1 ᠰᠠᠷ᠎ᠠ ᠶᠢᠨ 7 ᠤ ᠡᠳᠦᠷ ᠤᠨ ᠦᠳᠡ ᠶᠢᠨ ᠬᠤᠶᠢᠨ᠎ᠠ᠂ ᠬᠤᠳᠠ ᠶᠢᠨ ᠨᠠᠮ ᠤᠨ ᠬᠤᠷᠢᠶᠠᠨ ᠤ ᠱᠦᠵᠢ | ᠵᠧᠦ ᠶᠢᠨ ᠰᠢᠩ ᠬᠤᠳᠠ ᠶᠢᠨ ᠠᠷᠪᠠᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠲᠠᠪᠤᠳᠤᠭᠠᠷ ᠣᠳᠠᠭᠠᠨ ᠤ ᠬᠤᠷᠠᠯ ᠤᠨ ᠬᠠᠶᠢᠷᠤᠪ ᠤᠨ ᠲᠤᠬᠤᠢ ᠶᠢᠨ ᠲᠥᠯᠥᠭᠡᠯᠡᠭᠴᠢᠳ ᠤᠨ ᠪᠦᠯᠬᠦᠮ ᠳᠤ ᠬᠦᠷᠴᠦ᠂ | ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢᠳ ᠲᠠᠢ ᠬᠠᠮᠲᠤ ᠪᠠᠷ ᠵᠠᠰᠠᠭ ᠤᠨ ᠣᠷᠳᠣᠨ ᠤ | ᠠᠵᠢᠯ ᠤᠨ ᠢᠯᠡᠳᠬᠡᠯ᠂ ᠲᠥᠯᠥᠪᠯᠡᠭᠡ ᠪᠣᠯᠤᠨ ᠲᠥᠰᠦᠪ ᠤᠨ ᠮᠡᠳᠡᠭᠦᠯᠦᠯᠲᠡ ᠶᠢ ᠬᠢᠨᠠᠨ ᠵᠥᠪᠯᠡᠪᠡ᠃ | ᠬᠢᠨᠠᠨ ᠵᠥᠪᠯᠡᠬᠦ ᠶᠠᠪᠤᠴᠠ ᠳᠤ᠂ ᠲᠥᠯᠥᠭᠡᠯᠡᠭᠴᠢᠳ ᠢᠯᠡᠳᠭᠡᠯ ︵ᠮᠡᠳᠡᠭᠦᠯᠦᠯᠲᠡ︶ ᠤᠨ ᠠᠭᠤᠯᠭ᠎ᠠ ᠶᠢᠨ | ᠲᠣᠭᠤᠷᠢᠨ ᠳᠤ ᠥᠪᠡᠷ ᠥᠪᠡᠷ ᠤᠨ ᠠᠵᠢᠯ ᠤᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠲᠠᠨᠢᠯᠲᠠ ᠪᠠᠨ | ᠶᠠᠷᠢᠵᠤ ᠰᠠᠨᠠᠭᠤᠯᠭ᠎ᠠ ᠳᠤᠷᠠᠳᠪᠠ᠃ ᠵᠧᠦ ᠶᠢᠨ ᠰᠢᠩ ᠲᠥᠯᠥᠭᠡᠯᠡᠭᠴᠢᠳ ᠤᠨ ᠶᠠᠷᠢᠶ᠎ᠠ ᠶᠢ ᠨᠠᠷᠢᠨ ᠬᠢᠨᠠᠮᠠᠭᠠᠢ ᠰᠣᠨᠣᠰᠴᠤ᠂ | ᠤᠯᠠᠨ ᠲᠠᠢ ᠰᠠᠨᠠᠯ ᠢᠶᠠᠨ ᠭᠦᠨᠵᠡᠭᠡᠢ ᠰᠣᠯᠢᠯᠴᠠᠪᠠ᠃ ᠲᠡᠷᠡ ᠬᠡᠯᠡᠭᠰᠡᠨ ᠨᠢ᠂ ᠣᠳᠣᠬᠠᠨ ᠳᠤ᠂ ᠦᠬᠠᠢ ᠶᠠᠭ ᠡᠬᠢ | ᠪᠠᠶᠠᠯᠢᠭ ᠤᠨ ᠬᠡᠯᠪᠡᠷᠢ ᠶᠢᠨ ᠬᠤᠳᠠ ᠶᠢᠨ ᠬᠡᠯᠪᠡᠷᠢ ᠪᠠᠨ ᠬᠤᠪᠢᠷᠠᠭᠤᠯᠤᠨ ᠰᠢᠪᠲᠤᠯᠤᠯᠲᠠ ᠭᠠᠷᠭᠠᠬᠤ ᠵᠠᠩᠭᠢᠯᠠᠭ᠎ᠠ ᠶᠢᠨ | ᠴᠠᠭ ᠦᠶ᠎ᠡ ᠳᠤ ᠣᠷᠣᠰᠢᠵᠤ ᠪᠠᠶᠢᠨ᠎ᠠ᠂ ᠬᠠᠶᠢᠷᠤᠪ ᠤᠨ ᠲᠤᠬᠤᠢ ᠲᠣᠭᠤᠷᠢᠭ ᠨᠢ ᠭᠤᠣᠯ ᠬᠤᠳᠠ ᠶᠢᠨ ᠲᠣᠭᠤᠷᠢᠭ | ᠪᠣᠯᠤᠭᠰᠠᠨ ᠤ ᠬᠤᠪᠢ ᠳᠤ᠂ ᠡᠯ᠎ᠡ ᠵᠦᠢᠯ ᠤᠨ ᠦᠢᠯᠡᠰ ᠤᠨ ᠬᠥᠭᠵᠢᠯᠲᠡ ᠶᠢᠨ ᠳᠤᠮᠳᠠ ᠰᠠᠶᠢᠨ ᠰᠠᠶᠢᠬᠠᠨ ᠵᠢᠱᠢᠶ᠎ᠡ | ᠦᠵᠡᠭᠦᠯᠬᠦ ᠦᠢᠯᠡᠳᠦᠯ ᠢᠶᠠᠨ ᠪᠠᠳᠠᠷᠠᠭᠤᠯᠬᠤ ᠬᠡᠷᠡᠭᠲᠡᠢ᠃ ᠠᠵᠤ ᠠᠬᠤᠢ ᠶᠢ ᠬᠦᠴᠦᠯᠡᠨ ᠴᠢᠷᠮᠠᠶᠢᠵᠤ᠂ ᠨᠡᠮᠡᠭᠳᠡᠯ ᠢᠶᠠᠨ | ᠲᠣᠭᠲᠠᠪᠤᠷᠢᠵᠢᠭᠤᠯᠵᠤ᠂ ᠲᠦᠷᠦᠯ ᠵᠦᠢᠯ ᠢ ᠠᠳᠬᠤᠬᠤ᠂ ᠪᠡᠯᠡ ᠣᠷᠣᠭᠤᠯᠤᠯᠲᠠ ᠪᠠᠨ ᠥᠷᠭᠡᠳᠬᠡᠬᠦ᠂ ᠬᠡᠷᠡᠭᠯᠡᠭᠡ ᠶᠢ | ᠠᠬᠢᠭᠤᠯᠬᠤ ᠲᠠᠯ᠎ᠠ ᠪᠠᠷ ᠨᠡᠩ ᠶᠡᠭᠡ ᠬᠦᠴᠦ ᠣᠷᠣᠭᠤᠯᠵᠤ᠂ ᠪᠦᠬᠦ ᠬᠤᠳᠠ ᠶᠢᠨ ᠠᠵᠤ ᠠᠬᠤᠢ ᠶᠢᠨ ᠰᠡᠷᠭᠦᠨ | ᠰᠠᠶᠢᠵᠢᠷᠠᠬᠤ ᠪᠠᠶᠢᠳᠠᠯ ᠢ ᠪᠠᠬᠢᠵᠢᠭᠦᠯᠬᠦ ᠳᠤ ᠢᠯᠡᠭᠦᠬᠡᠨ ᠬᠤᠪᠢ ᠨᠡᠮᠡᠷᠢ ᠦᠵᠡᠭᠦᠯᠬᠦ ᠬᠡᠷᠡᠭᠲᠡᠢ᠃ ᠰᠠᠶᠢᠨ ᠲᠠᠢ | ᠲᠠᠯ᠎ᠠ ᠪᠠᠨ ᠪᠠᠳᠠᠷᠠᠭᠤᠯᠤᠨ ᠰᠠᠭᠠᠷᠠᠤ ᠲᠠᠯ᠎ᠠ ᠪᠠᠨ ᠲᠡᠪᠴᠢᠵᠦ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ | ᠡᠭᠦᠳᠬᠦ ᠲᠤᠯᠭᠠᠭᠤᠷᠢᠯᠠᠯ ᠢᠶᠠᠨ ᠴᠢᠩᠭᠠᠳᠬᠠᠨ᠂ ᠲᠡᠷᠢᠭᠦᠨ ᠤ ᠦᠢᠯᠡᠳᠬᠦ ᠦᠢᠯᠡᠰ ᠢ ᠶᠡᠭᠡ ᠪᠠᠷ ᠬᠥᠭᠵᠢᠭᠦᠯᠵᠦ᠂ | ᠪᠠᠶᠢᠯᠳᠤᠬᠤ ᠪᠤᠳᠤᠯᠭ᠎ᠠ ᠶᠢᠨ ᠴᠢᠨᠠᠷᠲᠠᠢ ᠰᠢᠨ᠎ᠡ ᠪᠠᠷ ᠮᠠᠨᠳᠤᠭᠰᠠᠨ ᠠᠵᠤ ᠦᠢᠯᠡᠰ ᠤᠨ ᠡᠵᠡᠯᠡᠬᠦ ᠬᠠᠷᠢᠴᠠᠯ ᠢ | ᠳᠡᠭᠡᠭᠰᠢᠯᠡᠭᠦᠯᠵᠦ᠂ ︽ᠬᠥᠮᠦᠨ ᠳᠤ ᠦᠭᠡᠢ ᠪᠤᠯᠪᠠᠴᠣ ᠪᠢᠳᠡᠨ ᠳᠤ ᠪᠠᠶᠢᠨ᠎ᠠ᠂ ᠬᠥᠮᠦᠨ ᠳᠤ ᠪᠠᠶᠢᠪᠠᠯ ᠪᠢᠳᠡ ᠨᠡᠩ | ᠰᠢᠯᠢᠳᠡᠭ ᠪᠠᠶᠢᠬᠤ︾ ᠥᠷᠢᠰᠥᠯᠳᠦᠭᠡᠨ ᠤ ᠳᠠᠪᠠᠭᠤᠯᠢᠭ ᠢ ᠡᠭᠦᠳᠬᠦ ᠬᠡᠷᠡᠭᠲᠡᠢ᠃ ᠭᠤᠣᠯ ᠬᠤᠳᠠ ᠶᠢᠨ ᠲᠣᠭᠤᠷᠢᠭ ᠤᠨ | ᠬᠤᠳᠠ ᠶᠢᠨ ᠴᠢᠳᠠᠪᠬᠢ ᠪᠠᠨ ᠴᠢᠨᠠᠭᠰᠢᠳᠠ ᠲᠡᠭᠦᠯᠳᠡᠷᠵᠢᠭᠦᠯᠵᠦ᠂ ᠠᠮᠢ ᠠᠬᠤᠢ ᠣᠷᠴᠢᠨ ᠲᠣᠭᠤᠷᠢᠨ ᠢ ᠶᠡᠷᠦᠩᠬᠡᠶᠢᠯᠡᠨ | ᠵᠠᠰᠠᠬᠤ ᠶᠢ ᠰᠠᠶᠢᠲᠤᠷ ᠠᠳᠬᠤᠵᠤ᠂ ᠨᠢᠭᠡ ᠮᠦᠴᠡᠲᠤ ᠨᠡᠶᠢᠭᠡᠮ ᠲᠣᠭᠤᠷᠢᠭ ᠤᠨ ᠠᠮᠢᠳᠤᠷᠠᠯ ᠤᠨ ᠬᠦᠷᠢᠶ᠎ᠡ ᠶᠢᠨ | ᠪᠦᠳᠦᠭᠡᠨ ᠪᠠᠶᠢᠭᠤᠯᠤᠯᠲᠠ ᠶᠢᠨ ᠶᠠᠰᠤ ᠴᠢᠨᠠᠷ ᠢᠶᠠᠨ ᠳᠡᠭᠡᠭᠰᠢᠯᠡᠭᠦᠯᠵᠦ᠂ ᠰᠤᠷᠭᠠᠨ ᠬᠥᠮᠦᠵᠢᠯ᠂ ᠡᠮᠴᠢᠯᠡᠭᠡ᠂ | ᠨᠠᠰᠤᠵᠢᠯ ᠤᠨ ᠠᠰᠠᠷᠠᠮᠵᠢ ᠵᠡᠷᠭᠡ ᠤᠯᠠᠨ ᠨᠡᠶᠢᠲᠡ ᠶᠢᠨ ᠦᠢᠯᠡᠴᠢᠯᠡᠭᠡᠨ ᠤ ᠲᠡᠩᠴᠡᠭᠦᠷᠢᠲᠡᠢ ᠴᠢᠨᠠᠷ ᠰᠠᠶᠢᠲᠠᠢ | ᠬᠥᠭᠵᠢᠯᠲᠡ ᠶᠢ ᠠᠬᠢᠭᠤᠯᠵᠤ᠂ ᠤᠯᠠᠨ ᠲᠦᠮᠡᠨ ᠤ ᠬᠡᠷᠡᠭᠴᠡᠭᠡ ᠱᠠᠭᠠᠷᠳᠠᠯᠭ᠎ᠠ ᠶᠢ ᠨᠡᠩ ᠰᠠᠶᠢᠲᠤᠷ ᠬᠠᠩᠭᠠᠬᠤ ᠬᠡᠷᠡᠭᠲᠡᠢ᠃ | ᠬᠥᠭᠵᠢᠯᠲᠡ ᠪᠠ ᠠᠮᠤᠷ ᠲᠦᠪᠰᠢᠨ ᠢ ᠨᠢᠭᠡᠳᠦᠯᠲᠡᠢ ᠲᠥᠯᠥᠪᠵᠢᠭᠦᠯᠵᠦ᠂ ᠨᠡᠶᠢᠭᠡᠮ ᠤᠨ ᠶᠡᠭᠡ ᠲᠠᠯ᠎ᠠ ᠶᠢᠨ ᠡᠶ᠎ᠡ | ᠵᠣᠬᠢᠴᠠᠩᠭᠤᠢ ᠲᠣᠭᠲᠠᠭᠤᠨ ᠢ ᠪᠠᠲᠤᠯᠠᠬᠤ ᠬᠡᠷᠡᠭᠲᠡᠢ ᠭᠡᠵᠡᠢ᠃ | |