1 ᠰᠠᠷ᠎ᠠ ᠶᠢᠨ 9 ᠤ ᠡᠳᠦᠷ ᠤᠨ ᠦᠳᠡ ᠶᠢᠨ ᠬᠤᠶᠢᠨ᠎ᠠ᠂ ᠦᠬᠠᠢ ᠬᠤᠳᠠ ᠶᠢᠨ ᠠᠷᠪᠠᠳᠤᠭᠠᠷ | ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠣᠳᠠᠭᠠᠨ ᠤ ᠬᠤᠷᠠᠯ ᠤᠨ | ᠭᠤᠷᠪᠠᠳᠤᠭᠠᠷ ᠪᠦᠬᠦᠳᠡ ᠬᠤᠷᠠᠯ ᠬᠤᠷᠠᠯᠳᠤᠪᠠ᠃ | ᠲᠡᠷᠢᠭᠦᠯᠡᠭᠴᠢᠳ ᠤᠨ ᠪᠦᠯᠬᠦᠮ ᠤᠨ ᠪᠠᠶᠢᠩᠭᠤ ᠶᠢᠨ ᠲᠡᠷᠢᠭᠦᠯᠡᠭᠴᠢ᠂ ᠶᠡᠭᠡ ᠬᠤᠷᠠᠯ ᠤᠨ ᠭᠦᠢᠴᠡᠳᠬᠡᠭᠴᠢ | ᠲᠡᠷᠢᠭᠦᠯᠡᠭᠴᠢ ᠵᠧᠦ ᠶᠢᠨ ᠰᠢᠩ ᠬᠤᠷᠠᠯ ᠡᠷᠬᠢᠯᠡᠪᠡ᠃ | ᠦᠬᠠᠢ ᠬᠤᠳᠠ ᠶᠢᠨ ᠠᠷᠪᠠᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠲᠠᠪᠤᠳᠤᠭᠠᠷ ᠣᠳᠠᠭᠠᠨ ᠤ ᠬᠤᠷᠠᠯ ᠳᠤ ᠣᠷᠣᠯᠴᠠᠬᠤ ᠶᠣᠰᠣᠲᠠᠢ ᠲᠥᠯᠥᠭᠡᠯᠡᠭᠴᠢ 242 ᠬᠥᠮᠦᠨ᠂ ᠲᠤᠰ ᠣᠳᠠᠭᠠᠨ ᠤ | ᠪᠦᠬᠦᠳᠡ ᠬᠤᠷᠠᠯ ᠳᠤ ᠣᠷᠣᠯᠴᠠᠭᠰᠠᠨ ᠲᠥᠯᠥᠭᠡᠯᠡᠭᠴᠢ 222 ᠬᠥᠮᠦᠨ᠂ ᠬᠠᠤᠯᠢ ᠳᠤ ᠲᠣᠭᠲᠠᠭᠠᠭᠰᠠᠨ ᠬᠥᠮᠦᠨ ᠤ | ᠲᠤᠭ᠎ᠠ ᠳᠤ ᠨᠡᠶᠢᠴᠡᠪᠡ᠃ | ᠬᠤᠷᠠᠯ ᠠᠴᠠ ᠦᠬᠠᠢ ᠬᠤᠳᠠ ᠶᠢᠨ ᠠᠷᠪᠠᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠲᠠᠪᠤᠳᠤᠭᠠᠷ ᠣᠳᠠᠭᠠᠨ ᠤ ᠬᠤᠷᠠᠯ ᠤᠨ ᠶᠡᠷᠦᠩᠬᠡᠢ ᠪᠢᠯᠧᠲ ᠬᠢᠨᠠᠭᠴᠢ᠂ ᠳᠡᠳ᠋ ᠶᠡᠷᠦᠩᠬᠡᠢ ᠪᠢᠯᠧᠲ | ᠬᠢᠨᠠᠭᠴᠢ ᠪᠣᠯᠤᠨ ᠪᠢᠯᠧᠲ ᠬᠢᠨᠠᠭᠴᠢ ᠶᠢᠨ ᠨᠡᠷᠡᠰ ᠢ ᠪᠠᠲᠤᠯᠠᠪᠠ᠃ | ᠶᠡᠭᠡ ᠬᠤᠷᠠᠯ ᠠᠴᠠ ᠸᠠᠩ ᠶᠦᠨ ᠾᠧᠩ ᠢ ᠬᠤᠲᠠ ᠶᠢᠨ ᠬᠢᠨᠠᠨ ᠪᠠᠶᠢᠴᠠᠭᠠᠬᠤ ᠵᠥᠪᠯᠡᠯ ᠤᠨ ᠡᠷᠬᠢᠯᠡᠭᠴᠢ᠂ ᠵᠣᠣ | ᠯᠢᠶᠠᠩ ᠢ ᠬᠤᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶᠠᠨ ᠤ ᠳᠠᠷᠤᠭ᠎ᠠ ᠪᠠᠷ ᠰᠣᠩᠭᠤᠵᠤ᠂ ᠸᠠᠩ | ᠶᠢᠨ᠂ ᠵᠧᠤ ᠵᠣᠣ ᠬᠠᠶ᠂ ᠵᠣᠣ ᡁᠢ ᠶᠦᠩ᠂ ᠬᠤᠤ ᠭᠤᠸᠠᠨ ᠹᠧᠩ ᠢ ᠦᠬᠠᠶ ᠬᠤᠲᠠ ᠶᠢᠨ ᠠᠷᠪᠠᠳᠤᠭᠠᠷ | ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠭᠡᠰᠢᠭᠦᠨ ᠢᠶᠠᠷ | ᠰᠣᠩᠭᠤᠪᠠ᠃ | ᠰᠢᠨ᠎ᠡ ᠪᠠᠷ ᠰᠣᠩᠭᠤᠭᠳᠠᠭᠰᠠᠨ ᠬᠥᠮᠦᠰ ᠦᠨᠳᠦᠰᠦᠨ ᠬᠠᠤᠯᠢ ᠳᠤ ᠲᠠᠩᠭᠠᠷᠢᠭᠯᠠᠪᠠ᠃ |