠨ ᠰᠠᠭᠤᠭᠠᠯᠢ ᠠᠷᠠᠳ ᠤᠨ ᠬᠠᠮᠤᠭ ᠲᠤᠤᠷ᠎ᠠ ᠠᠮᠢᠳᠤᠷᠠᠯ ᠤᠨ ᠪᠠᠳᠤᠯᠠᠭ᠎ᠠ ᠶᠢᠨ ᠲᠦᠷᠢᠮ ᠢ ᠪᠦᠬᠦ ᠲᠠᠯ᠎ᠠ ᠪᠠᠷ ᠭᠡᠷᠡᠭᠵᠢᠭᠦᠯᠵᠦ᠂ ᠤᠤᠯ ᠤᠨ ᠨᠢᠭᠡ ᠪᠦᠯᠦᠭ ᠤᠨᠴᠠ ᠬᠦᠴᠢᠷᠳᠡᠯ ᠲᠠᠢ ᠰᠠᠭᠤᠭᠠᠯᠢ ᠠᠷᠠᠳ ᠤᠨ ᠲᠤᠮᠳᠠ ᠬᠡᠷᠡᠭᠵᠢᠭᠦᠯᠵᠦ ᠪᠠᠶᠢᠭᠰᠠᠨ ᠬᠠᠮᠤᠭ ᠲᠤᠤᠷ᠎ᠠ ᠠᠮᠢᠳᠤᠷᠠᠯ ᠤᠨ ᠪᠠᠳᠤᠯᠠᠭ᠎ᠠ ᠶᠢᠨ ᠲᠦᠷᠢᠮ ᠤᠨ ᠰᠠᠭᠤᠷᠢᠨ ᠲᠡᠭᠡᠷ᠎ᠡ᠂ ᠲᠡᠳᠬᠦᠬᠦ ᠡᠳᠡᠭᠡᠳ ᠤᠨ ᠬᠦᠷᠢᠶ᠎ᠡ ᠬᠡᠪᠴᠢᠶ᠎ᠡ ᠶᠢ ᠦᠷᠭᠡᠳᠭᠡᠵᠠᠢ᠂ ᠪᠠᠳᠤᠯᠠᠭ᠎ᠠ ᠶᠢᠨ ᠮᠦᠩᠭᠦ ᠶᠢ ᠬᠤᠳᠠ᠂ ᠲᠤᠭᠤᠷᠢᠭ᠂ ᠠᠵᠤ ᠠᠬᠤᠶᠢᠯᠠᠯ ᠲᠤᠭᠳᠠᠭᠠᠯ ᠶᠤᠰᠤᠭᠠᠷ ᠬᠠᠮᠳᠤᠪᠡᠷ ᠲᠠᠭᠠᠭᠠᠴᠢᠯᠠᠨ᠎ᠠ᠃      4 ᠰᠠᠷ᠎ᠠ ᠶᠢᠨ 6 ᠤ ᠡᠳᠦᠷ᠂ ᠦᠬᠠᠢ ᠬᠤᠳᠠ ᠶᠢᠨ ᠰᠢᠨᠵᠢᠯᠡᠬᠦ ᠤᠬᠠᠭᠠᠨ ᠤ ᠲᠦᠭᠡᠮᠡᠯᠵᠢᠯ ᠤᠨ ᠲᠠᠷᠢᠵᠤ ᠤᠷᠭᠤᠭᠤᠯᠬᠤ ᠲᠤᠷᠰᠢᠯᠳᠠ ᠶᠢᠨ ᠲᠠᠷᠢᠶ᠎ᠠ ᠶᠢ ᠠᠩᠬ᠎ᠠ ᠤᠳᠠᠭ᠎ᠠ ᠤᠯᠠᠭᠠᠨ ᠰᠢᠶᠠᠩ ᠳᠤ ᠫᠠᠶᠢᠰᠠ ᠡᠯᠬᠦᠨ ᠲᠤᠷᠰᠢᠨ ᠲᠠᠷᠢᠪᠠ᠂ ᠠᠩᠬ᠎ᠠ ᠲᠤᠷᠰᠢᠨ ᠲᠠᠷᠢᠬᠤ ᠦᠷ᠎ᠡ ᠨᠢ ᠦᠪᠡᠷᠳᠡᠭᠡᠨ ᠵᠠᠰᠠᠬᠤ ᠤᠷᠤᠨ ᠠᠴᠠ ᠬᠠᠩᠭᠠᠭᠰᠠᠨ ︽ᠲᠠᠷᠢᠵᠤ ᠤᠷᠭᠤᠭᠤᠯᠬᠤ ᠲᠤᠷᠰᠢᠯᠳᠠ ᠶᠢᠨ ᠤᠷᠤᠨ — 8 ᠨᠤᠮᠧᠷᠳᠦ︾ ᠡᠷᠳᠡᠨᠢ ᠰᠢᠰᠢ ᠶᠢᠨ ᠦᠷ᠎ᠡ ᠪᠤᠯᠤᠨ᠎ᠠ᠂ ᠡᠨᠡ ᠡᠬᠦᠯᠳᠡᠷ ᠤᠨ ᠡᠷᠳᠡᠨᠢ ᠰᠢᠰᠢ ᠶᠢᠨ ᠤᠨᠠᠯᠳᠠ ᠨᠢ ᠦᠬᠠᠢ ᠶᠢᠨ ᠲᠤᠬᠠᠢ ᠶᠢᠨ ᠭᠠᠵᠠᠷ ᠤᠨ ᠡᠷᠳᠡᠨᠢ ᠰᠢᠰᠢ ᠶᠢᠨ ᠤᠨᠠᠯᠳᠠ ᠠᠴᠠ 2~ 3 ᠲᠠᠬᠢᠨ ᠪᠠᠶᠢᠳᠠᠭ᠃      4 ᠰᠠᠷ᠎ᠠ ᠶᠢᠨ 7~ 11 ᠤ ᠡᠳᠦᠷ᠂ ᠤᠯᠤᠰ ᠲᠦᠷᠦ ᠶᠢᠨ ᠵᠦᠪᠯᠡᠯᠭᠡᠨ ᠤ ᠦᠬᠠᠢ ᠬᠤᠳᠠ ᠶᠢᠨ ᠲᠦᠷᠪᠡᠳᠦᠭᠡᠷ ᠬᠤᠭᠤᠴᠠᠭᠠᠨ ᠤ ᠬᠡᠰᠢᠭᠦᠳ ᠤᠨ ᠲᠠᠪᠤᠳᠤᠭᠠᠷ ᠤᠳᠠᠭᠠᠨ ᠤ ᠬᠤᠷᠠᠯ ᠢ ᠬᠤᠷᠠᠯᠳᠤᠭᠤᠯᠵᠤ᠂ ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠭᠦᠯᠡᠭᠴᠢ ᠣᠣ ᠮᠠᠤ ᠰᠧᠨ ᠪᠠᠶᠢᠩᠭᠤ ᠶᠢᠨ ᠵᠦᠪᠯᠡᠯ ᠤᠨ ᠠᠵᠢᠯ ᠤᠨ ᠮᠡᠳᠡᠭᠦᠯᠦᠯᠳᠡ ᠬᠢᠵᠦ᠂ ᠲᠡᠳ᠋ ᠲᠡᠷᠢᠭᠦᠯᠡᠭᠴᠢ ᠬᠤ᠋ ᠶᠠᠨ ᠯᠢ ᠲᠤᠷᠠᠳᠤᠯᠭ᠎ᠠ ᠶᠢᠨ ᠠᠵᠢᠯ ᠤᠨ ᠪᠠᠶᠢᠳᠠᠯ ᠤᠨ ᠮᠡᠳᠡᠭᠦᠯᠦᠯᠳᠡ ᠬᠢᠵᠡᠢ᠂ ᠬᠤᠷᠠᠯ ᠠᠴᠠ ᠰᠦᠨ ᠫᠸᠢ ᠢ ᠶᠢ ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠭᠦᠯᠡᠭᠴᠢ  ᠪᠠᠷ ᠰᠤᠩᠭᠤᠵᠠᠢ᠃      4 ᠰᠠᠷ᠎ᠠ ᠶᠢᠨ 8~ 12 ᠤ ᠡᠳᠦᠷ᠂ ᠦᠬᠠᠢ ᠬᠤᠳᠠ ᠶᠢᠨ ᠲᠦᠷᠪᠡᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠵᠢᠷᠭᠤᠳᠤᠭᠠᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠢ ᠬᠤᠷᠠᠯᠳᠤᠭᠤᠯᠵᠤ᠂ ᠵᠤᠤ ᠵᠦᠩ ᠢ ᠦᠬᠠᠢ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠬᠤᠳᠠ ᠶᠢᠨ ᠲᠠᠷᠤᠭ᠎ᠠ  ᠪᠠᠷ᠂ ᠭᠤᠤ ᠢ ᠶᠢ ᠬᠤᠳᠠ ᠶᠢᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ  ᠤ ᠲᠡᠳ᠋ ᠡᠷᠭᠢᠯᠡᠭᠴᠢ ᠪᠠᠷ ᠰᠤᠩᠭᠤᠵᠠᠢ᠃      5 ᠰᠠᠷ᠎ᠠ ᠶᠢᠨ 4 ᠤ ᠡᠳᠦᠷ᠂ ᠬᠠᠶᠢᠷᠤᠪ ᠤᠨ ᠲᠤᠬᠤᠢ ᠲᠤᠭᠤᠷᠢᠭ ᠤᠨ ᠰᠢᠨ ᠳ᠋ᠢ ᠰᠢᠶᠠᠩ ᠪᠠᠶᠢᠭᠤᠯᠤᠭᠳᠠᠪᠠ᠂ 12 ᠵᠠᠰᠠᠭ ᠵᠠᠬᠢᠷᠭᠠᠨ ᠤ ᠲᠤᠰᠬᠤᠨ ᠢ ᠪᠠᠭᠳᠠᠭᠠᠵᠤ᠂ ᠪᠦᠬᠦ ᠲᠠᠯᠠᠪᠠᠢ ᠨᠢ 33.294 ᠲᠡᠭᠰᠢ ᠲᠦᠷᠪᠡᠯᠵᠢᠨ ᠺᠢᠯᠦᠮᠧᠲᠷ᠂ ᠪᠦᠬᠦ ᠬᠦᠮᠦᠨ ᠠᠮᠠ ᠨᠢ 1.25 ᠲᠦᠮᠡᠨ ᠬᠦᠮᠦᠨ ᠲᠠᠢ᠃ ᠡᠭᠦᠪᠡᠷ᠂ ᠬᠤᠳᠠ ᠶᠢᠨ 3 ᠲᠤᠭᠤᠷᠢᠭ ᠲᠤ ᠴᠦᠮ ᠨᠢᠭᠡ ᠰᠢᠶᠠᠩ ᠤᠨ ᠲᠡᠰ ᠤᠨ ᠠᠷᠠᠳ ᠤᠨ ᠵᠠᠰᠠᠭ ᠤᠨ ᠤᠷᠳᠤᠨ ᠲᠠᠢ ᠪᠤᠯᠵᠠᠢ᠃      5 ᠰᠠᠷ᠎ᠠ ᠶᠢᠨ 10 ᠤ ᠡᠳᠦᠷ᠂ ᠦᠬᠠᠢ ᠬᠤᠳᠠ ᠶᠢᠨ ᠲᠦᠷᠢᠶᠡᠰᠦᠨ ᠮᠠᠰᠢᠨ ᠲᠡᠷᠭᠡᠨ ᠤ ᠲᠦᠷᠢᠶᠡᠰᠦᠨ ᠦᠨ᠎ᠡ ᠶᠢ ᠪᠠᠭᠤᠷᠠᠭᠤᠯᠵᠠᠢ᠃ ᠡᠩ ᠤᠨ ᠪᠠᠭ᠎ᠠ ᠮᠠᠰᠢᠨ ᠲᠡᠷᠭᠡ᠂ ᠡᠩ ᠤᠨ ᠪᠠᠭ᠎ᠠ ᠬᠡᠯᠪᠡᠷᠢ ᠶᠢᠨ ᠮᠢᠶᠠᠨᠪᠤᠤ ᠲᠡᠷᠭᠡ ᠶᠢᠨ ᠡᠬᠢᠯᠡᠯᠳᠡ ᠶᠢᠨ ᠦᠨ᠎ᠡ ᠨᠢ 2 ᠺᠢᠯᠦᠮᠧᠲᠷ ᠪᠦᠷᠢ ᠳᠤ 3 ᠲᠦᠭᠦᠷᠢᠭ᠂ ᠶᠡᠬᠡᠮᠰᠦᠭ ᠬᠡᠯᠪᠡᠷᠢ ᠬᠢᠭᠡᠳ ᠬᠡᠳᠦ ᠶᠡᠬᠡᠮᠰᠦᠭ ᠬᠡᠯᠪᠡᠷᠢ ᠶᠢᠨ ᠪᠠᠭ᠎ᠠ ᠮᠠᠰᠢᠨ ᠲᠡᠷᠭᠡᠨ ᠤ ᠡᠬᠢᠯᠡᠯᠳᠡ ᠶᠢᠨ ᠦᠨ᠎ᠡ ᠨᠢ 3 ᠺᠢᠯᠦᠮᠧᠲᠷ ᠪᠦᠷᠢ ᠳᠤ 5 ᠲᠦᠭᠦᠷᠢᠭ ᠭᠡᠵᠦ ᠪᠠᠭᠤᠷᠠᠭᠤᠯᠤᠨ ᠲᠤᠭᠳᠠᠭᠠᠵᠠᠢ᠃ ᠺᠢᠯᠦᠮᠧᠲᠷ ᠪᠦᠷᠢ ᠶᠢᠨ ᠲᠦᠷᠢᠶᠡᠰᠦᠨ ᠦᠨ᠎ᠡ ᠨᠢ ᠡᠩ ᠤᠨ ᠪᠠᠭ᠎ᠠ ᠮᠠᠰᠢᠨ ᠲᠡᠷᠭᠡ 1.2 ᠲᠦᠭᠦᠷᠢᠭ᠂ ᠡᠩ ᠤᠨ ᠪᠠᠭ᠎ᠠ ᠬᠡᠯᠪᠡᠷᠢ ᠶᠢᠨ ᠮᠢᠶᠠᠨᠪᠤᠤ ᠲᠡᠷᠭᠡ 1 ᠲᠦᠭᠦᠷᠢᠭ᠂ ᠶᠡᠬᠡᠮᠰᠦᠭ ᠬᠡᠯᠪᠡᠷᠢ ᠪᠠᠭ᠎ᠠ ᠮᠠᠰᠢᠨ ᠲᠡᠷᠭᠡ 1.5 ᠲᠦᠭᠦᠷᠢᠭ᠂ ᠬᠡᠳᠦ ᠶᠡᠬᠡᠮᠰᠦᠭ ᠬᠡᠯᠪᠡᠷᠢ ᠶᠢᠨ ᠪᠠᠭ᠎ᠠ ᠮᠠᠰᠢᠨ ᠲᠡᠷᠭᠡ 2 ᠲᠦᠭᠦᠷᠢᠭ ᠨᠤᠭᠳᠠᠨ᠎ᠠ᠃      5 ᠰᠠᠷ᠎ᠠ ᠶᠢᠨ 20 ᠤ ᠡᠳᠦᠷ᠂ ᠦᠳᠡ ᠶᠢᠨ ᠬᠤᠶᠢᠨ᠎ᠠ ᠶᠢᠨ 13 ᠴᠠᠭ~ 16 ᠴᠠᠭ ᠤᠨ ᠬᠤᠭᠤᠷᠤᠨᠳᠤ᠂ ᠬᠠᠶᠢᠨᠠᠨ ᠲᠤᠭᠤᠷᠢᠭ ᠤᠨ ᠪᠠᠶᠠᠨᠳᠤᠬᠤᠢ ᠰᠢᠶᠠᠩ ᠳᠤ ᠲᠤᠭᠰᠢᠨ ᠪᠤᠷᠤᠭᠠᠨ ᠤᠷᠤᠵᠤ᠂ ᠪᠦᠬᠦ ᠰᠢᠶᠠᠩ ᠤᠨ 16 ᠲᠤᠰᠬᠤᠨ ᠤ 13 ᠲᠤᠰᠬᠤᠨ ᠨᠢ ᠭᠠᠮᠰᠢᠭᠳᠠᠵᠤ᠂ 7 ᠲᠤᠰᠬᠤᠨ ᠬᠦᠨᠳᠦ ᠨᠤᠴᠢᠳᠠᠢ ᠠᠪᠳᠠᠵᠤ᠂ 17 ᠡᠷᠦᠭᠡ ᠶᠢᠨ ᠬᠡᠷ ᠪᠠᠶᠢᠰᠢᠩ ᠨᠤᠷᠠᠵᠤ᠂ ᠦᠶᠡᠷ ᠢ ᠬᠠᠰᠢᠬᠤ ᠲᠠᠯᠠᠩ᠂ ᠭᠦᠭᠦᠷᠭᠡ᠂ ᠵᠠᠰᠠᠮᠠᠯ ᠵᠠᠮ᠂ ᠦᠨᠳᠦᠷ ᠲᠠᠷᠤᠯᠳᠠᠳᠤ ᠴᠠᠭᠢᠯᠭᠠᠨ ᠤᠳᠠᠰᠤ ᠵᠡᠷᠭᠡ ᠰᠦᠢᠳᠴᠦ᠂ 560 ᠲᠦᠮᠡᠨ ᠲᠦᠭᠦᠷᠢᠭ ᠤᠨ ᠬᠤᠬᠢᠷᠠᠯ ᠭᠠᠷᠴᠠᠢ᠃      △ ᠦᠬᠠᠢ ᠬᠤᠳᠠ ᠶᠢᠨ ᠬᠠᠳᠤᠨ ᠭᠤᠤᠯ ᠦᠢᠯᠡᠳᠪᠦᠷᠢ ᠠᠷᠠᠯᠵᠢᠶᠠᠨ ᠤ ᠪᠦᠯᠦᠭᠯᠡᠯᠳᠦ ᠺᠤᠮᠫᠠᠨᠢ ᠶᠢᠨ ᠨᠡᠭᠦᠷᠡᠰᠦᠨ ᠠᠭᠤᠷᠬᠠᠢ ᠶᠢᠨ ᠨᠢᠭᠡᠳᠦᠭᠡᠷ ᠬᠤᠳᠳᠤᠭ ᠦᠶᠡᠷ ᠲᠤ ᠠᠪᠳᠠᠵᠠᠢ᠃ ᠬᠤᠳᠳᠤᠭ ᠲᠤᠤᠷ᠎ᠠ ᠠᠵᠢᠯᠯᠠᠵᠤ ᠪᠠᠶᠢᠭᠰᠠᠨ 13 ᠨᠡᠷᠡᠰ ᠠᠭᠤᠷᠬᠠᠢ ᠶᠢᠨ ᠠᠵᠢᠯᠴᠢᠨ ᠪᠦᠬᠦᠳᠡᠭᠡᠷ ᠢᠶᠠᠨ ᠠᠳᠡᠯ ᠳᠤ ᠤᠴᠠᠷᠠᠵᠠᠢ᠃ 34 ᠡᠳᠦᠷ ᠤᠨ ᠪᠠᠴᠢᠮ ᠤᠰᠤ ᠲᠠᠳᠠᠯᠳᠠ ᠶᠢ ᠦᠩᠭᠡᠷᠡᠭᠡᠭᠡᠳ᠂ ᠬᠠᠩ ᠫᠢᠩ ᠬᠡᠮᠡᠬᠦ ᠨᠡᠷ᠎ᠡ ᠲᠠᠢ ᠠᠭᠤᠷᠬᠠᠢ ᠶᠢᠨ ᠠᠵᠢᠯᠴᠢᠨ ᠨᠢᠭᠡ ᠯᠠᠭᠤᠰᠠ ᠶᠢᠨ ᠮᠢᠬ᠎ᠠ ᠪᠤᠯᠤᠨ ᠬᠤᠩᠬᠢᠯ ᠳᠤ ᠬᠢ ᠤᠰᠤ ᠪᠠᠷ ᠠᠮᠢ ᠵᠢᠭᠤᠵᠤ᠂ 6 ᠰᠠᠷ᠎ᠠ ᠶᠢᠨ 23 ᠤ ᠡᠳᠦᠷ ᠠᠪᠤᠷᠠᠭᠳᠠᠵᠠᠢ᠃12 ᠰᠠᠷ᠎ᠠ ᠶᠢᠨ 11 ᠤ ᠡᠳᠦᠷ ᠬᠠᠩ ᠫᠢᠩ ᠢ ᠲᠦᠪ ᠲᠧᠯᠸᠢᠰ ᠤᠨ ᠰᠤᠨᠢᠨ ᠮᠡᠳᠡᠭᠡ ᠰᠢᠭᠦᠮᠵᠢᠯᠡᠨ ᠶᠠᠷᠢᠯᠴᠠᠬᠤ ᠬᠡᠯᠳᠡᠰ ᠤᠨ ︽ᠦᠨᠡᠨ ᠢ ᠪᠤᠳᠠᠳᠠᠢ ᠪᠠᠷ ᠶᠠᠷᠢᠬᠤ︾ ᠪᠤᠯᠤᠩ ᠠᠴᠠ ᠠᠮᠢ ᠨᠠᠰᠤᠨ ᠤ ᠦᠨ᠎ᠡ ᠴᠡᠨ᠎ᠡ ᠶᠢᠨ ᠲᠤᠬᠠᠢ ᠫᠷᠦᠭᠷᠡᠮ ᠰᠢᠩᠭᠡᠵᠦ᠂ ᠰᠡᠭᠦᠯᠡᠷ ᠨᠢ ᠱᠠᠩᠬᠠᠢ ᠶᠢᠨ ᠲᠤᠮᠤ ᠶᠢᠷᠳᠢᠨᠴᠦ ᠬᠢᠨᠢᠰ ᠤᠨ ᠶᠡᠷᠦᠩᠭᠡᠢ ᠭᠡᠯᠳᠡᠰ ᠠᠴᠠ ︽ᠬᠤᠳᠳᠤᠭ ᠲᠤᠤᠷ᠎ᠠ ᠬᠠᠮᠤᠭ ᠤᠷᠳᠤ ᠬᠤᠭᠤᠴᠠᠭ᠎ᠠ ᠠᠮᠢᠳᠤᠷᠠᠵᠤ ᠴᠢᠳᠠᠭᠰᠠᠨ ᠬᠦᠮᠦᠨ︾ ᠤ ᠲᠤᠭᠠᠨ ᠳᠤ ᠵᠢᠭᠰᠠᠭᠠᠵᠤ᠂ ᠦᠬᠠᠢ ᠬᠤᠳᠠ ᠶᠢᠨ ᠬᠠᠮᠤᠭ ᠠᠩᠬᠠᠨ ᠤ ᠬᠢᠨᠢᠰ ᠤᠨ ᠲᠡᠮᠳᠡᠭᠯᠡᠯ ᠳᠤ ᠲᠡᠮᠳᠡᠭᠯᠡᠭᠳᠡᠭᠰᠡᠨ ᠬᠦᠮᠦᠨ ᠪᠤᠯᠵᠠᠢ᠃      7 ᠰᠠᠷ᠎ᠠ ᠶᠢᠨ 1 ᠤ ᠡᠳᠦᠷ᠂ ᠦᠬᠠᠢ ᠬᠤᠳᠠ ᠶᠢᠨ ᠨᠠᠰᠤᠳᠠᠶᠢᠴᠤᠳ ᠤᠨ ᠶᠡᠭᠡ ᠰᠤᠷᠭᠠᠭᠤᠯᠢ ᠫᠠᠶᠢᠰᠠ ᠡᠯᠬᠦᠨ ᠪᠠᠶᠢᠭᠤᠯᠤᠭᠳᠠᠪᠠ᠃      7 ᠰᠠᠷ᠎ᠠ ᠶᠢᠨ 6 ᠤ ᠡᠳᠦᠷ᠂ ᠦᠬᠠᠢ ᠬᠤᠳᠠ ᠶᠢᠨ ᠡᠯᠡᠰᠦᠨ ᠲᠤᠮᠳᠠᠬᠢ ᠪᠤᠯᠠᠭ ᠫᠢᠸᠤ᠋ ᠶᠢᠨ ᠦᠢᠯᠡᠳᠪᠦᠷᠢ ᠨᠢ ᠤᠬᠠᠭᠤᠯᠭ᠎ᠠ ᠬᠢᠬᠦ ᠨᠡᠷᠡᠳᠦ ᠲᠡᠮᠳᠡᠭ ᠪᠤᠯᠵᠤ᠂ 31 ᠲᠦᠮᠡᠨ ᠲᠦᠭᠦᠷᠢᠭ ᠭᠠᠷᠭᠠᠨ᠂ ᠦᠬᠠᠢ ᠶᠢᠨ ᠪᠠᠷᠠᠭᠤᠨ ᠦᠷᠳᠡᠭᠡ  ᠠᠴᠠ ᠪᠡᠭᠡᠵᠢᠩ ᠤᠨ ᠡᠮᠦᠨᠡᠳᠦ ᠦᠷᠳᠡᠭᠡ ᠬᠦᠷᠭᠦ 541/ 542 ᠳ᠋ᠤᠭᠠᠷ ᠡᠭᠡᠯᠵᠢ᠂ ᠦᠬᠠᠢ ᠶᠢᠨ ᠪᠠᠷᠠᠭᠤᠨ ᠦᠷᠳᠡᠭᠡ ᠠᠴᠠ ᠪᠤᠭᠤᠳᠤ ᠶᠢᠨ ᠵᠡᠭᠦᠨ ᠦᠷᠳᠡᠭᠡ ᠬᠦᠷᠭᠦ 607/ 608 ᠳ᠋ᠤᠭᠠᠷ ᠡᠭᠡᠯᠵᠢ ᠶᠢᠨ ᠭᠠᠯᠳᠤ ᠲᠡᠷᠭᠡᠨ  ᠤ ᠲᠢᠳᠢᠮᠯᠡᠨ ᠨᠡᠷᠡᠶᠢᠳᠬᠦ ᠡᠷᠭᠡ ᠶᠢ ᠬᠤᠳᠠᠯᠳᠤᠨ ᠠᠪᠴᠤ᠂ ᠬᠤᠶᠠᠷ ᠡᠭᠡᠯᠵᠢ ᠶᠢᠨ ᠲᠡᠷᠭᠡ ᠶᠢ ︽ᠡᠯᠡᠰᠦᠨ ᠲᠤᠮᠳᠠᠬᠢ ᠪᠤᠯᠠᠭ︾ ᠬᠡᠮᠡᠨ ᠨᠡᠷᠡᠶᠢᠳᠴᠠᠢ᠃      8 ᠰᠠᠷ᠎ᠠ ᠶᠢᠨ 12 ᠤ ᠡᠳᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ  ᠤᠨ ᠤᠷᠳᠤᠨ ᠠᠴᠠ ᠦᠬᠠᠢ ᠬᠤᠳᠠ ᠳᠤ ᠦᠨᠳᠦᠷ ᠬᠤᠷᠤᠭᠳᠠᠯᠳᠤ ᠡᠨᠧᠷᠭᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠪᠠᠶᠢᠭᠤᠯᠬᠤ ᠪᠠᠷ ᠲᠤᠭᠳᠠᠵᠤ᠂ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠦᠭᠴᠡᠢ᠃ 9 ᠰᠠᠷ᠎ᠠ ᠶᠢᠨ 4  ᠤ ᠡᠳᠦᠷ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠦᠬᠠᠢ ᠬᠤᠳᠠ ᠶᠢᠨ ᠬᠤᠷᠢᠶ᠎ᠠ᠂ ᠬᠤᠳᠠ ᠶᠢᠨ ᠵᠠᠰᠠᠭ ᠤᠨ ᠤᠷᠳᠤᠨ ᠠᠴᠠ ᠬᠦᠬᠡᠬᠤᠳᠠ ᠶᠢᠨ ᠰᠢᠨ᠎ᠡ ᠬᠤᠳᠠ ᠵᠤᠴᠢᠳ ᠤᠨ ᠪᠠᠭᠤᠳᠠᠯ ᠳᠤ ᠦᠬᠠᠢ ᠬᠤᠳᠠ ᠳᠤ ᠦᠨᠳᠦᠷ ᠬᠤᠷᠤᠭᠳᠠᠯᠳᠤ ᠡᠨᠧᠷᠭᠢ ᠶᠢᠨ ᠠᠵᠤ ᠦᠢᠯᠡᠳᠪᠦᠷᠢ ᠶᠢᠨ  ᠬᠦᠷᠢᠶᠡᠯᠡᠩ ᠪᠠᠶᠢᠭᠤᠯᠬᠤ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠠᠢ᠃      9 ᠰᠠᠷ᠎ᠠ ᠶᠢᠨ 10 ᠤ ᠡᠳᠦᠷ᠂ ᠦᠬᠠᠢ ᠬᠤᠳᠠ ᠶᠢᠨ ᠮᠡᠷᠭᠡᠵᠢᠯ ᠤᠨ ᠠᠵᠢᠯᠳᠠᠨ ᠤ ᠰᠤᠷᠭᠠᠭᠤᠯᠢ ᠪᠠᠶᠢᠭᠤᠯᠤᠭᠳᠠᠪᠠ᠂ ᠲᠤᠰ ᠰᠤᠷᠭᠠᠭᠤᠯᠢ ᠨᠢ ᠬᠤᠳᠠ ᠶᠢᠨ ᠠᠵᠤ ᠦᠢᠯᠡᠳᠪᠦᠷᠢ ᠶᠢᠨ ᠮᠡᠷᠭᠡᠵᠢᠯ ᠤᠨ ᠰᠤᠷᠭᠠᠭᠤᠯᠢ᠂ ᠬᠤᠳᠠ ᠶᠢᠨ ᠲᠠᠷᠢᠶᠠᠯᠠᠩ ᠤᠢ ᠰᠢᠭᠤᠢ ᠶᠢᠨ ᠮᠡᠷᠭᠡᠵᠢᠯ ᠤᠨ ᠰᠤᠷᠭᠠᠭᠤᠯᠢ᠂ ᠬᠤᠳᠠ ᠶᠢᠨ ᠰᠠᠭᠤᠷᠢ ᠪᠦᠳᠦᠭᠡᠨ ᠪᠠᠶᠢᠭᠤᠯᠤᠯᠳᠠ ᠶᠢᠨ ᠮᠡᠷᠭᠡᠵᠢᠯ ᠤᠨ ᠰᠤᠷᠭᠠᠭᠤᠯᠢ᠂ ᠬᠤᠳᠠ ᠶᠢᠨ ᠬᠤᠳᠠᠯᠳᠤᠭᠠᠨ ᠠᠮᠤ ᠶᠢᠨ ᠮᠡᠷᠭᠡᠵᠢᠯ ᠤᠨ ᠰᠤᠷᠭᠠᠭᠤᠯᠢ ᠪᠤᠯᠤᠨ ᠵᠠᠮ ᠬᠠᠷᠢᠯᠴᠠᠭᠠᠨ ᠤ ᠮᠡᠷᠭᠡᠵᠢᠯ ᠤᠨ ᠰᠤᠷᠭᠠᠭᠤᠯᠢ ᠵᠡᠷᠭᠡ ᠲᠠᠪᠤᠨ ᠰᠤᠷᠭᠠᠭᠤᠯᠢ ᠶᠢ ᠨᠢᠭᠡᠳᠭᠡᠭᠡᠳ ᠪᠠᠶᠢᠭᠤᠯᠤᠭᠰᠠᠨ ᠰᠤᠷᠭᠠᠭᠤᠯᠢ ᠪᠤᠯᠤᠨ᠎ᠠ᠃      10 ᠰᠠᠷ᠎ᠠ ᠶᠢᠨ 28 ᠤ ᠡᠳᠦᠷ᠂ ᠦᠬᠠᠢ ᠬᠤᠳᠠ ᠶᠢᠨ ᠰᠢᠦᠳᠠᠨ ᠲᠤᠪᠴᠢᠶ᠎ᠠ ᠶᠢ ᠰᠢᠦᠳᠠᠨ ᠦᠢᠯᠡᠰ ᠬᠢᠭᠡᠳ ᠴᠠᠬᠢᠯᠭᠠᠨ ᠬᠤᠯᠪᠤᠭᠠᠨ ᠤ ᠦᠢᠯᠡᠰ ᠬᠡᠬᠦ ᠬᠤᠶᠠᠷ ᠪᠠᠶᠢᠭᠤᠯᠤᠮᠵᠢ ᠬᠤᠪᠢᠶᠠᠷᠢᠯᠠᠨ᠂ ᠦᠬᠠᠢ ᠬᠤᠳᠠ ᠶᠢᠨ ᠰᠢᠦᠳᠠᠨ ᠲᠤᠪᠴᠢᠶ᠎ᠠ᠂ ᠦᠬᠠᠢ ᠬᠤᠳᠠ ᠶᠢᠨ ᠴᠢᠭᠢᠯᠭᠠᠨ ᠬᠤᠯᠪᠤᠭᠠᠨ ᠤ ᠲᠤᠪᠴᠢᠶ᠎ᠠ  ᠫᠠᠶᠢᠰᠠ ᠡᠯᠬᠦᠨ ᠪᠠᠶᠢᠭᠤᠯᠤᠭᠳᠠᠪᠠ᠃      11 ᠰᠠᠷ᠎ᠠ ᠶᠢᠨ 12 ᠤ ᠡᠳᠦᠷ᠂ ᠤᠯᠤᠰ ᠤᠨ ᠰᠤᠷᠠᠭ ᠴᠢᠮᠡᠭᠡ ᠰᠤᠷᠠᠭᠯᠠᠨ ᠲᠠᠭᠤᠳᠠᠬᠤ ᠦᠬᠠᠢ ᠶᠢᠨ ᠬᠤᠪᠢᠶᠠᠷᠢ ᠺᠤᠮᠫᠠᠨᠢ ᠪᠠᠶᠢᠭᠤᠯᠤᠭᠳᠠᠪᠠ᠃      1998 ᠤᠨ ᠳᠤ᠂ ᠦᠬᠠᠢ ᠬᠤᠳᠠ ᠠᠴᠠ 4861 ᠶᠠᠳᠠᠭᠤ ᠬᠦᠴᠢᠷᠳᠡᠯ ᠲᠠᠢ ᠰᠤᠷᠤᠭᠴᠢ ᠶᠢᠨ ᠰᠤᠷᠤᠯᠭ᠎ᠠ  ᠶᠢᠨ ᠰᠦᠢᠳᠭᠡᠯ 158 ᠲᠦᠮᠡᠨ ᠲᠦᠭᠦᠷᠢᠭ ᠵᠤᠭᠤᠰ ᠢ ᠰᠢᠢᠳᠪᠦᠷᠢᠯᠡᠵᠦ ᠦᠭᠴᠡᠢ᠃      1999 ᠤᠨ      1 ᠰᠠᠷ᠎ᠠ ᠶᠢᠨ 1 ᠤ ᠡᠳᠦᠷ᠂ ᠦᠬᠠᠢ ᠬᠤᠳᠠ ᠬᠤᠳᠠ ᠶᠢᠨ ᠰᠠᠭᠤᠭᠠᠯᠢ ᠠᠷᠠᠳ ᠤᠨ ᠬᠠᠮᠤᠭ ᠲᠤᠤᠷ᠎ᠠ ᠠᠮᠢ᠊ᠳ᠋ᠤᠷᠠᠯ ᠤᠨ ᠪᠠᠳᠤᠯᠠᠭ᠎ᠠ ᠶᠢᠨ ᠪᠠᠷᠢᠮᠵᠢᠶ᠎ᠠ ᠶᠢ ᠬᠦᠮᠦᠨ ᠪᠦᠷᠢ ᠶᠢᠨ ᠰᠠᠷ᠎ᠠ ᠪᠤᠯᠭᠠᠨ ᠤ 90 ᠲ᠊‍ᠦ᠋ᠭᠦᠷᠢᠭ ᠢ 100 ᠲᠦᠭᠦᠷᠢᠭ ᠪᠤᠯᠭᠠᠨ ᠦᠰᠭᠡᠪᠡ᠃      2 ᠰᠠᠷ᠎ᠠ ᠶᠢᠨ 11 ᠤ ᠡᠳᠦᠷ᠂ ᠦᠬᠠᠢ ᠶᠢᠨ ᠮᠧᠩ ᠳ᠋ᠠ ᠹᠸᠢ ᠭᠤᠸᠠᠨᠲᠸᠦ ᠢᠳᠡᠭᠡᠨ ᠤ ᠦᠢᠯᠡᠳᠪᠦᠷᠢ ᠶᠢᠨ ᠦᠢᠯᠡᠳᠪᠦᠷᠢᠯᠡᠭᠰᠡᠨ ︽ᠳ᠋ᠠ ᠮᠧᠩ ᠹᠸᠢ︾ ᠲᠡᠮᠳᠡᠭᠳᠦ ᠲᠦᠪᠡᠳ ᠬᠠᠰᠢ ᠶᠢᠨ ᠵᠢᠶᠠᠩ ᠨᠢ ᠠᠮᠧᠷᠢᠺᠠ ᠶᠢᠨ FDA ᠶᠢᠨ ᠬᠢᠨᠠᠨ ᠪᠠᠶᠢᠴᠠᠭᠠᠯᠳᠠ ᠶᠢ ᠦᠩᠭᠡᠷᠡᠵᠦ᠂ ᠠᠮᠧᠷᠢᠺᠠ ᠶᠢᠨ ᠵᠠᠬ᠎ᠠ ᠲᠡᠯᠭᠡᠭᠦᠷ ᠲᠤ ᠬᠦᠷᠪᠡ᠃      2 ᠰᠠᠷ᠎ᠠ ᠶᠢᠨ 26 ᠤ ᠡᠳᠦᠷ᠂ ᠬᠠᠶᠢᠷᠤᠪ ᠤᠨ ᠲᠤᠬᠤᠢ ᠲᠤᠭᠤᠷᠢᠭ ᠤᠨ ᠠᠭᠤᠷᠬᠠᠢ ᠶᠢᠨ ᠶᠠᠪᠤᠳᠠᠯ ᠤᠨ ᠲᠣᠪᠴᠢᠶᠠᠨ ᠤ ᠨᠡᠭᠦᠷᠡᠰᠦᠨ ᠴᠢᠯᠠᠭᠤ ᠶᠢ ᠶᠡᠷᠦᠩᠬᠡᠶᠢᠯᠡᠨ ᠠᠰᠢᠭᠯᠠᠬᠤ ᠲᠦᠷᠦᠯ ᠵᠦᠢᠯ— ᠦᠬᠠᠢ ᠬᠤᠳᠠ ᠶᠢᠨ ᠿᠦᠢ ᠳ᠋ᠧ  ᠬᠢᠮᠢ ᠶᠢᠨ ᠦᠢᠯᠡᠳᠪᠦᠷᠢ ᠲᠤᠷᠰᠢᠨ ᠦᠢᠯᠡᠳᠪᠦᠷᠢᠯᠡᠬᠦ ᠪᠤᠯᠵᠠᠢ᠂ ᠲᠤᠰ ᠲᠦᠷᠦᠯ ᠵᠦᠢᠯ ᠳᠤ ᠨᠡᠶᠢᠳᠡ1900 ᠲᠦᠮᠡᠨ ᠲᠦᠭᠦᠷᠢᠭ ᠪᠡᠯᠡ ᠤᠷᠤᠭᠤᠯᠵᠦ᠂ ᠵᠢᠯ ᠳᠤ 3 000 ᠲᠤᠨ ᠮᠦᠰᠦᠯᠢᠭ ᠲᠠᠯᠠᠰᠳᠤ ᠴᠢᠯᠠᠭᠤ᠂ 6000 ᠲᠤᠨ ᠤᠰᠤᠨ ᠰᠢᠯ᠂ 1200 ᠲᠤᠨ ᠴᠠᠭᠠᠨ ᠬᠦ᠋ ᠦᠢᠯᠡᠳᠪᠦᠷᠢᠯᠡᠨ᠂ ᠵᠢᠯ ᠤᠨ ᠦᠢᠯᠡᠳᠪᠦᠷᠢᠯᠡᠬᠦ ᠦᠷᠳᠡᠭ 2700  ᠲᠦᠮᠡᠨ ᠲᠦᠭᠦᠷᠢᠭ᠂ ᠠᠰᠢᠭ ᠤᠷᠤᠯᠭ᠎ᠠ ᠨᠢ 450 ᠲᠦᠮᠡᠨ ᠲᠦᠭᠦᠷᠢᠭ ᠬᠦᠷᠴᠦ᠂ 300 ᠠᠵᠢᠯ ᠠᠯᠳᠠᠭᠰᠠᠳ ᠲᠤ ᠠᠵᠢᠯ ᠤᠯᠭᠤᠵᠠᠢ᠃      3 ᠰᠠᠷ᠎ᠠ ᠶᠢᠨ 24~ 27 ᠤ ᠡᠳᠦᠷ᠂ ᠤᠯᠤᠰ ᠲᠦᠷᠦ ᠶᠢᠨ ᠵᠦᠪᠯᠡᠯᠭᠡᠨ ᠤ ᠦᠬᠠᠢ ᠬᠤᠳᠠ ᠶᠢᠨ ᠲᠠᠪᠤᠳᠤᠭᠠᠷ ᠬᠤᠭᠤᠴᠠᠭᠠᠨ ᠤ ᠬᠡᠰᠢᠭᠦᠳ ᠤᠨ ᠠᠩᠬᠠᠳᠤᠭᠠᠷ ᠤᠳᠠᠭᠠᠨ ᠤ ᠬᠤᠷᠠᠯ ᠢ ᠬᠤᠷᠠᠯᠳᠤᠭᠤᠯᠵᠤ᠂ ᠴᠢ ᠹᠧᠩ ᠱᠠᠨ ᠬᠤᠳᠠ ᠶᠢᠨ ᠤᠯᠤᠰ ᠲᠦᠷᠦ ᠶᠢᠨ ᠵᠦᠪᠯᠡᠯᠭᠡᠨ ᠤ  ᠲᠠᠪᠤᠳᠤᠭᠠᠷ ᠬᠤᠭᠤᠴᠠᠭᠠᠨ ᠤ ᠲᠡᠷᠢᠭᠦᠯᠡᠭᠴᠢ ᠪᠠᠷ ᠰᠤᠩᠭᠤᠭᠳᠠᠵᠠᠢ᠃      3 ᠰᠠᠷ᠎ᠠ ᠶᠢᠨ 25~ 28 ᠤ ᠡᠳᠦᠷ᠂ ᠦᠬᠠᠢ ᠬᠤᠳᠠ ᠶᠢᠨ ᠲᠠᠪᠤᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠢ ᠬᠤᠷᠠᠯᠳᠤᠭᠤᠯᠵᠤ᠂ ᠪᠠᠭᠠᠳᠤᠷ ᠬᠤᠳᠠ ᠶᠢᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠬᠤᠭᠤᠴᠠᠭᠠᠨ ᠤ ᠡᠷᠭᠢᠯᠡᠭᠴᠢ ᠪᠠᠷ᠂ ᠵᠤᠤ ᠵᠦᠩ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠲᠠᠷᠤᠭ᠎ᠠ ᠪᠠᠷ᠂ ᠵᠠᠩ ᠿᠦᠢ ᠬᠤᠳᠠ ᠶᠢᠨ ᠲᠤᠮᠳᠠ ᠵᠡᠷᠭᠡ ᠶᠢᠨ ᠰᠢᠭᠦᠭᠦ ᠬᠤᠷᠢᠶ᠎ᠡ ᠶᠢᠨ ᠬᠤᠷᠢᠶᠠᠨ ᠲᠠᠷᠤᠭ᠎ᠠ ᠪᠠᠷ᠂ ᠳ᠋ᠦ᠋ ᡁᠢ ᠭᠠᠩ ᠬᠤᠳᠠ ᠶᠢᠨ ᠪᠠᠶᠢᠴᠠᠭᠠᠬᠤ ᠬᠤᠷᠢᠶ᠎ᠠ ᠶᠢᠨ ᠪᠠᠶᠢᠴᠠᠭᠠᠭᠴᠢ ᠲᠠᠷᠤᠭ᠎ᠠ ᠪᠠᠷ ᠲᠤᠰ ᠲᠤᠰ ᠰᠤᠩᠭᠤᠭᠳᠠᠵᠠᠢ᠃      5 ᠰᠠᠷ᠎ᠠ ᠶᠢᠨ 29 ᠤ ᠡᠳᠦᠷ᠂ ᠦᠬᠠᠢ ᠬᠤᠳᠠ ᠶᠢᠨ ᠵᠠᠯᠠᠭᠤᠴᠤᠳ ᠪᠠᠭᠠᠴᠤᠳ ᠤᠨ ᠤᠷᠳᠤᠨ ᠠᠰᠢᠭᠯᠠᠯᠳᠠ ᠳᠤ ᠤᠷᠤᠪᠠ᠃      6 ᠰᠠᠷ᠎ᠠ ᠶᠢᠨ 29 ᠤ ᠡᠳᠦᠷ᠂ ᠦᠬᠠᠢ ᠬᠤᠳᠠ ᠶᠢᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠵᠦᠪᠯᠡᠯ ᠠᠴᠠ ᠺᠠᠳ᠋ᠷ ᠢ ᠲᠡᠪᠰᠢᠭᠦᠯᠦᠨ ᠬᠡᠷᠡᠭᠯᠡᠬᠦ ᠠᠴᠠ ᠡᠮᠦᠨ᠎ᠡ ᠬᠠᠦᠯᠢ ᠴᠠᠭᠠᠵᠠ ᠶᠢᠨ ᠰᠢᠯᠭᠠᠯᠳᠠ ᠬᠢᠬᠦ ᠲᠦᠷᠢᠮ ᠢ ᠭᠡᠷᠡᠭᠵᠢᠭᠦᠯᠵᠠᠢ᠂ ᠬᠤᠳᠠ ᠶᠢᠨ ᠠᠷᠠᠳ ᠤᠨ ᠵᠠᠰᠠᠭ ᠤᠨ ᠤᠷᠳᠤᠨ ᠠᠴᠠ 27 ᠨᠡᠷᠡᠰ ᠲᠡᠪᠰᠢᠭᠦᠯᠦᠨ ᠬᠡᠷᠡᠭᠯᠡᠬᠦ ᠬᠡᠵᠦ ᠪᠠᠶᠢᠭ᠎ᠠ ᠡᠯ᠎ᠡ ᠪᠠᠶᠢᠭᠤᠯᠤᠯᠭ᠎ᠠ ᠶᠢᠨ ᠬᠠᠷᠢᠭᠤᠴᠠᠯᠭᠠᠳᠠᠨ ᠺᠠᠳᠠᠷᠴᠤᠳ ᠢ ᠲᠤᠰᠢᠶᠠᠯ ᠳᠤ ᠲᠤᠮᠢᠯᠠᠬᠤ  ᠠᠴᠠ ᠡᠮᠦᠨ᠎ᠡ ᠬᠠᠦᠯᠢ ᠴᠠᠭᠠᠵᠠ ᠶᠢᠨ ᠰᠢᠯᠭᠠᠯᠳᠠ ᠬᠢᠵᠦ᠂ ᠬᠤᠶᠠᠷ ᠤᠳᠠᠭ᠎ᠠ ᠰᠢᠯᠭᠠᠭᠠᠳ ᠬᠢᠷᠢ ᠲᠡᠩᠴᠡᠭᠰᠡᠨ ᠦᠬᠡᠢ ᠬᠦᠮᠦᠨ ᠢ ᠲᠤᠮᠢᠯᠠᠭᠰᠠᠨ ᠦᠭᠡᠢ᠃      7 ᠰᠠᠷ᠎ᠠ ᠶᠢᠨ 1 ᠤ ᠡᠳᠦᠷ᠂ ᠤᠳᠠ ᠶᠢᠨ ᠠᠭᠤᠷᠬᠠᠢ ᠶᠢᠨ ᠶᠠᠪᠤᠳᠠᠯ ᠤᠨ ᠲᠣᠪᠴᠢᠶᠠᠨ ᠤ ᠦᠨᠳᠦᠷ ᠬᠦᠬᠦᠷᠳᠦ ᠨᠡᠭᠦᠷᠡᠰᠦ ᠦᠢᠯᠡᠳᠪᠦᠷᠢᠯᠡᠳᠡᠭ ᠬᠤᠸᠠᠩ ᠪᠠᠢ ᠽᠢ ᠨᠡᠭᠦᠷᠡᠰᠦᠨ ᠠᠭᠤᠷᠬᠠᠢ ᠶᠢ ᠨᠡᠶᠢᠳᠡᠮ ᠳᠤᠨᠢ ᠬᠠᠭᠠᠪᠠ᠃      9 ᠰᠠᠷ᠎ᠠ ᠶᠢᠨ 9 ᠤ ᠡᠳᠦᠷ᠂ ᠬᠠᠳᠤᠨ ᠭᠤᠤᠯ ᠦᠢᠯᠡᠳᠪᠦᠷᠢ ᠠᠷᠠᠯᠵᠢᠶᠠᠨ ᠤ ᠪᠦᠯᠦᠭᠯᠡᠯᠳᠦ ᠬᠡᠦᠷᠡᠰᠦᠵᠢᠭᠦᠯᠤᠯᠳᠡ ᠶᠢᠨ ᠺᠤᠮᠫᠠᠨᠢ ᠶᠢᠨ 26 ᠲᠦᠮᠡᠨ ᠲᠤᠨ ᠬᠡᠦᠷᠡᠰᠦᠨ ᠵᠤᠤᠬ᠎ᠠ ᠠᠰᠢᠭᠯᠠᠯᠳᠠ ᠳᠤ ᠤᠷᠤᠪᠠ᠃ ᠠᠰᠢᠭᠯᠠᠯᠳᠠ ᠳᠤ ᠤᠷᠤᠭᠰᠠᠨ ᠤ ᠲᠠᠷᠠᠭ᠎ᠠ᠂ ᠲᠤᠭᠳᠠᠮᠠᠯ ᠬᠦᠷᠦᠩᠭᠡ ᠨᠢ ᠨᠡᠮᠡᠭᠳᠡᠭᠡᠳ 1.1 ᠳ᠋ᠦᠩᠰᠢᠭᠤᠷ ᠲᠦᠭᠦᠷᠢᠭ ᠲᠤ ᠬᠦᠷᠴᠦ᠂ ᠵᠢᠯ ᠤᠨ ᠦᠢᠯᠡᠳᠪᠦᠷᠢᠯᠡᠬᠦ ᠦᠷᠳᠡᠭ 900 ᠳ᠋ᠦᠩᠰᠢᠭᠤᠷ ᠲᠦᠭᠦᠷᠢᠭ᠂ ᠰᠢᠭᠤᠳ ᠠᠰᠢᠭ ᠤᠷᠤᠯᠭ᠎ᠠ ᠨᠢ 900 ᠭᠠᠷᠤᠢ ᠲᠦᠮᠡᠨ ᠲᠦᠭᠦᠷᠢᠭ ᠲᠤ ᠬᠦᠷᠬᠦ ᠪᠤᠯᠤᠨ᠎ᠠ᠃      9 ᠰᠠᠷ᠎ᠠ ᠶᠢᠨ 16 ᠤ ᠡᠳᠦᠷ᠂ ᠦᠬᠠᠢ ᠬᠤᠳᠠ ᠶᠢᠨ ᠠᠷᠠᠳ ᠤᠨ ᠵᠠᠰᠠᠭ ᠤᠷᠳᠤᠨ ᠠᠴᠠ ᠪᠡᠯᠡ ᠭᠠᠷᠭᠠᠵᠤ᠂ ᠪᠦᠬᠦ ᠤᠯᠤᠰ ᠤᠨ ᠰᠢᠯᠢᠳᠡᠭ ᠡᠮᠡᠭᠳᠡᠢ ᠠᠵᠤ ᠠᠬᠤᠶᠢᠯᠠᠯᠳᠠᠨ᠂ ᠦᠬᠠᠢ ᠬᠤᠳᠠ ᠶᠢᠨ ᠬᠠᠢ ᠲᠤᠩ ᠦᠢᠯᠡᠳᠪᠦᠷᠢ ᠠᠷᠠᠯᠵᠢᠶᠠᠨ ᠤ ᠺᠤᠮᠫᠠᠨᠢ ᠶᠢᠨ ᠶᠡᠷᠦᠩᠬᠡᠢ ᠲᠠᠭᠠᠭᠠᠮᠠᠯ ᠯᠢ ᠲᠤᠤ ᠬᠤᠸᠠ ᠮᠦᠩᠬᠦ ᠭᠠᠷᠭᠠᠵᠤ᠂ ᠪᠠᠶᠠᠨᠳᠤᠬᠤᠢ ᠰᠢᠶᠠᠩ ᠳᠤ ᠲᠤᠤ ᠬᠤᠸᠠ ᠪᠠᠭ᠎ᠠ ᠰᠤᠷᠭᠠᠭᠤᠯᠢ ᠪᠠᠶᠢᠭᠤᠯᠪᠠ᠃      9 ᠰᠠᠷ᠎ᠠ ᠶᠢᠨ 20 ᠤ ᠡᠳᠦᠷ᠂ ᠦᠬᠠᠢ ᠬᠤᠳᠠ ᠶᠢᠨ ᠠᠮᠢ ᠠᠬᠤᠢ ᠤᠷᠴᠢᠨ ᠲᠤᠭᠤᠷᠢᠨ ᠤ ᠪᠦᠳᠦᠭᠡᠨ ᠪᠠᠶᠢᠭᠤᠯᠤᠯᠳᠠ ᠶᠢᠨ ᠢᠨᠵᠧᠨᠧᠷᠢᠩ ᠪᠠᠷᠢᠯᠭ᠎ᠠ ᠡᠬᠢᠯᠡᠬᠦᠯᠵᠠᠢ᠂ ᠲᠤᠰ ᠢᠨᠵᠧᠨᠧᠷᠢᠩ ᠳᠤ ᠨᠡᠶᠢᠳᠡ 1400 ᠲᠦᠮᠡᠨ ᠲᠦᠭᠦᠷᠢᠭ ᠪᠡᠯᠡ ᠤᠷᠤᠭᠤᠯᠵᠦ᠂ ᠨᠢᠭᠡᠨᠳᠡ 6 967 ᠾᠧᠺᠲ᠋ᠤᠷ᠂ ᠬᠦᠮᠦᠨ ᠤ ᠬᠦᠴᠦ ᠪᠠᠷ ᠤᠶᠢᠵᠢᠭᠤᠯᠤᠭᠰᠠᠨ ᠲᠠᠯᠠᠪᠠᠢ 1 351 ᠾᠧᠺᠲ᠋ᠤᠷ᠂ ᠮᠦᠬᠦᠬᠦ ᠰᠢᠬᠠᠭᠰᠠᠨ ᠤᠷᠭᠤᠮᠠᠯ ᠢ ᠬᠠᠮᠠᠭᠠᠯᠠᠬᠤ ᠪᠢᠳᠡᠭᠦᠮᠵᠢᠯᠡᠯᠳᠡ ᠶᠢᠨ ᠤᠢ 4933 ᠾᠧᠺᠲ᠋ᠤᠷ᠂ ᠭᠠᠵᠠᠷ ᠰᠢᠷᠦᠢ ᠶᠢᠨ ᠨᠡᠭᠡᠭᠡᠨ ᠠᠰᠢᠭᠯᠠᠭᠰᠠᠨ ᠲᠠᠯᠠᠪᠠᠢ ᠨᠢ 666 ᠾᠧᠺᠲ᠋ᠤᠷ ᠲᠤ ᠬᠦᠷᠴᠡᠢ᠃      9 ᠰᠠᠷ᠎ᠠ ᠶᠢᠨ 27 ᠤ ᠡᠳᠦᠷ᠂ ︽ᠦᠬᠠᠢ ᠶᠢᠨ ᠨᠡᠭᠡᠭᠡᠨ ᠠᠰᠢᠭᠯᠠᠯᠳᠠ ᠪᠤᠯᠤᠨ ᠪᠦᠳᠦᠭᠡᠨ ᠪᠠᠶᠢᠭᠤᠯᠤᠯᠳᠠ︾ ᠬᠡᠬᠦ ᠨᠤᠮ ᠬᠡᠪᠯᠡᠭᠳᠡᠵᠦ ᠲᠠᠷᠬᠠᠭᠠᠭᠳᠠᠪᠠ᠃      9 ᠰᠠᠷ᠎ᠠ ᠶᠢᠨ 29 ᠤ ᠡᠳᠦᠷ᠂ ᠦᠬᠠᠢ ᠬᠤᠳᠠ ᠶᠢᠨ ᠬᠤᠶᠠᠷ ᠲᠦᠷᠦᠯ ᠤᠨ ᠵᠠᠰᠠᠮᠠᠯ ᠵᠠᠮ ᠤᠨ ᠪᠦᠳᠦᠭᠡᠨ ᠪᠠᠶᠢᠭᠤᠯᠤᠯᠳᠠ ᠶᠢᠨ ᠪᠠᠷᠢᠯᠭ᠎ᠠ ᠲᠠᠭᠤᠰᠴᠤ ᠲᠡᠷᠭᠡ ᠨᠡᠪᠳᠡᠷᠡᠵᠡᠢ᠃ ᠲᠠᠷᠤᠢ᠂ ᠤᠯᠤᠰ ᠤᠨ ᠵᠠᠮ ᠤᠨ 110 ᠱᠤᠭᠤᠮ ᠤᠨ ᠰᠢᠨ ᠳ᠋ᠢ ᠠᠴᠠ ᠲᠤᠰᠤᠳᠤ ᠬᠦᠷᠭᠦ ᠵᠠᠰᠠᠨ ᠦᠭᠡᠷᠡᠴᠢᠯᠡᠭᠰᠡᠨ ᠵᠠᠮ ᠤᠨ ᠢᠨᠵᠧᠨᠧᠷᠢᠩ ᠬᠢᠭᠡᠳ ᠦᠬᠠᠢ ᠠᠴᠠ ᠨᠢᠩᠰᠢᠶᠠ ᠶᠢᠨ ᠲᠤᠤ ᠯᠧ ᠰᠢᠶᠠᠨ ᠬᠦᠷᠭᠦ ᠰᠢᠨ᠎ᠡ ᠵᠠᠰᠠᠭᠰᠠᠨ ᠵᠠᠰᠠᠮᠠᠯ ᠵᠠᠮ ᠤᠨ ᠢᠨᠵᠧᠨᠧᠷᠢᠩ᠂ ᠢᠨᠵᠧᠨᠧᠷᠢᠩ ᠤᠨ ᠪᠦᠬᠦ ᠪᠡᠯᠡ ᠤᠷᠤᠭᠤᠯᠤᠯᠳᠠ ᠨᠢ ᠲᠤᠰ ᠲᠤᠰ 1700 ᠲᠦᠮᠡᠨ ᠲᠦᠭᠦᠷᠢᠭ ᠬᠢᠭᠡᠳ 550 ᠲᠦᠮᠡᠨ ᠲᠦᠭᠦᠷᠢᠭ᠃      10 ᠰᠠᠷ᠎ᠠ ᠶᠢᠨ 11 ᠤ ᠡᠳᠦᠷ᠂ ᠦᠬᠠᠢ ᠬᠤᠳᠠ ᠶᠢᠨ ᠨᠠᠰᠤᠳᠠᠶᠢᠴᠤᠳ ᠤᠨ ᠠᠰᠠᠷᠠᠮᠵᠢ ᠶᠢᠨ ᠭᠠᠵᠠᠷ ᠪᠠᠶᠢᠭᠤᠯᠤᠭᠳᠠᠵᠤ ᠠᠰᠢᠭᠯᠠᠯᠳᠠ ᠳᠤ ᠤᠷᠤᠪᠠ᠃ ᠬᠤᠳᠠ ᠶᠢᠨ ᠨᠠᠰᠤᠳᠠᠶᠢᠴᠤᠳ ᠤᠨ ᠠᠰᠠᠷᠠᠮᠵᠢ ᠶᠢᠨ ᠭᠠᠵᠠᠷ ᠲᠤ ᠨᠢᠭᠡᠳᠦᠭᠡᠷ ᠠᠯᠬᠤᠮ ᠳᠤ 28 ᠬᠦᠮᠦᠨ ᠤᠷᠤᠵᠤ ᠰᠠᠭᠤᠵᠠᠢ᠂ ᠪᠦᠬᠦ ᠲᠠᠯᠠᠪᠠᠢ ᠨᠢ 2057 ᠲᠡᠭᠰᠢ ᠲᠦᠷᠪᠡᠯᠵᠢᠨ ᠮᠧᠲᠷ᠂ 100 ᠤᠷᠤ ᠲᠠᠢ᠃      10 ᠰᠠᠷ᠎ᠠ ᠶᠢᠨ 16 ᠤ ᠡᠳᠦᠷ᠂ ᠦᠬᠠᠢ ᠬᠤᠳᠠ ᠶᠢᠨ ᠬᠠᠶᠢᠷᠤᠪ ᠤᠨ ᠲᠤᠬᠤᠢ ᠲᠤᠭᠤᠷᠢᠭ ᠤᠨ ᠲᠤᠤᠷ᠎ᠠ ᠬᠠᠶᠢᠷᠤᠪ ᠤᠨ ᠲᠤᠬᠤᠢ ᠪᠠᠯᠭᠠᠰᠤ ᠫᠠᠶᠢᠰᠠ ᠡᠯᠬᠦᠨ ᠪᠠᠶᠢᠭᠤᠯᠤᠭᠳᠠᠪᠠ᠃ ᠪᠠᠯᠭᠠᠰᠤᠨ ᠤ ᠪᠦᠬᠦ ᠲᠠᠯᠠᠪᠠᠢ ᠨᠢ 52 ᠲᠡᠭᠰᠢ ᠲᠦᠷᠪᠡᠯᠵᠢᠨ  ᠺᠢᠯᠦᠮᠧᠲᠷ ᠪᠠᠶᠢᠵᠤ᠂ ᠵᠠᠰᠠᠭ ᠵᠠᠭᠢᠷᠭᠠᠨ᠂ ᠠᠵᠤ ᠠᠬᠤᠶᠢᠯᠠᠯ ᠠᠵᠢᠯ ᠶᠠᠪᠤᠳᠠᠯ ᠤᠨ ᠪᠠᠶᠢᠭᠤᠯᠤᠯᠭ᠎ᠠ 67᠂ ᠰᠠᠭᠤᠭᠠᠯᠢ ᠠᠷᠠᠳ ᠤᠨ ᠵᠦᠪᠯᠡᠯ 15᠂ ᠨᠡᠶᠢᠲᠡ 31258 ᠬᠦᠮᠦᠨ ᠠᠮᠠ ᠲᠠᠢ᠂ ᠬᠠᠶᠢᠷᠤᠪ ᠤᠨ ᠲᠤᠬᠤᠢ ᠲᠤᠭᠤᠷᠢᠭ ᠤᠨ ᠢᠳᠡᠰᠢᠨ ᠨᠤᠭᠤᠭᠠᠨ ᠤ ᠪᠦᠳᠦᠭᠡᠭᠳᠡᠬᠦᠨ ᠤ ᠰᠠᠭᠤᠷᠢᠨ ᠭᠠᠵᠠᠷ ᠪᠤᠯᠤᠨ᠎ᠠ᠃      10 ᠰᠠᠷ᠎ᠠ ᠶᠢᠨ 17 ᠤ ᠡᠳᠦᠷ᠂ ᠦᠬᠠᠢ ᠬᠤᠳᠠ ᠶᠢᠨ ᠵᠢᠦ ᠫᠧᠩ ᠬᠤᠳᠠᠯᠳᠤᠭᠠᠨ ᠤ ᠠᠰᠠᠷ ᠠᠵᠢᠯ ᠡᠬᠢᠯᠡᠭᠦᠯᠵᠠᠢ᠂ ᠡᠵᠡᠩᠨᠡᠯᠳᠡ ᠶᠢᠨ ᠲᠠᠯᠠᠪᠠᠢ ᠨᠢ 5 600 ᠲᠡᠭᠰᠢ ᠲᠦᠷᠪᠡᠯᠵᠢᠨ ᠮᠧᠲᠷ᠂ ᠭᠠᠵᠠᠷ ᠲᠡᠭᠡᠷ᠎ᠡ 4 ᠲᠡᠭᠳᠡᠷ᠂ ᠭᠠᠵᠠᠷ ᠲᠤᠤᠷ᠎ᠠ ᠨᠢᠭᠡ ᠲᠡᠭᠳᠡᠷ᠂ ᠦᠬᠠᠢ ᠶᠢᠨ ᠠᠩᠬᠠᠨ ᠤ ᠡᠷᠭᠢᠯᠳᠦᠳᠦ ᠴᠠᠬᠢᠯᠭᠠᠨ ᠱᠠᠳᠤ ᠶᠢ ᠠᠳᠡ ᠤᠭᠰᠠᠷᠠᠵᠠᠢ᠃      10 ᠰᠠᠷ᠎ᠠ ᠶᠢᠨ 21 ᠤ ᠡᠳᠦᠷ᠂ ᠦᠬᠠᠢ ᠬᠤᠳᠠ ᠶᠢᠨ ᠬᠠᠶᠢᠷᠤᠪ ᠤᠨ ᠲᠤᠬᠤᠢ ᠲᠤᠭᠤᠷᠢᠭ ᠤᠨ ᠰᠢᠨ ᠳ᠋ᠢ ᠰᠢᠶᠠᠩ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠨᠢᠭᠡᠳᠦᠭᠡᠷ ᠪᠦᠯᠦᠭ ᠤᠨ ᠪᠠᠭ᠎ᠠ ᠬᠤᠳᠠ ᠪᠠᠯᠭᠠᠰᠤᠨ ᠤ ᠪᠦᠳᠦᠭᠡᠨ ᠪᠠᠶᠢᠭᠤᠭᠤᠯᠤᠯᠳᠠ ᠶᠢᠨ ᠪᠡᠯᠡ ᠤᠷᠤᠭᠤᠯᠬᠤ ᠲᠦᠯᠦᠪᠯᠡᠭᠡᠨ ᠳᠤ ᠵᠢᠭᠰᠠᠭᠠᠭᠳᠠᠵᠠᠢ᠃      △  ᠪᠠᠶᠠᠨᠳᠤᠬᠤᠢ ᠰᠢᠶᠠᠩ ᠤᠨ ᠬᠦᠰᠡᠯ ᠪᠠᠭ᠎ᠠ ᠰᠤᠷᠭᠠᠭᠤᠯᠢ ᠪᠠᠶᠢᠭᠤᠯᠤᠭᠳᠠᠪᠠ᠂ ᠡᠨᠡ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠠᠴᠠ ᠦᠬᠠᠢ ᠬᠤᠳᠠ ᠳᠤ ᠪᠠᠶᠢᠭᠤᠯᠤᠭᠰᠠᠨ ᠬᠠᠮᠤᠭ ᠠᠩᠬᠠᠨ ᠤ ᠬᠦᠰᠡᠯ ᠪᠠᠭ᠎ᠠ ᠰᠤᠷᠭᠠᠭᠤᠯᠢ ᠪᠤᠯᠤᠨ᠎ᠠ᠃       11 ᠰᠠᠷ᠎ᠠ ᠶᠢᠨ 1 ᠤ ᠡᠳᠦᠷ᠂ ᠦᠬᠠᠢ ᠬᠤᠳᠠ ᠶᠢᠨ ᠤᠳᠠ ᠲᠤᠭᠤᠷᠢᠭ ᠤᠨ ᠴᠢᠶᠤᠤ ᠰᠢ ᠵᠧᠨ ︵ᠬᠦᠭᠦᠷᠭᠡ ᠶᠢᠨ ᠪᠠᠷᠠᠭᠤᠨᠳᠠᠬᠢ︶ ᠪᠠᠯᠭᠠᠰᠤ ᠫᠠᠶᠢᠰᠠ ᠡᠯᠬᠦᠨ ᠪᠠᠶᠢᠭᠤᠯᠤᠭᠳᠠᠪᠠ᠃ ᠪᠠᠯᠭᠠᠰᠤᠨ ᠤ ᠪᠦᠬᠦ ᠲᠠᠯᠠᠪᠠᠢ ᠨᠢ 37 ᠲᠡᠭᠰᠢ ᠳᠦᠷᠪᠡᠯᠵᠢ ᠺᠢᠯᠦᠮᠧᠲᠷ ᠪᠠᠶᠢᠵᠤ᠂ ᠵᠠᠰᠠᠭ ᠵᠠᠭᠢᠷᠭᠠᠨ᠂ ᠠᠵᠤ ᠠᠬᠤᠶᠢᠯᠠᠯ ᠠᠵᠢᠯ ᠶᠠᠪᠤᠳᠠᠯ ᠤᠨ ᠪᠠᠶᠢᠭᠤᠯᠤᠯᠭ᠎ᠠ 9᠂ ᠨᠡᠶᠢᠲᠡ 8 600 ᠭᠠᠷᠦᠢ ᠬᠦᠮᠦᠨ ᠠᠮᠠ ᠲᠠᠢ᠂ ᠤᠳᠠ ᠲᠤᠭᠤᠷᠢᠭ ᠤᠨ ᠢᠳᠡᠰᠢᠨ ᠨᠤᠭᠤᠭᠠᠨ ᠤ ᠪᠦᠳᠦᠭᠡᠭᠳᠡᠬᠦᠨ ᠤ ᠰᠠᠭᠤᠷᠢᠨ ᠭᠠᠵᠠᠷ ᠪᠤᠯᠤᠨ᠎ᠠ᠃      11 ᠰᠠᠷ᠎ᠠ ᠶᠢᠨ 2 ᠤ ᠡᠳᠦᠷ᠂ ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠤᠨ ᠪᠦᠯᠦᠭᠯᠡᠯ ᠤᠨ ᠦᠬᠠᠢ ᠶᠢᠨ ᠬᠤᠪᠢᠶᠠᠷᠢ ᠲᠡᠯᠭᠡᠭᠦᠷ ᠤᠨ ᠶᠡᠷᠦᠩᠭᠡᠶᠢᠯᠡᠭᠰᠡᠨ ᠡᠵᠡᠩᠨᠡᠯᠳᠡ ᠶᠢᠨ ᠠᠰᠠᠷ ᠡᠷᠦᠭᠡ ᠪᠠᠨ ᠰᠡᠭᠦᠭᠡᠪᠡ᠃ ᠲᠤᠰ ᠨᠤᠮ ᠤᠨ ᠲᠡᠯᠭᠡᠭᠦᠷ ᠨᠢ ᠦᠬᠠᠢ ᠬᠤᠳᠠ ᠶᠢᠨ ᠲᠦᠷᠦᠯ ᠵᠦᠢᠯ ᠢᠶᠠᠷ ᠬᠠᠮᠤᠭ ᠤᠯᠠᠨ᠂ ᠡᠵᠡᠩᠨᠡᠯᠳᠡ ᠶᠢᠨ ᠲᠠᠯᠠᠪᠠᠢ ᠪᠠᠷ ᠬᠠᠮᠤᠭ ᠲᠤᠮᠤ ᠤᠯᠤᠰ ᠤᠨ ᠡᠵᠡᠩᠨᠡᠯᠳᠦ ᠨᠤᠮ ᠤᠨ ᠲᠡᠯᠭᠡᠭᠦᠷ ᠪᠤᠯᠤᠨ᠎ᠠ᠃      11 ᠰᠠᠷ᠎ᠠ ᠶᠢᠨ 18 ᠤ ᠡᠳᠦᠷ᠂ ᠦᠬᠠᠢ ᠶᠢᠨ ᠾᠧᠯᠤᠷᠳᠦ ᠱᠦᠯᠳᠦ ᠶᠢᠨ ᠢᠨᠵᠧᠨᠧᠷᠢᠩ ᠤᠨ 9 ᠲᠦᠮᠡᠨ ᠲᠤᠨ ᠴᠠᠬᠢᠯᠠᠭᠤᠷ ᠴᠢᠯᠠᠭᠤᠨ ᠤ ᠲᠦᠷᠦᠯ ᠵᠦᠢᠯ ᠤᠨ ᠪᠠᠷᠢᠯᠭ᠎ᠠ ᠡᠬᠢᠯᠡᠵᠡᠢ᠂ ᠲᠤᠰ ᠲᠦᠷᠦᠯ ᠤᠨ ᠪᠠᠷᠢᠯᠭ᠎ᠠ ᠳᠤ ᠨᠡᠶᠢᠳᠡ 2.1 ᠳ᠋ᠦᠩᠰᠢᠭᠤᠷ ᠲᠦᠭᠦᠷᠢᠭ ᠤᠨ ᠪᠡᠯᠡ ᠤᠷᠤᠭᠤᠯᠵᠤ᠂ ᠠᠰᠢᠭᠯᠠᠯᠳᠠ ᠳᠤ ᠤᠷᠤᠭᠰᠠᠨ ᠤ ᠲᠠᠷᠠᠭ᠎ᠠ ᠵᠢᠯ ᠤᠨ ᠪᠤᠷᠤᠯᠠᠭᠤᠯᠤᠯᠳᠠ ᠶᠢᠨ ᠤᠷᠤᠯᠭ᠎ᠠ 1.6 ᠳ᠋ᠦᠩᠰᠢᠭᠤᠷ ᠲᠦᠭᠦᠷᠢᠭ᠂ ᠭᠠᠶᠢᠯᠢ ᠶᠢᠨ ᠤᠷᠤᠯᠭ᠎ᠠ 6 100 ᠲᠦᠮᠡᠨ ᠲᠦᠭᠦᠷᠢᠭ ᠢ ᠪᠡᠶᠡᠯᠡᠬᠦᠯᠵᠤ᠂ ᠾᠧᠯᠤᠷᠳᠦ ᠱᠦᠯᠳᠦ ᠶᠢᠨ ᠢᠨᠵᠧᠨᠧᠷᠢᠩ ᠳᠤ ᠬᠦᠢᠴᠡᠳ ᠬᠠᠩᠭᠠᠯᠳᠠᠳᠠᠢ ᠰᠠᠶᠢᠨ ᠴᠢᠨᠠᠷ ᠤᠨ ᠴᠠᠬᠢᠯᠠᠭᠤᠷ ᠴᠢᠯᠠᠭᠤᠨ ᠤ ᠲᠦᠭᠦᠭᠡᠢ ᠡᠳ᠋ ᠬᠠᠩᠭᠠᠵᠤ ᠲᠡᠶᠢᠯᠦᠨ᠎ᠡ᠃ ᠮᠦᠨᠴᠦ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠡᠪᠴᠢᠶ᠎ᠡ ᠪᠠᠷ ᠬᠠᠮᠤᠭ ᠲᠤᠮᠤ᠂ ᠮᠡᠷᠭᠡᠵᠢᠯ ᠤᠷᠠᠯᠢᠭ ᠢᠶᠠᠷ ᠲᠠᠪᠰᠢᠭᠰᠠᠨ ᠴᠠᠬᠢᠯᠠᠭᠤᠷ ᠴᠢᠯᠠᠭᠤᠨ ᠤ ᠲᠦᠷᠦᠯ ᠵᠦᠢᠯ ᠪᠤᠯᠤᠨ᠎ᠠ᠃      11 ᠰᠠᠷ᠎ᠠ ᠶᠢᠨ 23 ᠤ ᠡᠳᠦᠷ᠂ ᠦᠬᠠᠢ ᠬᠤᠳᠠ ᠶᠢᠨ ᠬᠠᠶᠢᠨᠠᠨ ᠲᠤᠭᠤᠷᠢᠭ ᠤᠨ ᠯᠤᠭᠰᠢᠳᠠᠷ ᠪᠠᠯᠭᠠᠰᠤ ᠫᠠᠶᠢᠰᠠ ᠡᠯᠬᠦᠨ ᠪᠠᠶᠢᠭᠤᠯᠤᠭᠳᠠᠪᠠ᠃ ᠪᠠᠯᠭᠠᠰᠤᠨ ᠳᠤ ᠰᠠᠭᠤᠵᠤ ᠪᠠᠶᠢᠭ᠎ᠠ ᠲᠤᠮᠳᠠ ᠬᠡᠯᠪᠡᠷᠢ ᠶᠢᠨ ᠠᠵᠤ ᠠᠬᠤᠶᠢᠯᠠᠯ ᠠᠴᠠ ᠭᠠᠳᠠᠨ᠎ᠠ᠂ ᠰᠢᠶᠠᠩ ᠪᠠᠯᠭᠠᠰᠤᠨ ᠤ ᠠᠵᠤ ᠠᠬᠤᠶᠢᠯᠠᠯ 18 ᠡᠷᠦᠭᠡ ᠪᠠᠶᠢᠵᠤ᠂ ︽ᠬᠤᠶᠠᠷ ᠡᠷᠦᠭᠡ ︵ᠲᠠᠷᠢᠶᠠᠴᠢᠨ ᠪᠠ ᠲᠡᠷᠢᠶᠠᠴᠢᠨ ᠪᠤᠰᠤ︶︾ ᠶᠢᠨ ᠬᠦᠮᠦᠨ ᠠᠮᠠ 1233 ᠪᠠᠶᠢᠵᠤ᠂ ᠪᠦᠬᠦ ᠬᠦᠮᠦᠨ ᠠᠮᠠ 1.5 ᠲᠦᠮᠡ ᠪᠤᠢ᠂ ᠨᠢᠭᠡᠨ ᠠᠭᠤᠷᠬᠠᠢ ᠶᠢᠨ ᠡᠬᠢ ᠪᠠᠶᠠᠯᠢᠭ ᠲᠦᠪᠯᠡᠷᠡᠭᠰᠡᠨ ᠭᠠᠵᠠᠷ ᠤᠷᠤᠨ ᠪᠤᠯᠤᠨ᠎ᠠ᠃      11 ᠰᠠᠷ᠎ᠠ ᠶᠢᠨ 23~ 24 ᠤ ᠡᠳᠦᠷ᠂ ᠬᠤᠯᠠᠨᠳ᠋ ᠶᠢᠨ ᠤᠷᠴᠢᠨ ᠲᠤᠭᠤᠷᠢᠨ ᠪᠠ ᠠᠯᠤᠰ ᠡᠵᠡᠮᠰᠢᠭᠦᠷ ︵ᠰᠡᠷᠡᠯ︶ ᠺᠤᠮᠫᠠᠨᠢ ᠶᠢᠨ ᠶᠡᠷᠦᠩᠬᠡᠢ ᠲᠠᠭᠠᠭᠠᠮᠠᠯ ᠿᠦᠳᠧᠯᠢ᠂ ᠳ᠋ᠤᠺᠲ᠋ᠤᠷ ᠠᠲ᠋ᠦ᠋᠂ ᠬᠤᠯᠠᠨᠳ᠋ ᠶᠢᠨ ᠭᠠᠵᠠᠷ ᠰᠢᠨᠵᠢᠯᠡᠭᠡᠨ ᠤ ᠪᠠᠶᠢᠴᠠᠭᠠᠬᠤ ᠲᠤᠪᠴᠢᠶᠠᠨ ᠤ ᠳ᠋ᠤᠺᠲ᠋ᠤᠷ ᠬᠠᠹᠤᠸ᠋᠂ ᠬᠤᠯᠠᠨᠳ᠋ ᠶᠢᠨ ᠤᠯᠠᠨ ᠤᠯᠤᠰ ᠤᠨ ᠰᠠᠨᠰᠠᠷ ᠠᠭᠠᠷ ᠤᠨ ᠠᠶᠠᠯᠠᠯ ᠤᠨ ᠬᠡᠮᠵᠢᠯᠳᠡ ᠬᠢᠭᠡᠳ ᠲᠡᠯᠡᠬᠡᠢ ᠶᠢᠨ ᠪᠦᠮᠪᠦᠷᠴᠡᠭ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠳ᠋ᠤᠺᠲ᠋ᠤᠷ ᠸᠧᠢᠺᠧᠳᠢ ᠨᠠᠷ ᠪᠡᠭᠡᠵᠢᠩ ᠤᠨ ᠭᠠᠵᠠᠷ ᠰᠢᠷᠦᠢ ᠡᠬᠢ ᠪᠠᠶᠠᠯᠢᠭ ᠤᠨ ᠠᠯᠤᠰ ᠡᠵᠡᠮᠰᠢᠭᠦᠷ ᠺᠤᠮᠫᠠᠨᠢ ᠶᠢᠨ ᠤᠷᠢᠯᠭ᠎ᠠ ᠪᠠᠷ ᠤᠳᠠ ᠶᠢᠨ ᠠᠭᠤᠷᠬᠠᠢ ᠶᠢᠨ ᠶᠠᠪᠤᠳᠠᠯ ᠤᠨ ᠲᠤᠪᠴᠢᠶᠠᠨ ᠳᠤ ᠢᠷᠡᠵᠦ᠂ ᠤᠳᠠ ᠶᠢᠨ ᠭᠠᠵᠠᠷ ᠲᠤᠤᠷᠠᠬᠢ ᠨᠡᠭᠦᠷᠡᠰᠦᠨ ᠤ ᠰᠢᠳᠠᠵᠤ ᠪᠠᠶᠢᠭ᠎ᠠ ᠪᠠᠶᠢᠳᠠᠯ ᠳᠤ ᠰᠢᠨᠵᠢᠯᠡᠯᠳᠡ ᠬᠢᠵᠦ᠂ ᠭᠠᠯ ᠤᠨᠳᠠᠷᠭᠠᠬᠤ ᠢᠨᠵᠧᠨᠧᠷᠢᠩ ᠢ ᠬᠠᠮᠳᠤᠷᠠᠨ ᠬᠢᠬᠦ ᠵᠤᠷᠢᠯᠳᠠ ᠲᠣᠭᠲᠠᠭᠠᠵᠠᠢ᠃      11 ᠰᠠᠷ᠎ᠠ ᠶᠢᠨ 30 ᠤ ᠡᠳᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠷᠤᠭᠤᠯᠵᠤ ᠭᠠᠷᠭᠠᠬᠤ ᠬᠢᠨᠠᠨ ︵ᠰᠢᠯᠭᠠᠨ︶ ᠪᠠᠶᠢᠴᠠᠭᠠᠬᠤ ᠲᠤᠪᠴᠢᠶ᠋ᠶᠠᠨ ᠤ ᠦᠬᠠᠢ ᠳᠠᠬᠢ ᠬᠡᠷᠡᠭ ᠡᠷᠭᠢᠯᠡᠬᠦ ᠵᠦᠪᠯᠡᠯ ᠫᠠᠶᠢᠰᠠ ᠡᠯᠬᠦᠨ ᠪᠠᠶᠢᠭᠤᠯᠤᠭᠳᠠᠪᠠ᠃ ᠡᠨᠡ ᠨᠢ ᠠᠷᠠᠯᠵᠢᠶᠠᠨ ᠤ ᠬᠢᠨᠠᠨ ᠪᠠᠶᠢᠴᠠᠭᠠᠯᠳᠠ᠂ ᠠᠮᠢᠳᠠᠨ ᠤᠷᠭᠤᠮᠠᠯ ᠤᠨ ᠬᠢᠨᠠᠨ ᠪᠠᠶᠢᠴᠠᠭᠠᠯᠳᠠ᠂ ᠡᠷᠡᠭᠦᠯ ᠬᠠᠮᠠᠭᠠᠯᠠᠯ ᠤᠨ ᠬᠢᠨᠠᠨ ᠪᠠᠶᠢᠴᠠᠭᠠᠯᠳᠠ ᠵᠡᠷᠭᠡ 3 ᠰᠠᠯᠠᠭ᠎ᠠ ᠮᠦᠴᠢᠷ ᠠᠴᠠ ︽ᠭᠤᠷᠪᠠᠨ ᠬᠢᠨᠠᠯᠳᠠ ᠶᠢ ᠨᠢᠭᠡᠳᠭᠡᠭᠰᠡᠨ︾ ᠬᠢᠨᠠᠨ ᠪᠠᠶᠢᠴᠠᠭᠠᠯᠳᠠ᠂ ᠬᠢᠵᠢᠭ ᠤᠨ ᠬᠢᠨᠠᠨ ᠪᠠᠶᠢᠴᠠᠭᠠᠯᠳᠠ ᠶᠢᠨ ᠰᠠᠯᠠᠭ᠎ᠠ ᠮᠦᠴᠢᠷ ᠪᠤᠯᠤᠨ᠎ᠠ᠃      12 ᠰᠠᠷ᠎ᠠ ᠶᠢᠨ 1 ᠤ ᠡᠳᠦᠷ᠂ ᠦᠬᠠᠢ ᠬᠤᠳᠠ ᠶᠢᠨ ᠨᠡᠭᠦᠷᠡᠰᠦ ᠬᠡᠦᠷᠡᠰᠦᠨ ᠤ ᠦᠢᠯᠡᠳᠪᠦᠷᠢ ᠲᠦᠷᠢᠮ ᠤᠨ ᠦᠭᠡᠷᠡᠴᠢᠯᠡᠯᠳᠡ ᠬᠢᠵᠦ᠂ ᠦᠪᠦᠷ ᠮᠤᠩᠭᠤᠯ ᠤᠨ ᠦᠬᠠᠢ ᠶᠢᠨ ᠬᠤᠸᠠ ᠰᠢ ᠬᠡᠦᠷᠡᠰᠦ ᠦᠢᠯᠡᠳᠪᠦᠷᠢᠯᠡᠬᠦ ᠬᠢᠵᠠᠭᠠᠷᠳᠤ ᠺᠤᠮᠫᠠᠨᠢ ᠬᠡᠵᠦ ᠦᠬᠡᠷᠡᠴᠢᠯᠡᠪᠡ᠃      12 ᠰᠠᠷ᠎ᠠ ᠶᠢᠨ 5 ᠤ ᠡᠳᠦᠷ᠂ ᠦᠬᠠᠢ ᠬᠤᠳᠠ ᠶᠢᠨ ᠭᠤᠤᠯᠳᠠᠯᠭᠠᠳᠤ ᠪᠦᠳᠦᠭᠡᠨ ᠪᠠᠶᠢᠭᠤᠯᠤᠯᠳᠠ ᠶᠢᠨ ᠲᠦᠷᠦᠯ ᠵᠦᠢᠯ— ᠦᠬᠠᠢ ᠶᠢᠨ ᠢᠯᠴᠢ ᠴᠠᠭᠢᠯᠭᠠᠨ ᠤ ᠢᠨᠵᠧᠨᠧᠷᠢᠩ ᠪᠠᠷᠢᠯᠭ᠎ᠠ ᠡᠬᠢᠯᠡᠬᠦᠯᠵᠡᠢ᠂ ᠲᠤᠰ ᠢᠨᠵᠧᠨᠧᠷᠢᠩ ᠨᠢ ᠨᠡᠶᠢᠳᠡ 5800 ᠲᠦᠮᠡᠨ ᠲᠦᠭᠦᠷᠢᠭ ᠪᠡᠯᠡ ᠶᠢ ᠦᠪᠡᠷᠰᠡᠳ ᠢᠶᠠᠨ ᠴᠤᠭᠯᠠᠭᠤᠯᠵᠤ ᠤᠷᠤᠭᠤᠯᠤᠨ᠎ᠠ᠃ ᠢᠯᠴᠢ ᠶᠢᠨ ᠲᠤᠤᠷ ᠤᠨ ᠪᠦᠬᠦ ᠤᠷᠳᠤ ᠨᠢ 14.4 ᠺᠢᠯᠦᠮᠧᠲᠷ᠂ ᠭᠤᠤᠯ ᠱᠤᠭᠤᠮ ᠨᠢ 5.3 ᠺᠢᠯᠦᠮᠧᠲᠷ᠂ ᠢᠯᠴᠢ ᠬᠠᠩᠭᠠᠬᠤ ᠦᠷᠳᠡᠭᠡ18 ᠪᠠᠶᠢᠵᠤ᠂ ᠪᠦᠬᠦᠨ ᠢ ᠠᠦ᠋ᠲ᠋ᠤ᠋ ᠡᠵᠡᠮᠰᠢᠬᠦᠷ ᠢᠶᠠᠷ ᠡᠵᠡᠮᠳᠡᠬᠦ ᠪᠤᠯᠤᠨ᠎ᠠ᠃ ᠪᠠᠷᠢᠯᠭ᠎ᠠ ᠲᠠᠭᠤᠰᠤᠭᠰᠠᠨ ᠤ ᠲᠠᠷᠠᠭ᠎ᠠ᠂ 240 ᠲᠦᠮᠡᠨ ᠲᠡᠭᠰᠢ ᠲᠦᠷᠪᠡᠯᠵᠢᠨ ᠮᠧᠲᠷ ᠤᠨ ᠲᠤᠯᠠᠭᠠᠯᠭ᠎ᠠ ᠬᠠᠩᠭᠠᠵᠤ᠂ ᠵᠢᠯ ᠳᠤ 6120 ᠲᠤᠨ ᠭᠥᠭᠦᠷ ᠤᠨ ᠳᠠᠪᠬᠤᠷ ᠢᠰᠤᠯ ᠢ ᠭᠠᠳᠠᠭᠰᠢᠯᠠᠭᠤᠯᠬᠤ ᠬᠡᠮᠵᠢᠶ᠎ᠡ ᠬᠢᠭᠡᠳ ᠠᠭᠠᠷ ᠮᠠᠨᠳᠠᠯ ᠳᠠᠬᠢ ᠬᠦᠪᠦᠮᠡᠯ ᠮᠦᠬᠦᠯᠢᠭᠳᠦ ᠪᠤᠳᠠᠰ ᠢ ᠬᠢᠵᠠᠭᠠᠷᠯᠠᠵᠤ ᠴᠢᠳᠠᠨ᠎ᠠ᠃      12 ᠰᠠᠷ᠎ᠠ ᠶᠢᠨ 13~ 14 ᠤ ᠡᠳᠦᠷ᠂ ᠦᠬᠠᠢ ᠬᠤᠳᠠ ᠴᠠᠭᠢᠯᠭᠠᠨ ᠲᠠᠷᠤᠯᠳᠠ ᠶᠢᠨ ᠲᠡᠰ ᠬᠠᠮᠤᠭ ᠦᠨᠳᠦᠷ ᠴᠠᠭᠢᠯᠭᠠᠨ ᠦᠷᠳᠡᠭᠡ— ᠬᠠᠶᠢᠷᠤᠪ ᠤᠨ ᠲᠤᠬᠤᠢ ᠶᠢᠨ ᠶᠡᠭᠡ 220 ᠺᠢᠯᠤᠸᠤᠯᠲ ᠶᠢᠨ ᠴᠠᠭᠢᠯᠭᠠᠨ ᠦᠷᠳᠡᠭᠡ ᠠᠰᠢᠭᠯᠠᠯᠳᠠ ᠳᠤ ᠤᠷᠤᠪᠠ᠃ ᠴᠠᠭᠢᠯᠭᠠᠨ ᠦᠷᠲᠡᠭᠡᠨ ᠤ ᠡᠵᠡᠯᠡᠬᠦ ᠲᠠᠯᠠᠪᠠᠢ ᠨᠢ 32 938 ᠲᠡᠭᠰᠢ ᠲᠦᠷᠪᠡᠯᠵᠢᠨ ᠮᠧᠲᠷ᠂ ᠦᠬᠠᠢ ᠶᠢᠨ ᠬᠤᠳᠠ ᠶᠢᠨ ᠲᠤᠤᠷ ᠤᠨ ᠦᠬᠡᠷᠡᠴᠢᠯᠡᠯᠳᠡ ᠶᠢᠨ ᠢᠨᠵᠧᠨᠧᠷᠢᠩ ᠤᠨ ᠲᠦᠷᠦᠯ ᠵᠦᠢᠯ ᠳᠤ ᠪᠠᠭᠳᠠᠵᠤ᠂ ᠪᠠᠷᠤᠭᠴᠠᠭᠠᠯᠠᠪᠠᠯ 4 993 ᠲᠦᠮᠡᠨ ᠲᠦᠭᠦᠷᠢᠭ ᠪᠡᠯᠡ ᠤᠷᠤᠭᠤᠯᠤᠨ᠎ᠠ᠃ ᠦᠪᠦᠷ ᠮᠤᠩᠭᠤᠯ ᠤᠨ ᠪᠠᠷᠠᠭᠤᠨ ᠬᠡᠰᠡᠭ ᠤᠨ ᠴᠠᠭᠢᠯᠭᠠᠨ ᠲᠤᠤᠷ ᠤᠨ ᠨᠢᠭᠡᠳᠦᠭᠡᠷ ᠰᠠᠦᠷᠢ ᠶᠡᠷᠦᠩᠭᠡᠶᠢᠯᠡᠭᠰᠡᠨ ᠬᠡᠯᠪᠡᠷᠢ ᠶᠢᠨ ᠠᠦ᠋ᠲ᠋ᠦᠴᠢᠯᠠᠭᠰᠠᠨ ᠰᠢᠰᠲ᠋ᠧᠮ ᠤᠨ ᠴᠠᠭᠢᠯᠭᠠᠨ ᠦᠷᠳᠡᠭᠡ ᠪᠤᠯᠤᠨ᠎ᠠ᠃      12 ᠰᠠᠷ᠎ᠠ ᠶᠢᠨ 18 ᠤ ᠡᠳᠦᠷ᠂ ᠦᠬᠠᠢ ᠬᠤᠳᠠ ᠶᠢᠨ ᠰᠢᠦᠳᠠᠨ ᠲᠤᠪᠴᠢᠶᠠᠨ ᠤ ᠭᠤᠷᠪᠠᠨ ᠲᠡᠰ ᠤᠨ ᠰᠢᠦᠳᠠᠨ ᠶᠠᠪᠤᠳᠠᠯ ᠰᠢᠢᠳᠪᠦᠷᠢᠯᠡᠬᠦ ᠲᠦᠪ ᠤᠨ ᠶᠡᠭᠡ ᠠᠰᠠᠷ ᠠᠰᠢᠭᠯᠠᠯᠳᠠ ᠳᠤ ᠤᠷᠤᠪᠠ᠃ ᠲᠤᠰ ᠲᠦᠪ ᠤᠨ ᠡᠵᠡᠯᠡᠬᠦ ᠲᠠᠯᠠᠪᠠᠢ ᠨᠢ 2 717 ᠲᠡᠭᠰᠢ ᠲᠦᠷᠪᠡᠯᠵᠢᠨ ᠮᠧᠲᠷ᠂ ᠪᠠᠷᠢᠯᠭ᠎ᠠ ᠶᠢᠨ ᠲᠠᠯᠠᠪᠠᠢ ᠨᠢ 13 496 ᠲᠡᠭᠰᠢ ᠲᠦᠷᠪᠡᠯᠵᠢᠨ ᠮᠧᠲᠷ᠂ ᠰᠢᠦᠳᠠᠨ ᠶᠡᠭᠡ ᠠᠰᠠᠷ ᠤᠨ ᠭᠤᠤᠯ ᠴᠤᠭᠴᠠ ᠨᠢ 10 ᠲᠡᠭᠳᠡᠷ᠂ ᠦᠨᠳᠦᠷ ᠢᠶᠠᠷ ᠢᠶᠠᠨ 41.9 ᠮᠧᠲᠷ᠂ ᠨᠡᠶᠢᠳᠡ 3 000 ᠤᠷᠴᠢᠮ ᠲᠦᠮᠡᠨ ᠲᠦᠭᠦᠷᠢᠭ ᠤᠨ ᠪᠡᠯᠡ ᠤᠷᠤᠭᠤᠯᠵᠠᠢ᠃      12 ᠰᠠᠷ᠎ᠠ ᠶᠢᠨ 28 ᠤ ᠡᠳᠦᠷ᠂ ᠲᠡᠯᠡᠬᠡᠢ ᠶᠢᠨ ᠲᠠᠪᠰᠢᠭᠰᠠᠨ ᠮᠡᠷᠭᠡᠵᠢᠯ ᠲᠠᠢ᠂ ᠤᠯᠠᠨ ᠲᠦᠷᠦᠯ ᠤᠨ ᠲᠤᠰᠬᠠᠢ ᠠᠰᠢᠭ ᠤᠨ ᠮᠡᠷᠭᠡᠵᠢᠯ ᠤᠯᠤᠭᠰᠠᠨ ᠪᠤᠯᠤ ᠵᠠᠮ ᠤᠨ ᠰᠢᠯᠤᠭᠤᠨ ᠨᠤᠭᠤᠯᠤᠭᠠᠳᠤ ᠠᠶᠤᠯᠬᠦᠢ ᠰᠢᠯ ᠦᠢᠯᠡᠳᠪᠦᠷᠢᠯᠡᠬᠦ ᠱᠤᠭᠤᠮ᠂ ᠬᠠᠢ ᠵᠢᠩ ᠰᠢᠯ ᠤᠨ ᠦᠢᠯᠡᠳᠪᠦᠷᠢ ᠶᠢᠨ ᠪᠦᠯᠦᠭᠯᠡᠯᠳᠦ ᠺᠤᠮᠫᠠᠨᠢ ᠶᠢᠨ ᠬᠦᠦ ᠺᠤᠮᠫᠠᠨᠢ— ᠬᠠᠢ ᠵᠢᠶᠠ ᠠᠶᠤᠯᠬᠦᠢ ᠰᠢᠯ ᠤᠨ ᠬᠠᠷᠢᠭᠤᠴᠠᠯᠭᠠᠳᠤ ᠬᠢᠵᠠᠭᠠᠷᠳᠤ ᠺᠤᠮᠫᠠᠨᠢ ᠪᠠᠷᠢᠯᠭ᠎ᠠ ᠡᠬᠢᠯᠡᠬᠦᠯᠵᠡᠢ᠂ ᠲᠣᠰ ᠪᠠᠷᠢᠯᠭ᠎ᠠ ᠪᠤᠯ ᠪᠠᠷᠠᠭᠤᠨ ᠬᠤᠶᠢᠳᠦ ᠤᠷᠤᠨ ᠤ ᠴᠣᠷ ᠤᠨ ᠭᠠᠭᠴᠠ ᠲᠤᠰ ᠬᠡᠯᠪᠡᠷᠢ ᠶᠢᠨ ᠦᠢᠯᠡᠳᠪᠦᠷᠢᠯᠡᠬᠦ ᠱᠤᠭᠤᠮ ᠪᠤᠯᠤᠨ᠎ᠠ᠂ 500 ᠲᠦᠮᠡᠨ ᠲᠦᠭᠦᠷᠢᠭ ᠤᠨ ᠪᠡᠯᠡ ᠤᠷᠤᠭᠤᠯᠵᠦ᠂ ᠠᠶᠤᠯᠬᠦᠢ ᠰᠢᠯ ᠤᠨ ᠰᠢᠷᠢᠰ ᠪᠦᠳᠦᠭᠡᠭᠳᠡᠭᠦᠨ ᠬᠢᠭᠡᠳ ᠬᠦᠨᠳᠡᠢ ᠲᠠᠢ ᠰᠢᠯ᠂ ᠳᠠᠪᠬᠤᠷ ᠰᠢᠯ᠂ ᠰᠡᠶᠢᠯᠦᠮᠡᠯ ᠪᠦᠳᠠᠬᠢ ᠰᠢᠯ ᠵᠡᠷᠭᠡ ᠶᠢ ᠦᠢᠯᠡᠳᠪᠦᠷᠢᠯᠡᠳᠡᠭ᠃      12 ᠰᠠᠷ᠎ᠠ ᠶᠢᠨ 28 ᠡᠳᠦᠷ᠂ ᠲᠠᠯ᠎ᠠ ᠨᠤᠳᠤᠭ ᠱᠦᠢᠨᠢ ᠶᠢᠨ ᠬᠤᠪᠢ ᠤᠷᠤᠭᠤᠯᠤᠭᠰᠠᠨ ᠬᠢᠵᠠᠭᠠᠷᠳᠤ ᠺᠤᠮᠫᠠᠨᠢ ᠶᠢᠨ ᠦᠯᠡᠭᠦᠦ ᠢᠯᠴᠢ ᠪᠠᠷ ᠴᠠᠭᠢᠯᠭᠠᠨ ᠭᠠᠷᠭᠠᠬᠤ ᠪᠠᠷᠢᠯᠭ᠎ᠠ ᠶᠢᠨ ᠨᠡᠶᠢᠯᠡᠬᠦᠯᠦᠨ ᠬᠦᠳᠡᠯᠭᠡᠬᠦ ᠲᠡᠷᠭᠡ ᠶᠢᠨ ᠲᠤᠷᠰᠢᠯᠳᠠ ᠠᠮᠵᠢᠯᠳᠠ ᠤᠯᠵᠠᠢ᠃ ᠪᠠᠷᠢᠯᠭ᠎ᠠ ᠨᠢ 3×6 000 ᠺᠢᠯᠦᠸ᠋ᠲ ᠶᠢᠨ ᠮᠠᠰᠢᠨ ᠲᠤᠭᠤᠶᠢᠯᠠᠪᠤᠷᠢ ᠪᠠᠷ ᠴᠠᠭᠢᠯᠭᠠᠨ ᠭᠠᠷᠭᠠᠵᠤ᠂ ᠠᠵᠢᠯᠯᠠᠬᠤ ᠰᠢᠰᠲ᠋ᠧᠮ ᠨᠢ ᠠᠦ᠋ᠲ᠋ᠦᠴᠢᠯᠠᠭᠰᠠᠨ ᠺᠤᠮᠫᠢᠦᠲ᠋ᠧᠷ ᠢᠶᠠᠷ ᠬᠢᠨᠡᠨ ᠡᠵᠡᠮᠳᠡᠬᠦ ᠶᠢ ᠪᠡᠶᠡᠯᠡᠬᠦᠯᠵᠡᠢ᠂ ᠨᠡᠶᠢᠳᠡ 8 000 ᠲᠦᠮᠡᠨ ᠲᠦᠭᠦᠷᠢᠭ ᠤᠨ ᠪᠡᠯᠡ ᠤᠷᠤᠭᠤᠯᠵᠦ᠂ ᠲᠤᠨ ᠪᠦᠷᠢ ᠶᠢᠨ ᠱᠦᠢᠨᠢ ᠶᠢᠨ ᠦᠪᠡᠷ ᠤᠨ ᠦᠷᠳᠡᠭ ᠢ 30 ᠲᠦᠭᠦᠷᠢᠭ ᠤᠷᠴᠢᠮ ᠪᠠᠭᠤᠷᠠᠭᠤᠯᠵᠤ᠂ ᠵᠢᠯ ᠪᠦᠷᠢ 2 000 ᠭᠠᠷᠦᠢ ᠲᠦᠮᠡᠨ ᠲᠦᠭᠦᠷᠢᠭ ᠤᠨ ᠴᠠᠭᠢᠯᠭᠠᠨ ᠰᠦᠢᠳᠭᠡᠯ ᠠᠷᠪᠢᠯᠡᠵᠦ᠂ 12 ᠲᠦᠮᠡᠨ ᠲᠡᠭᠰᠢ ᠲᠦᠷᠪᠡᠯᠵᠢᠨ ᠮᠧᠲᠷ ᠤᠨ ᠲᠡᠯᠡᠪᠡᠢ ᠶᠢᠨ ᠦᠢᠯᠡᠳᠪᠦᠷᠢᠯᠡᠯ ᠪᠠ ᠠᠨᠮᠢᠳᠤᠷᠠᠯ ᠤᠨ ᠲᠤᠯᠠᠭᠠᠠᠯᠭ᠎ᠠ ᠶᠢ ᠬᠠᠩᠭᠠᠵᠤ ᠲᠡᠶᠢᠯᠬᠦ ᠪᠤᠯᠵᠠᠢ᠃      12 ᠰᠠᠷ᠎ᠠ᠂ ᠬᠠᠰᠪᠠᠭᠠᠨ᠎ᠠ ᠲᠤᠮᠳᠠᠳᠤ ᠤᠯᠤᠰ ᠤᠨ ᠡᠪ ᠬᠠᠮᠳᠤ ᠨᠠᠮ ᠤᠨ ᠦᠬᠠᠢ ᠬᠤᠳᠠ ᠶᠢᠨ ᠬᠤᠷᠢᠶ᠎ᠠ ᠶᠢᠨ ᠱᠦᠵᠢ ᠪᠠᠷ ᠰᠤᠩᠭᠤᠭᠳᠠᠪᠠ᠃      1999 ᠤᠨ ᠳᠤ᠂ ᠦᠬᠠᠢ ᠬᠤᠳᠠ ᠶᠢᠨ ᠬᠠᠶᠢᠷᠤᠪ ᠤᠨ ᠲᠤᠬᠤᠢ ᠲᠤᠭᠤᠷᠢᠭ ᠤᠨ ᠰᠠᠭᠤᠭᠠᠯᠢ ᠠᠷᠠᠳ ᠦᠪᠡᠷ ᠢᠶᠠᠨ ᠪᠡᠯᠡ ᠴᠤᠭᠯᠠᠭᠤᠯᠵᠤ᠂ ᠦᠨᠳᠦᠷ ᠪᠠᠷᠢᠮᠵᠢᠶᠠᠨ ᠤ ᠤᠰᠤ ᠪᠠᠷ ᠶᠠᠪᠤᠭᠤᠯᠬᠤ ᠵᠤᠷᠯᠤᠩ 7 ᠪᠠᠶᠢᠭᠤᠯᠵᠤ᠂ 9 ᠨᠡᠷᠡᠰ ᠠᠵᠢᠯ ᠠᠯᠳᠠᠭᠰᠠᠳ ᠲᠤ ᠠᠵᠢᠯ ᠣᠯᠭᠤᠵᠠᠢ᠃
 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号